| ᠬᠠᠪᠤᠳᠤ ᠬᠠᠰᠠᠷ | ᠬᠠᠪᠤᠳᠤ ᠬᠠᠰᠠᠷ ᠪᠣᠯ ᠨᠡᠶᠢᠳᠡ ᠶᠢᠨ ᠣᠨ ᠲᠣᠭᠠᠯᠠᠯ ᠤᠨ ᠠᠷᠪᠠᠨ ᠬᠤᠶᠠᠳᠤᠭᠠᠷ ᠵᠠᠭᠤᠨ ᠤ | ᠰᠡᠬᠦᠯᠴᠢ ᠠᠴᠠ ᠠᠷᠪᠠᠨ ᠭᠤᠷᠪᠠᠳᠤᠭᠠᠷ ᠵᠠᠭᠤᠨ ᠤ ᠡᠬᠢᠨ ᠤ ᠦᠶ᠎ᠡ ᠶᠢᠨ ᠮᠤᠩᠭᠤᠯ ᠤᠨ ᠡᠷᠳᠡᠨ ᠤ ᠲᠡᠤᠭᠡᠨ | ᠲᠡᠭᠡᠷᠡᠬᠢ ᠨᠢᠭᠡᠨ ᠠᠯᠳᠠᠷ ᠴᠤᠤᠳᠡᠢ ᠰᠢᠯᠭᠠᠷᠠᠭᠰᠠᠨ ᠪᠠᠭᠠᠳᠤᠷ ᠪᠤᠯᠤᠨ᠎ᠠ᠃ ᠲᠡᠷᠡ ᠮᠤᠩᠭᠤᠯ ᠤᠨ ᠲᠡᠤᠭᠡᠨ ᠳᠠᠬᠢ《 | ᠶᠡᠷᠦ ᠪᠣᠰᠣ》 ᠶᠢᠨ ᠠᠪᠢᠶᠠᠰ ᠴᠢᠳᠠᠪᠤᠷᠢᠳᠡᠢ ᠡᠷᠡᠯᠭᠡᠭ ᠪᠠᠭᠠᠳᠤᠷ ᠬᠦᠮᠦᠨᠪᠣᠯᠬᠤ ᠶᠢᠨ ᠬᠤᠪᠢ ᠠᠴᠠ ᠠᠬ᠎ᠠ | ᠴᠢᠩᠭᠢᠰ ᠬᠠᠭᠠᠨ ᠢ ᠳᠡᠳᠭᠦᠨ ᠂ ᠮᠤᠩᠭᠤᠯ ᠤᠨ ᠲᠡᠤᠭᠡ ᠵᠢᠴᠢ ᠪᠦᠬᠦᠶᠢᠯᠡ ᠬᠦᠮᠦᠨ ᠲᠦᠷᠦᠯᠬᠢᠳᠡᠨ ᠤ | ᠲᠡᠤᠬᠡᠨ ᠳᠠᠬᠢ《 ᠶᠡᠷᠦ ᠪᠤᠰᠤ》 ᠶᠢᠨ ᠦᠢᠯᠡᠰ ᠢ ᠪᠤᠰᠬᠠᠪᠠ᠃ ᠬᠠᠰᠠᠷ ᠢ ᠪᠠᠰᠠ ᠵᠦᠴᠢ ᠬᠠᠰᠠᠷ᠂ ᠬᠠᠪᠤᠳᠤ | ᠬᠠᠰᠠᠷ᠂ ᠲᠠᠶᠢᠯ ᠪᠣᠭᠳᠠ ᠭᠡᠳᠡᠭ᠃ ᠮᠤᠩᠭᠤᠯ ᠦᠨᠳᠦᠰᠦᠳᠡᠨ ᠤ ᠲᠡᠤᠭᠡᠨ ᠳᠤ ᠳᠤᠷᠠᠰᠬᠠᠭᠤᠰᠢᠳᠡᠢ ᠠᠭᠤᠤ ᠶᠡᠭᠡ | ᠤᠯᠤᠰ ᠲᠦᠷᠦᠴᠢᠨ ᠪᠦᠭᠡᠳ ᠴᠡᠷᠢᠭ ᠤᠨ ᠡᠷᠳᠡᠮᠳᠡᠨ ᠪᠤᠯᠤᠨ᠎ᠠ᠃ | ᠬᠠᠪᠤᠳᠤ ᠬᠠᠰᠠᠷ ᠲᠠᠢ ᠲᠠᠨᠢᠯᠴᠠᠬᠤᠢ | ᠬᠠᠪᠤᠳᠤ ᠬᠠᠰᠠᠷ ᠪᠣᠯ ᠴᠢᠩᠭᠢᠰ ᠬᠠᠭᠠᠨ ᠤ ᠳᠡᠭᠦᠦ᠂ ᠶᠢᠰᠦᠭᠡᠢ ᠪᠠᠭᠠᠳᠤᠷ ᠤᠨᠬᠦ᠋ᠤ᠂1164 ᠣᠨ ᠳᠤ | ᠲᠦᠷᠦᠵᠡᠢ᠃ ᠬᠠᠪᠤᠳᠤ ᠬᠠᠰᠠᠷ ᠪᠠᠭ᠎ᠠ ᠠᠴᠠ ᠪᠠᠨ ᠶᠡᠭᠡ ᠦᠢᠯᠡ ᠲᠠᠮᠤ ᠠᠮᠰᠠᠵᠤ᠂ ᠭᠠᠰᠢᠭᠤᠨ ᠵᠣᠪᠠᠯᠠᠩ ᠲᠠᠢ | ᠡᠶᠢᠮᠦ ᠣᠷᠴᠢᠨ ᠳᠤ ᠦᠰᠴᠦ ᠪᠣᠶᠢᠵᠢᠭᠰᠠᠨ ᠪᠠᠶᠢᠨ᠎ᠠ᠃ ᠶᠢᠰᠦᠭᠡᠢ ᠪᠠᠭᠠᠳᠤᠷ ᠨᠠᠰᠤ ᠪᠣᠯᠬᠤ ᠳᠤ ᠲᠤᠯᠤᠭᠠᠨ ᠨᠠᠰᠤ | ᠲᠠᠢ ᠪᠠᠶᠢᠭᠰᠠᠨ ᠃ ᠲᠡᠭᠡᠭᠡᠳ ᠲᠠᠶᠢᠴᠢᠭᠤᠳ ᠠᠶᠢᠮᠠᠭ ᠴᠢᠩᠭᠢᠰ ᠬᠠᠭᠠᠨ ᠠᠬ᠎ᠠ ᠲᠡᠬᠦᠦ ᠬᠡᠳᠦᠭᠦᠯᠡ ᠶᠢ ᠨᠤᠲᠤᠭ | ᠲᠡᠭᠡᠷ᠎ᠡ ᠨᠢ ᠬᠠᠶᠠᠭᠠᠳ ᠶᠠᠪᠤᠭᠰᠠᠨ ᠬᠤᠶᠢᠨ᠎ᠠ ᠵᠢᠭᠠᠰᠤ ᠪᠠᠷᠢᠵᠦ᠂ ᠠᠩ ᠬᠦᠷᠦᠭᠡ ᠬᠢᠵᠦ ᠤᠨᠳᠤᠷᠴᠤ ᠪᠠᠶᠢᠭᠰᠠᠨ᠃ | ᠶᠡᠭᠡ ᠬᠠᠲᠠᠭᠤᠵᠢᠯᠳᠡᠢ ᠪᠡᠷᠬᠡᠰᠢᠶᠡᠯᠳᠦ ᠡᠳᠦᠷ ᠰᠠᠷ᠎ᠠ ᠨᠤᠭᠤᠳ ᠲᠤ ᠬᠠᠪᠤᠳᠤ ᠬᠠᠰᠠᠷ ᠠᠬ᠎ᠠ ᠴᠢᠩᠭᠢᠰ ᠠᠴᠠ ᠪᠠᠨ | ᠶᠡᠷᠦ ᠰᠠᠯᠤᠭᠰᠠᠨ ᠦᠭᠡᠢ᠂ ᠲᠡᠶᠢᠮᠦ ᠳᠡᠭᠡᠨ ᠮᠤᠩᠭᠤᠯ ᠤᠨ ᠠᠶᠢᠮᠠᠭ ᠢ ᠨᠢᠭᠡᠳᠭᠡᠬᠦ ᠪᠣᠯᠣᠨ ᠮᠤᠩᠭᠤᠯ ᠤᠨ ᠡᠵᠡᠨᠳᠦ | ᠤᠯᠤᠰ ᠢ ᠪᠠᠶᠢᠭᠤᠯᠬᠤ ᠳᠤ ᠬᠠᠪᠤᠳᠤ ᠬᠠᠰᠠᠷ ᠶᠡᠭᠡ ᠬᠦᠴᠦ ᠪᠠᠨ ᠡᠷᠭᠦᠵᠦ᠂ ᠠᠬ᠎ᠠ ᠴᠢᠩᠭᠢᠰ ᠲᠡᠭᠡᠨ ᠨᠢᠭᠡ ᠮᠦᠷᠦ | ᠶᠢᠨ ᠬᠦᠴᠦ ᠤᠯᠭᠤᠭᠰᠠᠨ ᠪᠠᠶᠢᠨ᠎ᠠ᠃ ᠲᠡᠶᠢᠮᠦ ᠳᠡᠭᠡᠨ ᠴᠢᠩᠭᠢᠰ ᠬᠠᠭᠠᠨ《 ᠬᠠᠰᠠᠷ ᠤᠨ ᠬᠠᠪᠤ᠂ ᠪᠡᠯᠭᠦᠳᠡᠢ ᠶᠢᠨ | ᠬᠦᠴᠦ ᠪᠠᠶᠢᠭᠰᠠᠨ ᠦᠭᠡᠢ ᠪᠣᠯ ᠪᠢ ᠲᠦᠷᠦ ᠤᠯᠤᠰ ᠢ ᠶᠠᠭᠠᠬᠢᠵᠤ ᠪᠦᠳᠦᠭᠡᠵᠦ ᠴᠢᠳᠠᠬᠤ ᠪᠤᠢ》 ᠬᠡᠵᠦ ᠬᠡᠯᠡᠳᠡᠭ | ᠪᠠᠶᠢᠨ᠎ᠠ᠃ | ᠬᠠᠮᠤᠭ ᠲᠡᠷᠢᠭᠦᠨ ᠳᠤ ᠲᠠᠶᠢᠴᠢᠭᠤᠳ ᠬᠠᠶᠠᠭᠠᠳ ᠶᠠᠪᠤᠬᠤ ᠳᠤ ᠲᠠᠶᠢᠴᠢᠭᠤᠳ ᠲᠠᠢ ᠲᠤᠯᠤᠯᠳᠤᠭᠠᠨ ᠬᠢᠬᠦ | ᠂ ᠮᠡᠷᠭᠡᠳ ᠴᠢᠩᠭᠢᠰ ᠤᠨ ᠡᠭᠡᠨᠡᠷ ᠢ ᠪᠤᠯᠢᠶᠠᠭᠠᠳ ᠶᠠᠪᠤᠬᠤ ᠳᠤ ᠲᠤᠯᠤᠯᠳᠤᠭᠠᠨ ᠬᠢᠭᠰᠡᠨ᠂ ᠮᠡᠷᠭᠡᠳ ᠢ ᠴᠣᠬᠢᠬᠤ | ᠳᠠᠶᠢᠨ᠂ ᠭᠡᠷᠡᠶᠢᠳ ᠲᠠᠢ ᠬᠢᠭᠰᠡᠨ ᠳᠠᠶᠢᠨ᠂ ᠨᠠᠢᠮᠡᠨ ᠲᠠᠢ ᠬᠢᠭᠰᠡᠨ ᠳᠠᠶᠢᠨ᠂ ᠡᠨᠡ ᠤᠯᠠᠨ ᠳᠠᠶᠢᠨ ᠳᠤ ᠬᠠᠰᠠᠷ | ᠤᠰᠤᠯᠳᠤᠯ ᠦᠭᠡᠢ ᠤᠷᠤᠵᠤ ᠶᠠᠪᠤᠭᠰᠠᠨ᠂ ᠡᠭᠦᠨ ᠠᠴᠠ ᠭᠠᠳᠠᠨ᠎ᠠ ᠬᠠᠰᠠᠷ ᠪᠠᠰᠠ ᠴᠢᠩᠭᠢᠰ ᠬᠠᠭᠠᠨ ᠳᠤ ᠶᠡᠭᠡ | ᠤᠯᠠᠨ ᠰᠠᠨᠠᠯ ᠲᠡᠪᠰᠢᠬᠦᠯᠵᠦ ᠴᠢᠩᠭᠢᠰ ᠬᠠᠭᠠᠨ ᠬᠦᠯᠢᠶᠡᠵᠦ ᠠᠪᠤᠭᠰᠠᠨ ᠪᠠᠶᠢᠨ᠎ᠠ᠃ ᠵᠢᠱᠢᠶᠡᠯᠡᠪᠠᠯ᠄ ᠨᠠᠢᠮᠡᠨ ᠢ | ᠴᠣᠬᠢᠬᠤ ᠳᠤ ᠣᠯᠠᠩᠬᠢ ᠬᠦᠮᠦᠨ ᠪᠣᠯ ᠴᠠᠭ ᠬᠤᠭᠤᠴᠠᠭᠠᠨ ᠤ ᠲᠠᠯ᠎ᠠ ᠲᠡᠭᠡᠷ᠎ᠡ ᠵᠦᠷᠢᠴᠡᠯ ᠲᠠᠢ᠂ ᠮᠣᠷᠢ ᠲᠠᠷᠭᠤᠯᠠᠭᠠ | ᠦᠭᠡᠢ᠂ ᠡᠪᠤᠯ ᠬᠠᠪᠤᠷ ᠢ ᠦᠩᠭᠡᠷᠡᠭᠡᠵᠦ ᠪᠠᠶᠢᠭᠠᠳ ᠮᠣᠷᠢ ᠴᠢᠳᠠᠯ ᠬᠦᠴᠦ ᠲᠠᠢ ᠪᠣᠯᠣᠭᠰᠠᠨ ᠬᠤᠶᠢᠨ᠎ᠠ ᠴᠣᠬᠢᠶ᠎ᠠ | ᠬᠡᠵᠡᠭᠡᠬᠦ ᠳᠤ ᠬᠠᠰᠠᠷ ᠪᠣᠯ ᠨᠠᠢᠮᠡᠨ ᠤ ᠪᠠᠶᠢᠳᠠᠯ ᠢ ᠮᠡᠳᠡᠭᠡᠳ᠂ ᠢᠩᠭᠢᠵᠦ ᠪᠣᠯᠬᠤ ᠦᠭᠡᠢ ᠣᠳᠣ ᠳᠠᠷᠤᠢ ᠱᠠᠯᠠᠪᠳᠠᠵᠤ | ᠴᠣᠬᠢᠪᠠᠯ ᠪᠣᠯᠣᠨ᠎ᠠ ᠭᠡᠵᠡᠢ᠃ ᠢᠩᠭᠢᠭᠡᠳ ᠴᠢᠩᠭᠢᠰ ᠬᠠᠭᠠᠨ ᠨᠠᠢᠮᠡᠨ ᠢ ᠬᠠᠪᠤᠳᠤ ᠬᠠᠰᠠᠷ ᠤᠨ ᠰᠠᠨᠠᠯ ᠢᠶᠠᠷ ᠴᠣᠬᠢᠵᠣ | ᠢᠯᠠᠯᠳᠠ ᠣᠯᠣᠭᠰᠠᠨ ᠪᠠᠶᠢᠨ᠎ᠠ᠃ | ᠬᠠᠪᠤᠳᠤ ᠬᠠᠰᠠᠷ ᠴᠡᠷᠢᠭ ᠳᠠᠶᠢᠨ ᠤ ᠲᠠᠯ᠎ᠠ ᠪᠠᠷ ᠡᠷᠡᠯᠭᠡᠭ ᠪᠠᠭᠠᠳᠤᠷᠯᠢᠭ ᠠᠴᠠ ᠭᠠᠳᠠᠨ᠎ᠠ ᠦᠪᠡᠷ ᠢᠶᠠᠨ | ᠪᠣᠯ ᠶᠡᠭᠡ ᠠᠷᠭ᠎ᠠ ᠤᠬᠠᠭᠠᠨ ᠲᠠᠢ ᠬᠦᠮᠦᠨ᠂ ᠲᠡᠶᠢᠮᠦ ᠠᠴᠠ ᠮᠤᠩᠭᠤᠯ ᠤᠨ ᠲᠡᠤᠭᠡᠨ ᠳᠤ ᠠᠭᠤᠤ ᠶᠡᠭᠡ ᠤᠯᠤᠰ | ᠲᠦᠷᠦᠴᠢᠨ ᠪᠦᠭᠡᠳ ᠪᠠᠰᠠ ᠴᠡᠷᠢᠭ ᠳᠠᠶᠢᠨ ᠤ ᠡᠷᠳᠡᠮᠳᠡᠨ ᠭᠡᠵᠦ ᠦᠨᠡᠯᠡᠭᠳᠡᠭᠰᠡᠨ ᠪᠠᠶᠢᠨ᠎ᠠ᠃ ᠡᠨᠡ ᠨᠢ ᠬᠠᠪᠤᠳᠤ | ᠬᠠᠰᠠᠷ ᠤᠨ ᠦᠢᠯᠡ ᠠᠵᠢᠯᠯᠠᠭ᠎ᠠ ᠲᠡᠭᠡᠷ᠎ᠡ ᠢᠯᠡᠷᠡᠵᠦ ᠪᠠᠶᠢᠨ᠎ᠠ᠃ | 1189 ᠣᠨ ᠳᠤ ᠪᠦᠬᠦ ᠮᠤᠩᠭᠤᠯ ᠢ ᠨᠢᠭᠡᠳᠭᠡᠬᠦ ᠳᠠᠶᠢᠨ ᠤ ᠲᠤᠯᠤᠯᠳᠤᠭᠠᠨ ᠳᠤ ᠬᠠᠪᠤᠳᠤ ᠬᠠᠰᠠᠷ | ᠡᠷᠡᠯᠭᠡᠯᠡᠵᠦ ᠶᠠᠪᠤᠭᠰᠠᠨ᠃ ᠲᠡᠭᠡᠭᠡᠳ ᠬᠠᠰᠠᠷ ᠢ ᠢᠯᠳᠤᠴᠢ ᠡᠷᠭᠦᠮᠵᠢᠯᠡᠭᠰᠡᠨ ᠪᠦᠭᠡᠳ ᠲᠡᠭᠦᠨ ᠤ ᠵᠠᠬᠢᠷᠭᠠᠨ ᠳᠤ | ᠢᠯᠳᠦ ᠠᠭᠰᠠᠵᠤ ᠶᠠᠪᠤᠬᠤ ᠪᠠᠷ ᠬᠤᠪᠢᠯᠠᠢ᠂ ᠴᠢᠯᠠᠭᠤᠳᠠᠢ᠂ ᠬᠠᠷᠠᠬᠠᠢ ᠲᠤᠬᠤᠷᠠᠭᠤᠨ ᠭᠤᠷᠪᠠ ᠶᠢ ᠲᠤᠮᠢᠯᠠᠵᠤ᠄《 | ᠬᠦᠴᠦ ᠲᠦᠷᠢᠮᠡᠭᠡᠶᠢᠯᠡᠭᠴᠢᠳ ᠤᠨ ᠬᠦᠵᠦᠬᠦᠤ ᠶᠢ ᠬᠢᠩᠭᠠᠷᠳᠠᠵᠤ᠂ ᠤᠮᠤᠭ ᠶᠡᠭᠡᠳᠡᠨ ᠤ ᠣᠮᠣᠷᠣᠣ ᠶᠢ ᠣᠭᠳᠤᠯᠵᠤ | ᠶᠠᠪᠤ》 ᠭᠡᠪᠡ᠃ | ᠬᠦᠴᠦᠷᠭᠡᠭ ᠭᠡᠷᠡᠶᠢᠳ ᠠᠶᠢᠮᠠᠭ ᠢ ᠮᠦᠬᠦᠭᠡᠬᠦ ᠳᠠᠶᠢᠯᠠᠯᠳᠤᠭᠠᠨ ᠳᠤ ᠪᠠᠭᠠᠳᠤᠷ ᠬᠠᠰᠠᠷ ᠴᠢᠬᠤᠯᠠ | ᠦᠢᠯᠡᠳᠦᠯ ᠦᠵᠡᠬᠦᠯᠵᠡᠢ᠃1203 ᠣᠨ ᠳᠤ ᠴᠢᠩᠭᠢᠰ ᠬᠠᠭᠠᠨ ᠸᠠᠩ ᠬᠠᠨ ᠲᠠᠢ ᠠᠮᠠᠷᠠᠭ ᠳᠡᠭᠡᠷ᠎ᠡ ᠠᠮᠠᠷᠠᠭ | ᠪᠣᠯᠣᠶ᠎ᠠ ᠭᠡᠵᠦ ᠵᠦᠴᠢ ᠳᠤ ᠸᠠᠩ ᠬᠠᠨ ᠤ ᠦᠬᠢᠨ ᠴᠠᠭᠤᠷᠪᠠᠬᠢ ᠶᠢ ᠭᠤᠶᠤᠵᠤ᠂ ᠰᠡᠩᠭᠦᠮ ᠤᠨ ᠬᠦᠤ ᠲᠤᠰᠬᠠ ᠳᠤ | ᠶᠡᠭᠡ ᠦᠬᠢᠨ ᠬᠤᠵᠢᠨ ᠪᠠᠬᠢ ᠪᠠᠨ ᠦᠭᠬᠦᠶ᠎ᠡ ᠭᠡᠮᠡᠨ ᠭᠤᠶᠤᠴᠢᠯᠠᠪᠠ᠃ ᠸᠠᠩ ᠬᠠᠨ᠂ ᠰᠡᠩᠭᠦᠮ ᠬᠤᠶᠠᠷ ᠡᠨᠡ | ᠭᠤᠶᠤᠳᠠᠯ ᠢ ᠬᠦᠯᠢᠶᠡᠨ ᠠᠪᠤᠭᠰᠠᠨ ᠦᠭᠡᠢ ᠮᠦᠷᠳᠡᠭᠡᠨ ᠳᠣᠷᠣᠮᠵᠢᠯᠠᠬᠤ ᠦᠭᠡ ᠬᠡᠯᠡᠭᠰᠡᠨ ᠳᠤ ᠴᠢᠩᠭᠢᠰ ᠬᠠᠭᠠᠨ | ᠮᠠᠰᠢ ᠳᠤᠷ᠎ᠠ ᠦᠭᠡᠶᠢᠴᠡᠵᠡᠢ᠃ ᠮᠦᠨ ᠡᠨᠡ ᠤᠴᠢᠷ ᠠᠴᠠ ᠪᠤᠯᠵᠤ ᠸᠠᠩ ᠬᠠᠨ ᠲᠠᠢ ᠮᠠᠤ ᠦᠨᠳᠦᠷ ᠲᠤ | ᠬᠤᠳᠬᠤᠯᠳᠤᠨ ᠪᠠᠶᠢᠯᠳᠤᠵᠠᠢ᠃ ᠡᠨᠡ ᠪᠣᠯ ᠲᠠᠷᠦᠢ ᠮᠤᠩᠭᠤᠯ ᠤᠨ ᠲᠡᠤᠭᠡᠨ ᠳᠤ ᠠᠯᠳᠠᠷᠰᠢᠭᠰᠠᠨ《 ᠮᠠᠤ | ᠦᠨᠳᠦᠷ ᠤᠨ ᠪᠠᠶᠢᠯᠳᠤᠭᠠᠨ》 ᠪᠤᠯᠤᠨ᠎ᠠ᠃ ᠬᠤᠶᠠᠷ ᠡᠳᠡᠭᠡᠳ ᠢᠶᠠᠷ ᠢᠶᠠᠨ ᠨᠠᠷᠠ ᠰᠢᠩᠭᠡᠳᠡᠯᠠ ᠪᠠᠶᠢᠯᠳᠤᠵᠤ᠂ ᠬᠡᠨ | ᠠᠯᠢᠨ ᠢᠶᠠᠨ ᠲᠡᠶᠢᠯᠵᠤ ᠴᠢᠳᠠᠭᠰᠠᠨ ᠦᠭᠡᠢ᠃ ᠴᠢᠩᠭᠢᠰ ᠬᠠᠭᠠᠨ ᠠᠷᠠᠳ ᠢᠷᠭᠡᠳ ᠪᠠ ᠠᠴᠢᠶ᠎ᠠ ᠬᠦᠰᠭᠡ ᠪᠠᠨ | ᠴᠦᠮ ᠪᠣᠯᠢᠶᠠᠭᠳᠠᠭᠰᠠᠨ ᠲᠤᠯᠠ ᠠᠷᠭ᠎ᠠ ᠪᠤᠰᠤ ᠠᠷᠪᠠᠨ ᠳᠣᠯᠣᠭᠠᠬᠠᠨ ᠨᠦᠬᠦᠳ ᠢᠶᠠᠨ ᠳᠠᠭᠠᠭᠤᠯᠵᠤ᠂ ᠪᠠᠯᠵᠤᠨ | ᠨᠠᠭᠤᠷ ᠤᠨ ᠬᠦᠪᠡᠭᠡᠨ ᠳᠤ ᠣᠴᠢᠵᠤ ᠪᠠᠭᠤᠳᠠᠯᠯᠠᠪᠠ᠃ ᠡᠨᠡ ᠳᠠᠶᠢᠨ ᠳᠤ ᠬᠠᠰᠠᠷ ᠲᠡᠶᠢᠯᠦᠭᠳᠡᠭᠡᠳ ᠡᠭᠡᠨᠡᠷ | ᠬᠡᠤᠭᠡᠳ ᠢᠶᠠᠨ ᠤᠯᠵᠠᠯᠠᠭᠳᠠᠵᠤ ᠦᠪᠡᠷ ᠢᠶᠠᠨ ᠬᠤᠶᠠᠷ ᠴᠡᠷᠢᠭ ᠤᠨ ᠬᠠᠮᠳᠣ ᠳᠤᠲᠠᠭᠠᠨ ᠶᠠᠪᠤᠵᠡᠢ᠃ | ᠬᠠᠰᠠᠷ ᠦᠢᠯᠡ ᠲᠠᠮᠤ ᠠᠮᠰᠠᠵᠤ ᠴᠦᠭᠦᠷᠡᠯ ᠦᠭᠡᠢ ᠡᠷᠢᠵᠦ ᠶᠠᠪᠤᠭᠰᠠᠭᠠᠷ ᠪᠠᠯᠵᠤᠨ᠎ᠠ ᠨᠠᠭᠤᠷ ᠲᠤ ᠬᠦᠷᠴᠦ | ᠴᠢᠩᠭᠢᠰ ᠬᠠᠭᠠᠨ ᠲᠠᠢ ᠵᠣᠯᠭᠠᠵᠡᠢ᠃ ᠴᠢᠩᠭᠢᠰ ᠬᠠᠭᠠᠨ ᠬᠠᠰᠠᠷ ᠤᠨ ᠡᠭᠡᠨᠡᠷ ᠬᠡᠤᠭᠡᠳ ᠭᠡᠷᠡᠶᠢᠳ ᠲᠤ | ᠣᠯᠵᠠᠯᠠᠭᠳᠠᠭᠰᠠᠨ ᠨᠢ ᠣᠯᠳᠠᠰᠢ ᠦᠭᠡᠢ ᠰᠠᠶᠢᠨ ᠵᠠᠪᠰᠢᠶᠠᠨ ᠭᠡᠵᠦ ᠦᠵᠡᠵᠡᠢ᠃ ᠲᠡᠭᠡᠭᠡᠳ ᠥᠳᠳᠦᠷ ᠲᠦᠷᠭᠡᠨ | ᠡᠯᠴᠢ ᠲᠣᠮᠢᠯᠠᠨ ᠬᠠᠰᠠᠷ ᠢ ᠪᠠᠭᠤᠵᠤ ᠦᠭᠬᠦ ᠰᠠᠨᠠᠭ᠎ᠠ ᠲᠠᠢ ᠪᠠᠶᠢᠨ᠎ᠠ ᠬᠡᠵᠦ ᠬᠡᠯᠡᠬᠦᠯᠪᠡ᠃ ᠡᠨᠡ ᠨᠢ ᠦᠨᠡᠨ ᠳᠡᠭᠡᠨ | ᠳᠠᠶᠢᠰᠤᠨ ᠤ ᠪᠠᠶᠢᠳᠠᠯ ᠢ ᠲᠠᠩᠨᠠᠬᠤ ᠶᠢᠨ ᠲᠦᠯᠦᠭᠡ ᠶᠤᠮ᠃ ᠸᠠᠩ ᠬᠠᠨ ᠲᠤᠭᠤᠷᠢᠯ ᠨᠢᠭᠡᠮᠦᠰᠦᠨ ᠦᠨᠡᠮᠰᠢᠵᠦ | ᠬᠤᠷᠢᠮ ᠨᠠᠶᠢᠷ ᠬᠢᠵᠦ ᠶᠠᠮᠠᠷ ᠴᠤ ᠪᠡᠯᠡᠳᠭᠡᠯ ᠦᠭᠡᠢ ᠪᠠᠶᠢᠭᠰᠠᠨ ᠢ ᠲᠠᠩᠨᠠᠵᠤ ᠮᠡᠳᠡᠭᠰᠡᠨ ᠴᠢᠩᠭᠢᠰ ᠬᠠᠭᠠᠨ | ᠬᠡᠷᠡᠶᠢᠳ ᠢ ᠬᠡᠨᠡᠳᠡᠬᠦᠯᠦᠨ ᠲᠠᠭᠠᠷᠢᠵᠠᠢ᠃ ᠲᠡᠭᠡᠭᠡᠳ ᠬᠤᠶᠡᠷ ᠡᠳᠡᠭᠡᠳ ᠢᠶᠠᠷ ᠢᠶᠠᠨ ᠭᠤᠷᠪᠠᠨ ᠡᠳᠦᠷ ᠰᠢᠷᠦᠬᠦᠨ | ᠲᠤᠯᠤᠯᠳᠤᠵᠤ ᠭᠡᠷᠡᠶᠢᠳ ᠤᠨ ᠴᠡᠷᠢᠭ ᠪᠦᠬᠦᠨ ᠢᠶᠠᠷ ᠢᠶᠠᠨ ᠰᠦᠨᠦᠭᠡᠭᠳᠡᠨ ᠸᠠᠩ ᠬᠠᠨ᠂ ᠰᠡᠩᠭᠦᠮ ᠬᠤᠶᠠᠭᠤᠯᠠ | ᠣᠷᠭᠤᠨ ᠲᠤᠳᠠᠭᠠᠭᠰᠠᠨ ᠪᠣᠯᠪᠠᠴᠤ ᠵᠠᠮ ᠵᠠᠭᠤᠷ᠎ᠠ ᠪᠠᠨ ᠪᠤᠰᠤᠳ ᠲᠤ ᠠᠯᠠᠭᠳᠠᠵᠠᠢ᠃ ᠡᠨᠡ ᠪᠣᠯ ᠲᠡᠣᠭᠡᠨ ᠳᠤ | ᠠᠯᠳᠠᠷᠳᠠᠢ《 ᠵᠠᠵᠡᠭᠡᠷ ᠦᠨᠳᠦᠷ ᠤᠨ ᠪᠠᠶᠢᠯᠳᠤᠭᠠᠨ》 ᠪᠢᠯᠡ ᠃ ᠡᠨᠡ ᠤᠳᠠᠭᠠᠨ ᠤ ᠳᠠᠶᠢᠨ ᠳᠤ ᠴᠢᠩᠭᠢᠰ ᠬᠠᠭᠠᠨ | ᠬᠠᠰᠠᠷ ᠤᠨ ᠨᠡᠷ᠎ᠡ ᠶᠢ ᠠᠰᠢᠭᠯᠠᠨ ᠬᠦᠴᠦᠷᠭᠡᠭ ᠭᠡᠷᠡᠶᠢᠳ ᠠᠶᠢᠮᠠᠭ ᠢ ᠮᠦᠬᠦᠭᠡᠭᠰᠡᠨ ᠪᠠᠶᠢᠳᠠᠭ᠃ | 1204 ᠣᠨ ᠳᠤ ᠴᠢᠩᠭᠢᠰ ᠬᠠᠭᠠᠨ ᠨᠠᠢᠮᠡᠨ ᠠᠶᠢᠮᠠᠭ ᠤᠨ ᠳᠠᠶᠠᠨ ᠬᠠᠨ ᠲᠠᠢ ᠪᠠᠶᠢᠯᠳᠣᠬᠤ ᠦᠶᠡᠰ᠂ | ᠬᠠᠰᠠᠷ ᠲᠤ ᠭᠤᠣᠯ ᠬᠦᠴᠦᠨ ᠴᠡᠷᠢᠭ ᠢᠶᠠᠨ ᠦᠭᠴᠦ ᠵᠠᠬᠢᠷᠤᠭᠤᠯᠪᠠ᠃ ᠬᠠᠰᠠᠷ ᠤᠨ ᠢᠷᠡᠵᠦ ᠶᠠᠪᠤᠬᠤ ᠶᠢ ᠣᠯᠵᠣ | ᠦᠵᠡᠭᠰᠡᠨ ᠳᠠᠶᠠᠨ ᠬᠠᠨ ᠵᠠᠮᠤᠬ᠎ᠠ ᠠᠴᠠ᠄《 ᠲᠡᠷᠡ ᠢᠷᠡᠵᠦ ᠶᠠᠪᠤᠭ᠎ᠠ ᠨᠦᠰᠡᠷ ᠠᠮᠢᠳᠠᠨ ᠬᠡᠨ ᠪᠤᠢ︖ ᠭᠡᠰᠡᠨ ᠳᠤ | ᠵᠠᠮᠤᠬ᠎ᠠ᠄《 ᠬᠦᠨᠳᠦᠳᠦ ᠦᠭᠡᠯᠦᠨ ᠬᠠᠳᠤᠨ ᠤ᠂ ᠬᠦᠮᠦᠨ ᠤ ᠮᠢᠬ᠎ᠠ ᠪᠠᠷ ᠲᠡᠵᠢᠭᠡᠭᠰᠡᠨ᠂ ᠬᠦᠴᠦᠳᠦ ᠬᠠᠰᠠᠷ | ᠭᠡᠳᠡᠭ ᠬᠦᠤ ᠨᠢ ᠲᠡᠷᠡ ᠮᠦᠨ ᠃ ᠠᠭᠤᠷ ᠨᠢ ᠶᠡᠭᠡ ᠬᠦᠷᠴᠦ᠂ ᠤᠷᠳᠤᠬᠢ ᠰᠤᠮᠤ ᠪᠠᠨ ᠰᠢᠭᠦᠷᠡᠵᠦ᠂ ᠤᠬᠤᠰᠬᠢᠨ | ᠬᠠᠷᠪᠤᠬᠤ ᠳᠤ᠂ ᠠᠭᠤᠯᠠ ᠶᠢᠨ ᠴᠠᠭᠠᠳᠤᠬᠢ ᠬᠦᠮᠦᠨ ᠴᠤ ᠤᠤᠯ ᠰᠤᠮᠤᠨ ᠳᠤ ᠣᠨᠣᠭᠳᠠᠵᠤ᠂ ᠣᠨᠳᠣᠢ ᠰᠤᠨᠳᠤᠢ | ᠦᠬᠦᠴᠢᠬᠡᠨᠡ᠃ ᠶᠡᠭᠡ ᠲᠡᠯᠡᠵᠦ ᠬᠠᠷᠪᠤᠪᠠᠯ᠂ ᠶᠢᠰᠦᠨ ᠵᠠᠭᠤᠨ ᠠᠯᠳᠠ ᠬᠠᠷᠪᠤᠳᠠᠭ᠃ ᠳᠤᠲᠠᠭᠤ ᠲᠡᠯᠡᠵᠦ ᠬᠠᠷᠪᠤᠪᠠᠯ | ᠂ ᠲᠠᠪᠤᠨ ᠵᠠᠭᠤᠨ ᠠᠯᠳᠠ ᠬᠠᠷᠪᠤᠳᠠᠭ᠃ ᠬᠦᠮᠦᠨ ᠲᠠᠢ ᠠᠳᠠᠯᠢ ᠬᠦᠮᠦᠨ ᠪᠢᠰᠢ᠂ ᠬᠦᠮᠦᠨ ᠢ ᠢᠳᠡᠬᠦ ᠮᠠᠩᠭᠤᠰ᠂ | ᠬᠦᠴᠦᠳᠦ ᠬᠠᠰᠠᠷ ᠲᠡᠷᠡ᠂ ᠬᠦᠷᠴᠦ ᠢᠷᠡᠵᠦ ᠶᠠᠪᠤᠨ᠎ᠠ》 ᠭᠡᠰᠡᠨ ᠲᠦᠷᠰᠦᠯᠡᠯ ᠪᠠᠶᠢᠳᠠᠭ᠃ | 1206ᠣᠨ ︵ᠤᠯᠠᠭᠠᠨ ᠪᠠᠷᠰ ᠵᠢᠯ︶ ᠳᠤ ᠴᠢᠩᠭᠢᠰ ᠬᠠᠭᠠᠨ ᠣᠨᠣᠨ ᠮᠦᠷᠡᠨ ᠤ ᠲᠡᠷᠢᠭᠦᠨ᠎ᠡ ᠪᠦᠬᠦ | ᠰᠠᠶᠢᠳ ᠲᠦᠰᠢᠮᠡᠳ ᠤᠨ ᠬᠤᠷᠠᠯᠳᠠᠢ ᠬᠤᠷᠠᠵᠤ ᠪᠠᠳᠠᠷᠠᠩᠭᠤᠢ ᠴᠠᠭᠠᠨ ᠰᠦᠯᠳᠡ ᠲᠠᠬᠢᠵᠤ᠂ ᠶᠢᠰᠦᠨ ᠬᠦᠬᠦᠯᠳᠦ | ᠴᠠᠭᠠᠨ ᠲᠤᠭ ᠢᠶᠠᠨ ᠮᠠᠨᠳᠤᠭᠤᠯᠵᠤ ᠶᠡᠭᠡ ᠮᠤᠩᠭᠤᠯ ᠬᠠᠭᠠᠨᠳᠤ ᠤᠯᠤᠰ ᠢ ᠪᠠᠶᠢᠭᠤᠯᠵᠤ ᠰᠠᠶᠢᠳ ᠲᠦᠰᠢᠮᠡᠳ ᠵᠠᠩᠵᠤᠨ | ᠪᠠᠭᠠᠳᠤᠷ᠂ ᠲᠦᠷᠦᠯ ᠰᠠᠳᠤᠨ ᠳᠠᠭᠠᠨ ᠰᠣᠶᠣᠷᠬᠠᠯ ᠬᠦᠷᠳᠡᠭᠡᠬᠦ ᠳᠡᠭᠡᠨ ᠦᠪᠡᠷ ᠤᠨ ᠲᠦᠷᠦᠭᠰᠡᠨ ᠲᠡᠭᠦᠤ ᠬᠠᠪᠤᠳᠤ | ᠬᠠᠰᠠᠷ ᠲᠠᠭᠠᠨ ᠲᠦᠷᠪᠡᠨ ᠮᠢᠩᠭᠠᠨ ᠡᠷᠦᠬᠡ ᠶᠢ ᠦᠮᠴᠢ ᠪᠣᠯᠭᠠᠨ ᠱᠠᠩᠨᠠᠵᠦ ᠦᠭᠬᠦ ᠳᠡᠭᠡᠨ《 ᠠᠷᠬᠠᠢ ᠬᠠᠰᠠᠷ ᠤᠨ | ᠠᠬᠠᠯᠠᠭᠰᠠᠨ ᠨᠢᠭᠡᠨ ᠮᠢᠩᠭᠠᠨ ᠲᠣᠷᠭᠤᠳ ᠪᠣᠯ ᠰᠢᠯᠭᠠᠵᠣ ᠠᠪᠤᠭᠰᠠᠨ ᠪᠠᠭᠠᠳᠤᠷᠴᠤᠳ ᠢᠶᠠᠷ ᠪᠦᠷᠢᠯᠳᠦᠵᠦ᠂ ᠲᠠᠶᠢᠨ | ᠪᠠᠶᠢᠯᠳᠤᠭᠠᠨ ᠳᠤ ᠮᠠᠩᠯᠠᠢ ᠶᠠᠪᠤᠨ᠎ᠠ》 ᠬᠡᠮᠡᠨ ᠲᠤᠩᠬᠠᠭᠯᠠᠵᠠᠢ᠃ | 1210ᠣᠨ ᠳᠤ᠂ ᠴᠢᠩᠭᠢᠰ ᠬᠠᠭᠠᠨ ᠪᠤᠶᠢᠷ ᠨᠠᠭᠤᠷ ᠪᠣᠯᠣᠨ ᠬᠦᠯᠦᠨ ᠨᠠᠭᠤᠷ ᠢᠶᠠᠷ ᠭᠤᠣᠯ ᠪᠣᠯᠭᠠᠭᠰᠠᠨ | ᠲᠠᠲ᠋ᠠᠷ ᠤᠨ ᠬᠠᠭᠤᠴᠢᠨ ᠨᠤᠲᠤᠭ ᠢ ᠬᠠᠰᠠᠷ ᠤᠨ ᠡᠵᠡᠮᠰᠢᠯ ᠪᠣᠯᠭᠠᠨ ᠦᠭᠪᠡ᠃ ᠡᠭᠦᠨ ᠠᠴᠠ ᠭᠠᠳᠠᠨ᠎ᠠ᠂ ᠴᠢᠩᠭᠢᠰ | ᠬᠠᠭᠠᠨ ᠪᠠᠷᠠᠭᠤᠨᠰᠢ ᠵᠡᠭᠦᠨᠰᠢ᠂ ᠦᠷᠦᠨᠡᠰᠢ ᠳᠣᠷᠣᠨᠠᠰᠢ ᠳᠠᠶᠢᠯᠠᠭᠰᠠᠨ ᠳᠠᠶᠢᠨ ᠳᠤ ᠬᠠᠰᠠᠷ ᠪᠣᠯ ᠡᠮᠦᠨᠡᠰᠢ ᠪᠠᠨ | ᠳᠠᠶᠢᠯᠠᠭᠰᠠᠨ ᠳᠠᠶᠢᠨ᠂ ᠨᠡᠩ ᠢᠯᠠᠩᠭᠤᠶ᠎ᠠ ᠠᠯᠳᠠᠨ ᠤᠯᠤᠰ ᠪᠣᠯᠣᠨ ᠲᠠᠩᠭᠤᠳ ᠢ ᠳᠠᠶᠢᠯᠠᠭᠰᠠᠨ ᠳᠠᠶᠢᠨ ᠳᠤ ᠶᠡᠭᠡ | ᠤᠷᠤᠶᠢᠯᠠᠵᠤ ᠶᠠᠪᠤᠭᠰᠠᠨ᠂ ᠠᠯᠳᠠᠨ ᠤᠯᠤᠰ ᠢ ᠴᠣᠬᠢᠬᠤ ᠳᠤ ᠵᠡᠭᠦᠨ ᠭᠠᠷ ᠤᠨ ᠵᠠᠩᠵᠤᠨ ᠤ ᠬᠤᠪᠢ ᠪᠠᠷ ᠣᠷᠣᠵᠣ᠂ | ᠣᠳᠣ ᠡᠨᠡ ᠪᠡᠭᠡᠵᠢᠩ ᠬᠤᠳᠠ ᠪᠣᠯᠣᠨ ᠵᠡᠭᠦᠨ ᠲᠠᠯᠠᠢ ᠶᠢᠨ ᠬᠦᠪᠡᠭᠡᠨ ᠤ ᠣᠯᠠᠨ ᠬᠤᠲᠠ ᠨᠤᠭᠤᠳ ᠢ ᠡᠵᠡᠯᠡᠵᠦ | ᠠᠪᠤᠭᠰᠠᠨ᠃ ᠡᠨᠡ ᠨᠢ ᠰᠡᠭᠦᠯᠴᠢ ᠶᠢᠨ ᠮᠤᠩᠭᠤᠯ ᠤᠨ ᠶᠡᠭᠡ ᠡᠵᠡᠨᠳᠦ ᠤᠯᠤᠰ᠂ ᠶᠤᠸᠠᠨ ᠤᠯᠤᠰ ᠢ | ᠪᠠᠶᠢᠭᠤᠯᠬᠤ ᠳᠤ ᠨᠤᠲᠤᠭ ᠳᠡᠪᠢᠰᠭᠡᠷ ᠤᠨ ᠲᠠᠯ᠎ᠠ ᠪᠠᠷ ᠰᠠᠭᠤᠷᠢ ᠲᠠᠯᠪᠢᠵᠦ ᠦᠭᠭᠦᠭᠰᠡᠨ ᠬᠡᠵᠦ ᠦᠵᠡᠨ᠎ᠡ᠃ ᠶᠤᠸᠠᠨ | ᠤᠯᠤᠰ ᠢ ᠪᠠᠶᠢᠭᠤᠯᠬᠤ ᠠᠴᠠ ᠡᠮᠦᠨ᠎ᠡ ᠬᠠᠰᠠᠷ ᠠᠮᠢᠳᠤ ᠰᠡᠷᠡᠭᠦᠨ ᠪᠠᠶᠢᠬᠤ ᠳᠠᠭᠠᠨ ᠵᠡᠭᠦᠨ ᠲᠠᠯ᠎ᠠ ᠶᠢᠨ ᠣᠷᠣᠨ | ᠨᠤᠲᠤᠭ ᠢ ᠨᠢᠭᠡᠳᠭᠡᠬᠦ ᠳᠤ ᠴᠦ ᠰᠠᠭᠤᠷᠢ ᠲᠠᠯᠪᠢᠵᠤ ᠦᠭᠭᠦᠭᠰᠡᠨ ᠪᠠᠶᠢᠨ᠎ᠠ᠃ | ᠬᠠᠰᠠᠷ ᠪᠣᠯ ᠶᠡᠭᠡ ᠮᠤᠩᠭᠤᠯ ᠤᠨ ᠨᠢᠭᠡᠳᠦᠯ᠂ ᠶᠤᠸᠠᠨ ᠤᠯᠤᠰ ᠤᠨ ᠨᠢᠭᠡᠳᠦᠯ᠂ ᠲᠤᠮᠳᠠᠳᠤ ᠤᠯᠤᠰ ᠤᠨ | ᠨᠢᠭᠡᠳᠦᠯ ᠳᠤ ᠶᠡᠭᠡ ᠭᠠᠪᠢᠶ᠎ᠠ ᠲᠠᠢ ᠬᠦᠮᠦᠨ ᠳᠤ ᠣᠷᠣᠨ᠎ᠠ᠃ ᠲᠡᠶᠢᠮᠦ ᠠᠴᠠ ᠬᠠᠪᠤᠳᠤ ᠬᠠᠰᠠᠷ ᠪᠣᠯ ᠤᠯᠤᠰ | ᠲᠦᠷᠦᠴᠢᠨ ᠪᠦᠭᠡᠳ ᠴᠡᠷᠢᠭ ᠤᠨ ᠡᠷᠳᠡᠮᠳᠡᠨ ᠭᠡᠵᠦ ᠬᠡᠯᠡᠭᠳᠡᠳᠡᠭ᠃ | | ᠢᠷᠡᠯᠲᠡ᠄ 《 ᠪᠤᠭᠤᠳᠤ ᠶᠢᠨ ᠲᠡᠤᠬᠡᠨ ᠳᠠᠬᠢ ᠨᠡᠷᠡᠲᠦ ᠬᠦᠮᠦᠰ 》 |