ᠮᠤᠩᠭᠤᠯᠴᠤᠳ ︽ᠱᠠᠭᠠᠵᠠᠭᠠᠢ ᠱᠠᠬᠰᠢᠪᠠᠯ ᠰᠠᠶᠢᠨ ᠴᠢᠮᠡᠭᠡ ᠰᠤᠨᠤᠰᠤᠨ᠎ᠠ︕︾ ᠬᠡᠵᠦ᠂ ᠮᠤᠷᠢᠨ ᠪᠤᠯᠠᠭᠠᠨ | ᠲᠡᠬᠡᠷ᠎ᠠ ᠱᠠᠭᠠᠵᠠᠭᠠᠢ ᠰᠠᠭᠤᠵᠤ ᠱᠠᠬᠰᠢᠬᠤ ᠪᠤᠶᠤ ᠦᠳᠡ ᠶᠢᠨ ᠦᠶ᠎ᠡ ᠳᠤ ᠱᠠᠬᠰᠢᠪᠠᠯ ︽ᠠᠯᠤᠰ ᠠᠴᠠ ᠵᠤᠴᠢᠨ | ᠢᠷᠡᠨ᠎ᠡ︕︾ ᠬᠡᠳᠡᠭ᠃ ᠱᠠᠭᠠᠵᠠᠭᠠᠢ ᠶᠢᠨ ᠰᠡᠬᠦᠯ ᠬᠠᠮᠢᠭᠠᠰᠢ ᠪᠠᠨ ᠬᠠᠨᠳᠤᠵᠤ ᠪᠠᠶᠢᠪᠠᠯ ᠲᠡᠷᠡ ᠵᠦᠭ ᠠᠴᠠ ᠵᠤᠴᠢᠨ | ᠢᠷᠡᠨ᠎ᠡ᠂ ᠱᠠᠭᠠᠵᠠᠭᠠᠢ ᠶᠢᠨ ᠲᠤᠯᠤᠭᠠᠢ ᠬᠡᠷ ᠵᠦᠭ ᠬᠠᠨᠳᠤᠵᠤ ᠪᠠᠶᠢᠬᠤ ᠶᠢ ᠭᠠᠳᠠᠬᠰᠢ ᠶᠠᠪᠤᠬᠰᠠᠨ ᠬᠦᠮᠦᠨ ᠬᠠᠷᠢᠵᠦ | ᠢᠷᠡᠬᠦ ᠶᠢᠨ ᠪᠡᠯᠬᠡᠳᠡᠯ ᠬᠡᠳᠡᠭ᠃ ᠤᠢᠢᠷᠠᠳᠴᠤᠳ ᠨᠠᠷᠠ ᠭᠠᠷᠬᠤ ᠶᠢᠨ ᠡᠮᠦᠨ᠎ᠡ ᠱᠠᠭᠠᠵᠠᠭᠠᠢ ᠱᠠᠬᠰᠢᠪᠠᠯ | ︽ᠤᠯᠠᠭ᠎ᠠ ᠭᠠᠷᠤᠨ᠎ᠠ︕︾᠂ ᠦᠳᠡ ᠶᠢᠨ ᠦᠶ᠎ᠡ ᠳᠤ ᠱᠠᠬᠰᠢᠪᠠᠯ ︽ᠬᠡᠶᠢᠴᠢᠨ ᠢᠷᠡᠨ᠎ᠡ︕ ᠰᠦᠨᠢ ᠱᠠᠬᠰᠢᠪᠠᠯ | ︽ᠡᠪᠡᠳᠴᠢᠨ ᠵᠤᠪᠠᠯᠠᠩ ᠤᠷᠢᠶᠠᠨ᠎ᠠ︕︾ ᠬᠡᠳᠡᠭ᠃ ᠲᠡᠷᠡ ᠮᠦᠷᠳᠡᠬᠡᠨ ᠪᠠᠶᠢᠭᠠᠯᠢ ᠴᠠᠭ ᠠᠭᠤᠷ ᠲᠠᠢ | ᠬᠤᠯᠪᠤᠬᠳᠠᠭᠤᠯᠤᠨ ᠱᠠᠭᠠᠵᠠᠭᠠᠢ ᠶᠢᠨ ᠦᠢᠯᠡ ᠬᠦᠳᠡᠯᠬᠡᠬᠡᠨ ᠢ ᠨᠠᠷᠢᠨ ᠠᠵᠢᠬᠯᠠᠨ ᠰᠢᠨᠵᠢᠯᠡᠭᠰᠡᠨ ᠪᠠᠶᠢᠳᠠᠭ᠃ | ᠲᠤᠬᠠᠢᠢᠯᠠᠪᠠᠯ ︽ᠵᠤᠨ ᠤ ᠤᠯᠠᠷᠢᠯ ᠳᠤ ᠱᠠᠭᠠᠵᠠᠭᠠᠢ ᠤᠯᠠᠨ ᠱᠠᠬᠰᠢᠪᠠᠯ ᠬᠤᠷ᠎ᠠ ᠪᠤᠷᠤᠭᠠᠨ ᠡᠯᠪᠡᠭᠰᠢᠨ᠎ᠡ᠃ | ᠡᠪᠤᠯ ᠡᠬᠦᠷ ᠵᠦᠭ ᠢᠶᠠᠨ ᠴᠦᠪᠦᠳᠡᠯ ᠤᠯᠠᠨ ᠵᠦᠬᠡᠬᠡᠪᠡᠯ ᠲᠡᠭᠷᠢ ᠬᠦᠢᠳᠡᠷᠡᠨ᠎ᠡ᠂ ᠬᠠᠪᠤᠷ ᠡᠬᠦᠷ ᠢᠶᠠᠨ ᠲᠡᠬᠡᠭᠰᠢ | ᠬᠠᠨᠳᠤᠭᠤᠯᠵᠤ ᠪᠠᠷᠢᠵᠦ ᠪᠠᠶᠢᠪᠠᠯ ᠭᠠᠩ ᠵᠢᠯ ᠪᠤᠯᠤᠨ᠎ᠠ᠂ ᠬᠠᠵᠠᠭᠤ ᠲᠡᠰᠢ ᠪᠠᠨ ᠬᠠᠨᠳᠤᠭᠤᠯᠤᠨ ᠪᠠᠷᠢᠵᠤ ᠪᠠᠶᠢᠪᠠᠯ | ᠪᠤᠷᠤᠭᠠᠨ ᠡᠯᠪᠡᠭ ᠵᠢᠯ ᠪᠤᠯᠤᠨ᠎ᠠ︕︾ ᠬᠡᠬᠦ ᠪᠤᠶᠤ ᠱᠠᠭᠠᠵᠠᠭᠠᠢ ︽ᠮᠦᠰᠦᠨ ᠲᠡᠬᠡᠷ᠎ᠡ ᠰᠠᠭᠤᠪᠠᠯ ᠲᠤᠯᠠᠭᠠᠨ ᠡᠪᠤᠯ | ᠪᠤᠯᠤᠨ᠎ᠠ︕︾᠂ ︽ᠦᠷᠯᠦᠬᠡ ᠡᠷᠳᠡ ᠮᠤᠳᠤᠨ ᠲᠡᠬᠡᠷ᠎ᠡ ᠰᠠᠭᠤᠵᠤ ᠱᠠᠬᠰᠢᠪᠠᠯ ᠪᠤᠷᠤᠭᠠᠨ ᠤᠷᠤᠨ᠎ᠠ︕︾ ᠬᠡᠳᠡᠭ᠃ | ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠬᠢᠨ ᠱᠠᠭᠠᠵᠠᠭᠠᠢ ᠦᠳᠡ ᠶᠢᠨ ᠡᠮᠦᠨ᠎ᠡ ᠱᠠᠬᠰᠢᠪᠠᠯ ᠰᠠᠶᠢᠨ | ᠴᠢᠮᠡᠭᠡ ᠰᠤᠨᠤᠰᠤᠨ᠎ᠠ᠂ ᠦᠳᠡ ᠶᠢᠨ ᠬᠤᠶᠢᠨ᠎ᠠ ᠱᠠᠬᠱᠢᠪᠠᠯ ︽ᠮᠠᠭᠤ ᠴᠢᠮᠡᠭᠡ ᠰᠤᠨᠤᠰᠤᠨ᠎ᠠ︕︾ ᠬᠡᠵᠦ | ᠦᠵᠡᠳᠡᠭ ᠠᠴᠠ ᠱᠠᠭᠠᠵᠠᠭᠠᠢ ᠱᠠᠬᠰᠢᠬᠤ ᠶᠢ ᠰᠤᠨᠤᠰᠤᠬᠰᠠᠭᠠᠷ ︽ᠰᠠᠶᠢᠨ ᠠᠮᠠ᠂ ᠰᠠᠶᠢᠨ ᠠᠮᠠ︕︾ ᠬᠡᠵᠦ | ᠰᠢᠪᠰᠢᠳᠡᠭ᠃ ᠰᠢᠯᠢ ᠶᠢᠨ ᠭᠤᠤᠯ ᠠᠶᠢᠮᠠᠭ ᠲᠤ ︽ᠰᠠᠶᠢᠨ ᠬᠡᠯᠡ᠂ ᠰᠠᠶᠢᠨ ᠬᠡᠯᠡ᠂ ᠰᠠᠭᠠᠷᠢᠨ ᠭᠤᠳᠤᠯ ᠤᠶᠤᠵᠤ | ᠦᠭᠬᠦᠶ᠎ᠡ᠂ ᠪᠤᠵᠠᠭᠠᠢ ᠬᠡᠯᠡ᠂ ᠪᠤᠯᠢᠭᠠᠷᠢᠨ ᠭᠤᠳᠤᠯ ᠤᠶᠤᠵᠦ ᠦᠭᠬᠦᠶ᠎ᠠ︕︾ ᠬᠡᠵᠦ ᠰᠠᠶᠢᠨ ᠴᠢᠮᠡᠭᠡ ᠬᠦᠷᠬᠡᠵᠦ | ᠢᠷᠡᠬᠦ ᠶᠢ ᠬᠦᠰᠡᠮᠵᠢᠯᠡᠨ ︽ᠭᠤᠳᠤᠯ ᠤᠶᠤᠵᠤ ᠦᠭᠬᠦᠶ᠎ᠠ︕︾ ᠬᠡᠵᠦ ᠠᠮᠠᠯᠳᠤᠨ ᠰᠢᠪᠰᠢᠳᠡᠭ᠃ | ᠮᠤᠩᠭᠤᠯᠴᠤᠳ ︽ᠱᠠᠭᠠᠵᠠᠭᠠᠢ ᠠᠯᠠᠪᠠᠯ ᠠᠩ ᠲᠤᠳᠠᠭᠠᠨᠠ︕︾ ᠬᠡᠬᠦ ᠪᠤᠶᠤ ︽ᠬᠡᠶᠢᠮᠦᠷᠢ ᠬᠡᠪᠳᠡᠨ᠎ᠡ︕︾ | ᠬᠡᠵᠦ ᠦᠵᠡᠳᠡᠭ ᠠᠴᠠ ᠱᠠᠭᠠᠵᠠᠭᠠᠢ ᠶᠢ ᠬᠠᠷᠪᠤᠵᠤ ᠨᠠᠮᠨᠠᠬᠤ ᠶᠢ ᠴᠡᠬᠡᠷᠯᠡᠳᠡᠭ᠃ |