ᠠᠯᠲᠠᠨ ᠬᠠᠨ ᠪᠣᠯ 16 ᠳ᠋ᠤᠭᠠᠷ ᠵᠠᠭᠤᠨ ᠤ ᠳᠤᠮᠳᠠᠴᠢ ᠦᠶ᠎ᠡ ᠪᠠ ᠰᠡᠭᠦᠯᠴᠢ ᠦᠶ᠎ᠡ ᠳᠠᠬᠢ ᠤᠮᠠᠷᠠᠳᠤ | ᠶᠤᠸᠠᠨ ᠤᠯᠤᠰ ᠤᠨ ᠲᠡᠤᠬᠡᠨ ᠳᠤ ᠠᠯᠳᠠᠷ ᠴᠤᠤᠲᠠᠢ ᠨᠦᠯᠦᠭᠡ ᠶᠡᠬᠡᠳᠡᠢ ᠹᠸᠤᠳᠠᠯ ᠤᠨ ᠡᠵᠡᠨ ᠪᠠᠶᠢᠵᠤ᠂ | ᠲᠤᠬᠠᠢ ᠶᠢᠨ ᠦᠶ᠎ᠡ ᠶᠢᠨ ᠵᠢᠷᠭᠤᠭᠠᠨ ᠲᠦᠮᠡᠨ ᠤ ᠳᠣᠳᠤᠷᠠᠬᠢ ᠲᠦᠮᠡᠳ ᠲᠦᠮᠡᠨ ᠤ ᠬᠠᠨ ᠪᠣᠯᠣᠨ᠎ᠠ᠃ | ᠲᠡᠷᠡ ᠨᠣᠶᠠᠷᠬᠠᠯ ᠤᠨ ᠬᠤᠭᠤᠴᠠᠭᠠᠨ ᠳᠠᠭᠠᠨ ᠮᠢᠩ ᠤᠯᠤᠰ ᠲᠠᠢ ᠤᠳᠠᠭᠠᠨ ᠵᠢᠯ ᠢᠶᠠᠷ ᠲᠠᠶᠢᠨ ᠳᠠᠵᠢᠨ | ᠬᠢᠬᠦ ᠶᠢᠨ ᠬᠠᠮᠲᠤ ᠮᠦᠨ ᠬᠤᠶᠠᠷ ᠡᠲᠡᠭᠡᠳ ᠢᠶᠠᠷ ᠢᠶᠠᠨ ᠡᠪ ᠨᠠᠶᠢᠷᠠᠮᠳᠠᠭᠤ ᠬᠠᠷᠢᠴᠠᠬᠤ ᠶᠢ ᠬᠦᠳᠦᠯᠦᠩᠭᠦᠢ ᠪᠠᠷ | ᠡᠷᠡᠮᠡᠯᠵᠡᠯᠡᠨ ᠲᠡᠮᠡᠴᠡᠭᠰᠡᠨ ᠶᠤᠮ᠃ ᠲᠡᠷᠡ ᠮᠤᠩᠭᠤᠯ ᠬᠢᠲᠠᠳ ᠬᠤᠶᠠᠷ ᠦᠨᠳᠦᠰᠦᠳᠡᠨ ᠤ ᠠᠷᠠᠳ ᠲᠦᠮᠡᠨ ᠤ | ᠰᠤᠶᠤᠯ ᠪᠣᠯᠣᠨ ᠠᠵᠤ ᠠᠬᠤᠢ ᠶᠢᠨ ᠬᠠᠷᠢᠯᠴᠠᠭ᠎ᠠ ᠶᠢ ᠴᠢᠩᠭᠠᠳᠬᠠᠭᠰᠠᠨ ᠢᠶᠠᠷ ᠪᠠᠷᠠᠬᠤ ᠦᠭᠡᠢ᠂ ᠮᠤᠩᠭᠤᠯ᠂ | ᠲᠦᠪᠡᠳ᠂ ᠣᠶᠢᠭᠤᠷ ᠵᠡᠷᠭᠡ ᠪᠤᠰᠤᠳ ᠴᠦᠭᠡᠨ ᠲᠣᠭᠠᠲᠤ ᠦᠨᠳᠦᠰᠦᠳᠡᠨ ᠤ ᠬᠤᠭᠤᠷᠤᠨᠳᠤᠬᠢ ᠬᠠᠷᠢᠴᠠᠭ᠎ᠠ | ᠬᠤᠯᠪᠣᠭ᠎ᠠ ᠶᠢ ᠴᠤ ᠲᠦᠯᠬᠢᠨ ᠠᠬᠢᠭᠤᠯᠵᠤ᠂ ᠨᠣᠶᠠᠷᠬᠠᠯ ᠤᠷᠤᠨ ᠤ ᠪᠠᠨ ᠲᠠᠷᠢᠶᠠᠯᠠᠩ ᠪᠣᠯᠣᠨ ᠭᠠᠷ | ᠦᠢᠯᠡᠳᠪᠦᠷᠢᠯᠠᠯ ᠤᠨ ᠥᠳᠲᠡᠷ ᠲᠦᠷᠭᠡᠨ ᠬᠦᠭᠵᠢᠬᠦ ᠳᠤ ᠲᠤᠶᠢᠯ ᠤᠨ ᠢᠳᠡᠪᠬᠢᠳᠡᠢ ᠦᠢᠯᠡᠳᠦᠯ ᠦᠵᠡᠭᠦᠯᠦᠭᠰᠡᠨ | ᠪᠠᠶᠢᠨ᠎ᠠ᠃ | ᠠᠯᠳᠠᠨ ᠬᠠᠨ ᠠᠴᠠ ᠬᠦᠬᠡᠬᠤᠲᠠ ᠶᠢ ᠴᠣᠭᠴᠠᠯᠠᠨ ᠪᠠᠶᠢᠭᠤᠯᠤᠭᠰᠠᠨ ᠶᠠᠪᠤᠳᠠᠯ ᠨᠢ ᠤᠮᠠᠷᠠᠳᠤ ᠶᠤᠸᠠᠨ | ᠤᠯᠤᠰ ᠤᠨ ᠤᠯᠤᠰ ᠲᠦᠷᠦ ᠠᠵᠤ ᠠᠬᠤᠢ ᠪᠣᠯᠣᠨ ᠰᠤᠶᠤᠯ ᠤᠨ ᠬᠦᠭᠵᠢᠯ ᠳᠤ ᠮᠠᠰᠢ ᠶᠡᠭᠡ ᠲᠦᠯᠬᠢᠴᠡ ᠬᠦᠴᠦᠨ | ᠪᠣᠯᠵᠠᠢ᠃ ᠨᠡᠩ ᠴᠤ ᠯᠠᠮᠠ ᠶᠢᠨ ᠱᠠᠰᠢᠨ ᠢ ᠰᠤᠷᠲᠠᠯᠴᠢᠯᠠᠨ ᠳᠡᠯᠭᠡᠷᠡᠭᠦᠯᠵᠦ ᠤᠮᠠᠷᠠᠳᠤ ᠶᠤᠸᠠᠨ ᠤᠯᠤᠰ ᠤᠨ ᠦᠷᠭᠡᠨ | ᠠᠭᠤᠳᠠᠮ ᠭᠠᠵᠠᠷ ᠣᠷᠣᠨ ᠳᠤ ᠲᠦᠭᠡᠮᠡᠯᠵᠢᠭᠦᠯᠦᠭᠰᠡᠨ ᠶᠠᠪᠤᠳᠠᠯ ᠨᠢ ᠤᠮᠠᠷᠠᠲᠤ ᠶᠤᠸᠠᠨ ᠤᠯᠤᠰ ᠤᠨ ᠤᠯᠤᠰ ᠲᠦᠷᠦ | ᠂ ᠠᠵᠤ ᠠᠬᠤᠢ᠂ ᠠᠮᠢᠳᠤᠷᠠᠯ ᠳᠤ ᠮᠠᠰᠢ ᠶᠡᠭᠡ ᠨᠦᠯᠦᠭᠡ ᠳᠤᠰᠬᠠᠯ ᠭᠠᠷᠭᠠᠭᠰᠠᠨ ᠪᠠᠶᠢᠨ᠎ᠠ᠃ ᠡᠶᠢᠨ ᠬᠦ ᠠᠯᠲᠠᠨ | ᠬᠠᠨ ᠢ ᠲᠡᠤᠬᠡᠨ ᠳᠤ ᠰᠤᠤᠲᠤ ᠬᠠᠨ᠂ ᠠᠯᠲᠠᠨ ᠭᠡᠭᠡᠨ ᠬᠠᠨ᠂ ᠴᠡᠭᠷᠡᠸᠡᠷᠳᠢ ᠬᠠᠨ᠂ ᠰᠢᠳᠦ ᠬᠠᠨ᠂ ᠱᠦᠨ ᠢ ᠸᠠᠩ | ᠵᠡᠷᠭᠡ ᠶᠢᠨ ᠮᠠᠰᠢ ᠣᠯᠠᠨ ᠮᠢᠨᠳᠠᠭ ᠴᠤᠯᠠ ᠡᠷᠭᠦᠮᠵᠢᠯᠡᠵᠦ ᠠᠯᠳᠠᠷ ᠨᠡᠷ᠎ᠡ ᠨᠢ ᠠᠯᠳᠠᠨ ᠲᠡᠯᠡᠬᠡᠢ ᠳᠤ ᠳᠠᠭᠤᠷᠢᠰᠤᠭᠰᠠᠨ | ᠪᠠᠶᠢᠨ᠎ᠠ᠃ | ᠨᠢᠭᠡ᠂ ᠠᠯᠲᠠᠨ ᠬᠠᠨ ᠲᠠᠢ ᠠᠩᠬ᠎ᠠ ᠲᠠᠨᠢᠯᠴᠠᠬᠤᠢ | ᠠᠯᠲᠠᠨ ᠬᠠᠨ ᠤ ᠲᠡᠤᠬᠡ ᠨᠢᠭᠡᠨᠳᠡ ᠦᠩᠭᠡᠷᠡᠭᠡᠳ500 ᠵᠢᠯ ᠪᠣᠯᠵᠠᠢ᠃ ᠲᠡᠭᠡᠪᠡᠯ ᠲᠠᠪᠤᠨ ᠵᠠᠭᠤᠨ ᠵᠢᠯ | ᠦᠩᠭᠡᠷᠡᠭᠰᠡᠨ ᠤ ᠳᠠᠷᠠᠭ᠎ᠠ ᠠᠯᠲᠠᠨ ᠬᠠᠨ ᠤ ᠲᠤᠬᠠᠢ ᠶᠠᠷᠢᠬᠤ ᠳᠤ ᠮᠠᠨ ᠤ ᠨᠢᠳᠦᠨ ᠳᠤ ᠦᠵᠡᠭᠳᠡᠵᠦ ᠭᠠᠷ ᠲᠤ | ᠪᠠᠷᠢᠭᠳᠠᠮᠠᠷ ᠶᠠᠮᠠᠷ ᠶᠠᠮᠠᠷ ᠶᠠᠭᠤᠮ᠎ᠠ ᠦᠯᠡᠳᠡᠵᠦ ᠪᠠᠶᠢᠭ᠎ᠠ ᠪᠣᠯ︖ | ᠨᠢᠭᠡᠳᠦᠭᠡᠷ ᠲᠤ᠂ ᠦᠨᠦᠳᠦᠷ ᠤᠨ ᠬᠦᠬᠡᠬᠤᠲᠠ ᠶᠢ ᠠᠯᠲᠠᠨ ᠬᠠᠨ ᠪᠠᠶᠢᠭᠤᠯᠤᠭᠰᠠᠨ᠃ | ᠬᠦᠬᠡᠬᠤᠲᠠ ᠶᠢᠨ ᠠᠩᠬᠠᠨ ᠤ ᠰᠠᠭᠤᠷᠢ ᠶᠢ ᠠᠯᠲᠠᠨ ᠬᠠᠨ ᠲᠠᠯᠪᠢᠭᠰᠠᠨ ᠤᠴᠢᠷ ᠠᠴᠠ ᠬᠦᠮᠦᠰ ᠬᠦᠬᠡᠬᠤᠲᠠ | ᠶᠢᠨ ᠠᠩᠬᠠᠳᠤᠭᠠᠷ ᠬᠤᠲᠠ ᠶᠢᠨ ᠲᠠᠷᠤᠭ᠎ᠠ ᠶᠢ ᠠᠯᠲᠠᠨ ᠬᠠᠨ ᠭᠡᠵᠦ ᠬᠡᠯᠡᠳᠡᠭ ᠮᠦᠷᠳᠡᠭᠡᠨ ᠪᠠᠰᠠ ᠠᠯᠳᠠᠨ ᠬᠠᠨ ᠤ | ᠬᠠᠳᠤᠨ ᠰᠠᠨ ᠨᠢᠶᠠᠩᠽᠢ ︵ᠵᠦᠩᠭᠡᠨ ᠬᠠᠳᠤᠨ︶ ᠬᠦᠬᠡᠬᠤᠲᠠ ᠶᠢᠨ ᠠᠩᠬᠠᠨ ᠤ ᠳᠠᠷᠤᠭ᠎ᠠ ᠪᠠᠶᠢᠭᠰᠠᠨ ᠭᠡᠳᠡᠭ᠃ | ᠠᠯᠲᠠᠨ ᠬᠠᠨ1575 ᠣᠨ ᠳᠤ ᠬᠦᠬᠡᠬᠤᠲᠠ ᠶᠢ ᠪᠠᠶᠢᠭᠤᠯᠵᠠᠢ᠃《 ᠡᠷᠳᠡᠨᠢ ᠲᠤᠨᠤᠮᠠᠯ ᠨᠡᠷᠡᠲᠦ ᠰᠤᠳᠤᠷ》 ᠲᠤ | ᠬᠦᠬᠡᠬᠤᠲᠠ ᠶᠢ ᠪᠠᠶᠢᠭᠤᠯᠤᠭᠰᠠᠨ ᠲᠤᠬᠠᠢ ᠮᠠᠰᠢ ᠤᠷᠠᠨ ᠲᠦᠷᠰᠦᠯᠢᠭ ᠢᠶᠠᠷ ᠲᠡᠮᠳᠡᠭᠯᠡᠭᠰᠡᠨ ᠪᠠᠶᠢᠳᠠᠭ《 ᠁ | ᠤᠰᠤᠨ ᠪᠠᠴᠢᠨ ᠵᠢᠯ ︵1575 ᠣᠨ︶ ᠪᠠᠰᠠ ᠬᠦ ᠠᠯᠳᠠᠭᠰᠠᠨ ᠲᠠᠶᠢᠳᠦ ᠶᠢ ᠠᠳᠠᠯᠢᠳᠬᠠᠨ ᠬᠦᠬᠡ ᠬᠤᠲᠠ ᠶᠢ | ᠰᠡᠳᠦᠵᠦ᠂ ᠠᠳᠠᠯᠢᠳᠬᠠᠰᠢ ᠦᠭᠡᠢ ᠤᠷᠠᠨ᠎ᠠ ᠵᠤᠬᠢᠶᠠᠨ ᠵᠠᠰᠠᠵᠤ ᠵᠦᠪᠰᠢᠶᠡᠷᠡᠭᠡᠳ ᠬᠤᠷᠣᠬᠤᠨᠠ ᠬᠠᠨ ︵ᠬᠠᠷᠬᠤᠨᠠ | ᠬᠠᠨ ᠭᠡᠳᠡᠭ︶ ᠢ ᠦᠪᠡᠷ᠎ᠡ ︵ᠦᠪᠦᠷ ᠲᠤ︶ ᠬᠠᠳᠤᠨ ᠮᠦᠷᠡᠨ ᠤ ᠭᠤᠣᠯ ᠳᠤᠷ ᠬᠠᠷ᠎ᠠ ᠠᠭᠤᠯᠠ ᠭᠠᠵᠠᠷ ᠤᠨ | ᠲᠡᠮᠳᠡᠭ ᠤᠳ ᠪᠦᠷᠢᠳᠦᠭᠰᠡᠨ ᠰᠠᠶᠢᠨ ᠪᠡᠯᠢᠭ ᠲᠤ ᠣᠷᠣᠨ ᠲᠤᠷ᠂ ᠭᠠᠶᠢᠬᠠᠮᠰᠢᠭ ᠦᠵᠡᠰᠭᠦᠯᠡᠩᠳᠦ ᠨᠠᠢᠮᠡᠨ | ᠠᠰᠠᠷ ᠲᠤ ᠬᠤᠲᠠ ᠬᠢᠭᠡᠳ ᠬᠠᠰ ᠣᠷᠳᠣ ᠬᠠᠷᠰᠢ ᠤᠷᠠᠨ᠎ᠠ ᠪᠠᠶᠢᠭᠤᠯᠤᠭᠰᠠᠨ ᠁》 ᠭᠡᠵᠡᠢ᠃ | ᠬᠦᠬᠡᠬᠤᠲᠠ ᠶᠢ ᠪᠠᠶᠢᠭᠤᠯᠤᠭᠰᠠᠨ ᠤ ᠳᠠᠷᠠᠭ᠎ᠠ ᠠᠯᠲᠠᠨ ᠬᠠᠨ ᠤ ᠭᠤᠶᠤᠴᠢᠯᠡᠯ ᠢᠶᠠᠷ ᠮᠦᠨ ᠣᠨ ᠤ ᠠᠷᠪᠠᠨ | ᠰᠠᠷ᠎ᠠ ᠳᠤ ᠮᠢᠩ ᠤᠯᠤᠰ ᠤᠨ ᠱᠢᠽᠦᠩ ᠬᠠᠭᠠᠨ ᠬᠦᠬᠡᠬᠤᠲᠠ ᠳᠤ ᠬᠦᠢ ᠬᠤᠸᠠ ᠴᠧᠩ ᠭᠡᠮᠡᠬᠦ ᠨᠡᠷ᠎ᠡ ᠰᠣᠶᠣᠷᠬᠠᠵᠠᠢ᠃ | | ᠬᠤᠶᠠᠳᠤᠭᠠᠷ ᠲᠤ᠂ ᠰᠢᠷ᠎ᠠ ᠶᠢᠨ ᠱᠠᠰᠢᠨ ᠢ ᠠᠯᠲᠠᠨ ᠬᠠᠨ ᠡᠬᠢᠯᠡᠵᠦ ᠳᠡᠯᠭᠡᠷᠡᠭᠦᠯᠦᠭᠰᠡᠨ᠃ | ᠬᠦᠬᠡᠬᠤᠲᠠ ᠶᠢᠨ ᠣᠷᠴᠢᠨ ᠲᠣᠭᠤᠷᠢᠨ ᠳᠤ ᠪᠠᠶᠢᠭ᠎ᠠ ᠮᠠᠰᠢ ᠠᠷᠪᠢᠨ ᠰᠦᠮ᠎ᠡ ᠬᠡᠶᠢᠳ᠂ ᠵᠢᠱᠢᠶᠡᠯᠡᠪᠡᠯ ᠶᠡᠭᠡ | ᠵᠤᠤ᠂ ᠰᠢᠷᠡᠭᠡᠳᠦ ᠵᠤᠤ᠂ ᠲᠠᠪᠤᠨ ᠰᠣᠪᠣᠷᠭ᠎ᠠ ᠡᠶᠢᠮᠦ ᠣᠯᠠᠨ ᠰᠦᠮ᠎ᠡ ᠬᠡᠶᠢᠳ ᠢ ᠠᠯᠲᠠᠨ ᠬᠠᠨ ᠤ ᠦᠶ᠎ᠡ ᠳᠤ | ᠪᠠᠶᠢᠭᠤᠯᠤᠭᠰᠠᠨ ᠪᠣᠶᠤ ᠠᠯᠲᠠᠨ ᠬᠠᠨ ᠤ ᠬᠤᠶᠢᠴᠢ ᠦᠶ᠎ᠡ ᠶᠢᠨ ᠬᠢᠨ ᠪᠠᠶᠢᠭᠤᠯᠤᠭᠰᠠᠨ᠃ ᠡᠭᠦᠨ ᠠᠴᠠ ᠭᠠᠳᠠᠨ᠎ᠠ | ᠮᠤᠩᠭᠤᠯ ᠣᠷᠣᠨ ᠤ ᠭᠠᠵᠠᠷ ᠪᠦᠬᠦᠨ ᠢ ᠪᠠᠶᠢᠭ᠎ᠠ ᠡᠶᠢᠮᠦ ᠣᠯᠠᠨ ᠰᠦᠮ᠎ᠡ ᠬᠡᠶᠢᠳ ᠢ ᠬᠡᠵᠢᠶ᠎ᠡ ᠠᠴᠠ ᠡᠬᠢᠯᠡᠵᠦ | ᠪᠠᠶᠢᠭᠤᠯᠤᠭᠰᠠᠨ ᠪᠤᠢ ᠭᠡᠪᠡᠯ᠂ ᠠᠯᠲᠠᠨ ᠬᠠᠨ ᠤ ᠦᠶ᠎ᠡ ᠠᠴᠠ ᠡᠬᠢᠯᠡᠭᠰᠡᠨ᠃ ᠠᠯᠲᠠᠨ ᠬᠠᠨ ᠠᠴᠠ ᠡᠮᠦᠨ᠎ᠡ ᠮᠠᠨ ᠤ | ᠮᠤᠩᠭᠤᠯ ᠳᠤ ᠰᠢᠷ᠎ᠠ ᠶᠢᠨ ᠱᠠᠰᠢᠨ ᠲᠡᠯᠭᠡᠷᠡᠭᠡ ᠦᠭᠡᠢ᠂ ᠲᠡᠷᠡ ᠦᠶ᠎ᠡ ᠳᠤ ᠶᠠᠮᠠᠷ ᠱᠠᠰᠢᠨ ᠳᠡᠯᠭᠡᠷᠡᠵᠦ ᠪᠠᠶᠢᠭᠰᠠᠨ ᠪᠤᠢ | ᠭᠡᠪᠡᠯ ᠮᠤᠩᠭᠤᠯ ᠤᠨ ᠢᠵᠡᠭᠤᠷ ᠱᠠᠰᠢᠨ ᠪᠣᠯᠬᠤ ᠪᠦᠬᠡ ᠶᠢᠨ ᠱᠠᠰᠢᠨ ᠳᠡᠯᠭᠡᠷᠡᠵᠦ ᠪᠠᠶᠢᠭᠰᠠᠨ ᠪᠠᠶᠢᠨ᠎ᠠ᠃ | ᠭᠤᠷᠪᠠᠳᠤᠭᠠᠷ ᠲᠤ᠂ ᠳᠠᠯᠠᠢ ᠯᠠᠮᠠ ᠭᠡᠬᠦ ᠨᠡᠷ᠎ᠡ ᠶᠢ ᠠᠯᠲᠠᠨ ᠬᠠᠨ ᠦᠭᠬᠦᠭᠰᠡᠨ᠃ | ᠬᠦᠮᠦᠰ ᠳᠠᠯᠠᠢ ᠯᠠᠮᠠ ᠭᠡᠵᠦ ᠶᠠᠷᠢᠵᠦ ᠯᠠ ᠪᠠᠶᠢᠨ᠎ᠠ᠂ ᠶᠠᠭᠠᠬᠢᠭᠠᠳ ᠲᠦᠪᠡᠳ ᠤᠨ ᠲᠡᠷᠡ ᠨᠢᠭᠡ ᠯᠠᠮᠠ ᠨᠢ | ᠳᠠᠯᠠᠢ ᠯᠠᠮᠠ ᠭᠡᠳᠡᠭ ᠨᠡᠷᠡᠳᠡᠢ ᠪᠠᠶᠢᠳᠠᠭ ᠪᠤᠢ︖ ᠡᠨᠡ ᠨᠡᠷ᠎ᠡ ᠶᠢ ᠬᠡᠨ ᠦᠭᠬᠦᠭᠰᠡᠨ ᠪᠤᠢ︖ ᠡᠨᠡ ᠨᠡᠷ᠎ᠡ ᠶᠢ ᠬᠠᠷᠢᠨ | ᠠᠯᠲᠠᠨ ᠬᠠᠨ ᠦᠭᠭᠦᠭᠰᠡᠨ ᠪᠠᠶᠢᠬᠤ ᠦᠭᠡᠢ ᠤᠤ︕ 1578ᠣᠨ ᠤ5 ᠰᠠᠷ᠎ᠠ ᠶᠢᠨ15 ᠤ ᠡᠳᠦᠷ | ᠲᠦᠪᠡᠳ ᠤᠨ ᠽᠤᠩᠺᠠᠸ᠎ᠠ ᠶᠢᠨ ᠶᠡᠭᠡ ᠱᠠᠪᠢ ᠰᠤᠳᠨᠠᠮᠵᠠᠮᠰᠤ᠂ ᠠᠯᠲᠠᠨ ᠬᠠᠨ᠂ ᠵᠦᠩᠭᠡᠨ ᠬᠠᠲᠤᠨ ᠨᠠᠷ᠂ | ᠮᠤᠩᠭᠤᠯ᠂ ᠬᠢᠲᠠᠳ᠂ ᠲᠦᠪᠡᠳ ᠤᠨ ᠬᠢᠵᠠᠭᠠᠷ ᠨᠡᠶᠢᠯᠡᠵᠦ ᠪᠦᠬᠦᠢ ᠣᠷᠣᠨ ᠳᠠᠬᠢ ᠴᠠᠪᠴᠢᠶᠠᠯ ᠰᠦᠮ᠎ᠡ ᠳᠤ ᠨᠢᠭᠤᠷ | ᠤᠴᠠᠷᠠᠯᠳᠤᠨ ᠲᠡᠤᠬᠡᠳᠦ ᠠᠴᠢ ᠬᠤᠯᠪᠣᠭᠳᠠᠯ ᠪᠦᠬᠦᠢ ᠴᠢᠭᠤᠯᠭᠠᠨ ᠪᠣᠯᠵᠤ ᠠᠯᠲᠠᠨ ᠬᠠᠨ ᠰᠤᠳᠨᠠᠮᠵᠠᠮᠰᠤ ᠳᠤ《 | ᠬᠠᠮᠤᠭ ᠢ ᠮᠡᠳᠡᠭᠴᠢ ᠸᠴᠢᠷ ᠳᠠᠯᠠᠢ ᠯᠠᠮᠠ》 ᠭᠡᠰᠡᠨ ᠴᠤᠯᠠ ᠡᠷᠭᠦᠪᠡ᠃ ᠡᠨᠡ ᠪᠣᠯ ᠳᠠᠷᠤᠢ ᠳᠠᠯᠠᠢ ᠯᠠᠮᠠ ᠭᠡᠰᠡᠨ | ᠳᠠᠭᠤᠳᠠᠯᠭ᠎ᠠ ᠶᠢᠨ ᠵᠢᠩᠬᠢᠨᠢ ᠢᠷᠡᠯᠳᠡ ᠪᠣᠯᠣᠨ᠎ᠠ᠃ ᠰᠤᠳᠨᠠᠮᠵᠠᠮᠰᠤ ᠪᠣᠯ ᠳᠠᠷᠤᠢ ᠭᠤᠷᠪᠠᠳᠤᠭᠠᠷ ᠳᠦᠷᠢ ᠶᠢᠨ ᠳᠠᠯᠠᠢ | ᠯᠠᠮᠠ᠂ ᠨᠢᠭᠡᠳᠦᠭᠡᠷ ᠬᠤᠶᠠᠳᠣᠭᠠᠷ ᠳᠦᠷᠢ ᠶᠢᠨ ᠳᠠᠯᠠᠢ ᠯᠠᠮᠠ ᠶᠢᠨ ᠴᠤᠯᠠ ᠶᠢ ᠰᠡᠭᠦᠯ ᠳᠤᠨᠢ ᠴᠢᠩ ᠤᠯᠤᠰ ᠤᠨ | ᠡᠶᠡᠪᠡᠷ ᠵᠠᠰᠠᠭᠴᠢ ᠶᠢᠨ ᠠᠷᠪᠠᠳᠤᠭᠠᠷ ᠣᠨ ᠳᠤ ᠨᠡᠭᠡᠮᠵᠢᠯᠡᠨ ᠡᠷᠭᠦᠮᠵᠢᠯᠡᠵᠡᠢ᠃ ᠡᠭᠦᠨ ᠠᠴᠠ ᠬᠤᠶᠢᠰᠢ ᠳᠠᠯᠠᠢ ᠯᠠᠮᠠ | ᠭᠡᠬᠦ ᠨᠡᠷ᠎ᠡ ᠪᠤᠢ ᠪᠣᠯᠣᠭᠰᠠᠨ ᠪᠠᠶᠢᠵᠠᠢ᠃ | ᠲᠦᠷᠪᠡᠳᠦᠭᠡᠷ ᠲᠤ᠂ ᠠᠯᠳᠠᠨ ᠬᠠᠨ ᠤ ᠦᠶ᠎ᠡ ᠠᠴᠠ ᠡᠬᠢᠯᠡᠨ ᠮᠤᠩᠭᠤᠯ ᠣᠷᠣᠨ ᠳᠤ ᠪᠠᠶᠢᠰᠢᠩ ᠪᠣᠢ ᠪᠣᠯᠵᠤ | ᠂ ᠲᠠᠷᠢᠶᠠᠯᠠᠬᠤ ᠰᠤᠶᠤᠯ ᠮᠣᠩᠭᠤᠯ ᠣᠷᠣᠨ ᠳᠤ ᠣᠷᠣᠵᠤ ᠢᠷᠡᠭᠰᠡᠨ᠃ | ᠬᠦᠬᠡᠬᠤᠲᠠ ᠶᠢᠨ ᠣᠷᠴᠢᠨ ᠲᠣᠭᠤᠷᠢᠨ ᠳᠤ ᠮᠠᠰᠢ ᠠᠷᠪᠢᠨ ᠬᠢᠲᠠᠳ ᠢᠷᠭᠡᠨ ᠢᠷᠡᠭᠡᠳ ᠲᠠᠷᠢᠶᠠᠯᠠᠩ ᠰᠤᠶᠤᠯ | ᠳᠡᠯᠭᠡᠷᠡᠨ ᠮᠠᠰᠢ ᠠᠷᠪᠢᠨ ᠭᠡᠷ ᠪᠠᠶᠢᠰᠢᠩ ᠪᠠᠶᠢᠭᠤᠯᠵᠠᠢ᠃ ᠮᠠᠨ ᠤ ᠮᠡᠳᠡᠬᠦ ᠪᠠᠷ ᠮᠠᠬᠤᠸᠠᠷ ᠪᠠᠨ ︵ᠮᠠᠶᠢᠬᠠᠨ ᠪᠠᠶᠢᠰᠢᠩ︶ | ᠂ ᠶᠢᠤ ᠶᠢᠤ ᠪᠠᠨ᠂ ᠭᠦᠨᠵᠢ ᠶᠢᠨ ᠪᠠᠶᠢᠰᠢᠩ᠂ ᠬᠠᠮᠠᠷ ᠪᠠᠶᠢᠰᠢᠩ ᠭᠡᠬᠦ ᠮᠡᠳᠦ ᠶᠢᠨ ᠡᠶᠢᠮᠦᠷᠬᠦᠦ ᠪᠠᠶᠢᠰᠢᠩ ᠨᠡᠷ᠎ᠡ ᠲᠠᠢ | ᠭᠠᠵᠠᠷ ᠣᠳᠤ ᠲᠦᠷᠪᠡᠨ ᠵᠠᠭᠤ ᠭᠠᠷᠤᠢ ᠪᠠᠶᠢᠭ᠎ᠠ ᠭᠡᠨ᠎ᠡ᠃ | ᠡᠨᠡ ᠪᠠᠶᠢᠰᠢᠩ ᠢ ᠬᠡᠨ ᠪᠠᠶᠢᠭᠤᠯᠤᠭᠰᠠᠨ ᠪᠣᠢ︖ ᠠᠯᠲᠠᠨ ᠬᠠᠨ ᠤ ᠦᠶ᠎ᠡ ᠳᠤ ᠲᠦᠮᠡᠳ ᠤᠨ ᠲᠠᠯ᠎ᠠ | ᠳᠡᠭᠡᠷ᠎ᠡ ᠮᠠᠰᠢ ᠠᠷᠪᠢᠨ ᠪᠠᠶᠢᠰᠢᠩ ᠭᠡᠷ ᠢ ᠴᠠᠭᠠᠴᠢᠨ ᠬᠢᠳᠡᠳ ᠢᠷᠭᠡᠳ ᠪᠠᠶᠢᠭᠤᠯᠵᠠᠢ᠃ᠲᠤᠬᠠᠢ ᠶᠢᠨ ᠦᠶ᠎ᠡ ᠳᠤ | ᠮᠤᠩᠭᠤᠯᠴᠤᠳ ᠮᠤᠩᠭᠤᠯ ᠭᠡᠷ ᠲᠤ ᠰᠠᠭᠤᠵᠤ ᠪᠠᠶᠢᠭᠰᠠᠨ᠂ ᠡᠶᠢᠮᠦ ᠰᠢᠷᠤᠢ ᠪᠠᠷ ᠪᠠᠷᠢᠭᠰᠠᠨ ᠬᠠᠴᠢᠨ ᠶᠠᠭᠤᠮ᠎ᠠ ᠶᠢ | ᠦᠵᠡᠭᠡᠳ ᠰᠣᠨᠢᠷᠬᠠᠨ᠎ᠠ ᠰᠢᠳᠡ᠃ ᠢᠩᠭᠢᠭᠡᠳ ᠮᠤᠩᠭᠤᠯᠴᠤᠳ ᠲᠡᠳᠡᠨ ᠠᠴᠠ ᠡᠨᠡ ᠣᠳᠤ ᠶᠠᠭᠤ ᠪᠤᠢ︖ ᠲᠠ | ᠨᠠᠷ ᠴᠢᠨᠢ ᠶᠠᠭᠤᠨ ᠤ ᠬᠦᠮᠦᠨ ᠪᠤᠢ︖ ᠭᠡᠵᠦ ᠠᠰᠠᠭᠤᠪᠠᠯ ᠬᠢᠲᠠᠳ ᠤᠳ ᠬᠠᠷᠢᠭᠤ ᠳᠤᠨᠢ ᠪᠢᠳᠡ ᠪᠣᠯ ᠯᠤᠤ | ᠪᠠᠶᠢᠰᠢᠩ ︵老百姓) ᠪᠠᠶᠢᠨ᠎ᠠ ᠭᠡᠳᠡᠭ ᠶᠤᠮ ᠪᠠᠶᠢᠨ᠎ᠠ᠃ ᠲᠡᠭᠡᠬᠦᠯᠡᠷ ᠮᠤᠩᠭᠤᠯᠴᠤᠳ᠂ ᠣᠤ᠂ ᠲᠡᠭᠡᠪᠡᠯ | ᠡᠨᠡ ᠴᠢᠨᠢ ᠪᠠᠶᠢᠰᠢᠩ ᠭᠡᠵᠦ ᠤᠶᠢᠯᠠᠭᠠᠵᠤ ᠪᠠᠶᠢᠰᠢᠩ ᠭᠡᠳᠡᠭ ᠨᠡᠷ᠎ᠡ ᠢᠩᠭᠢᠵᠦ ᠢᠷᠡᠭᠰᠡᠨ ᠭᠡᠳᠡᠭ᠃ | ᠲᠠᠪᠤᠳᠤᠭᠠᠷ ᠲᠤ᠂ ᠮᠢᠩ ᠤᠯᠤᠰ ᠤᠨ ᠴᠠᠭᠠᠨ ᠬᠡᠷᠡᠮ ᠨᠢ ᠠᠯᠲᠠᠨ ᠬᠠᠨ ᠲᠠᠢ ᠬᠤᠯᠪᠣᠭᠳᠠᠯ ᠲᠠᠢ᠃ | ᠠᠮᠧᠷᠢᠺᠡ ᠶᠢᠨ ᠰᠠᠨᠰᠠᠷ ᠤᠨ ᠨᠢᠰᠦᠭᠴᠢ ᠰᠠᠨᠰᠠᠷ ᠳᠡᠭᠡᠷ᠎ᠡ ᠭᠠᠷᠤᠭᠠᠳ ᠳᠡᠯᠡᠭᠡᠢ ᠶᠢᠨ ᠪᠦᠮᠪᠦᠷᠴᠡᠭ ᠢ | ᠠᠵᠢᠭᠯᠠᠬᠤ ᠳᠤ ᠬᠦᠮᠦᠨ ᠤ ᠭᠠᠷ ᠢᠶᠠᠷ ᠪᠦᠳᠦᠭᠡᠭᠰᠡᠨ ᠶᠠᠭᠤᠮ᠎ᠠ ᠭᠠᠭᠴᠠᠬᠠᠨ ᠯᠠ ᠬᠠᠷᠠᠭᠳᠠᠳᠠᠭ ᠶᠤᠮ ᠭᠡᠨ᠎ᠡ᠂ ᠡᠨᠡ | ᠨᠢ ᠶᠠᠭᠤ ᠶᠤᠮ ᠪᠤᠢ︖ ᠭᠡᠪᠡᠯ ᠮᠢᠩ ᠤᠯᠤᠰ ᠤᠨ ᠴᠠᠭᠠᠨ ᠬᠡᠷᠡᠮ ᠶᠤᠮ ᠭᠡᠨ᠎ᠡ᠃ | ᠡᠷᠲᠡ ᠦᠶ᠎ᠡ ᠳᠡᠭᠡᠨ ᠪᠠᠶᠢᠯᠳᠤᠭᠠᠨᠲᠤ ᠤᠯᠤᠰ ᠤᠨ ᠴᠠᠭᠠᠨ ᠬᠡᠷᠡᠮ ᠭᠡᠵᠦ ᠪᠠᠶᠢᠭᠰᠠᠨ᠂ ᠭᠡᠪᠡᠴᠦ ᠦᠨᠦᠳᠦᠷ | ᠪᠣᠯᠬᠤ ᠳᠤ ᠪᠠᠶᠢᠯᠳᠤᠭᠠᠨᠲᠤ ᠤᠯᠤᠰ ᠤᠨ ᠴᠠᠭᠠᠨ ᠬᠡᠷᠡᠮ ᠤᠨ ᠣᠯᠠᠩᠬᠢ ᠨᠢ ᠨᠤᠷᠠᠵᠤ ᠡᠪᠳᠡᠷᠡᠭᠡᠳ ᠪᠠᠶᠢᠬᠤ ᠦᠭᠡᠢ | ᠪᠣᠯᠵᠠᠢ᠃ ᠣᠳᠤ ᠦᠯᠡᠳᠡᠵᠦ ᠪᠠᠶᠢᠭ᠎ᠠ ᠨᠢ ᠪᠣᠯ ᠮᠢᠩ ᠤᠯᠤᠰ ᠤᠨ ᠴᠠᠭᠠᠨ ᠬᠡᠷᠡᠮ᠃ ᠲᠡᠭᠡᠪᠡᠯ ᠮᠢᠩ ᠤᠯᠤᠰ ᠤᠨ | ᠴᠠᠭᠠᠨ ᠬᠡᠷᠡᠮ ᠢ ᠬᠡᠨ ᠪᠠᠶᠢᠭᠤᠯᠤᠭᠰᠠᠨ ᠪᠣᠢ︖ ᠶᠠᠷᠢᠶᠠᠨ ᠦᠭᠡᠢ ᠬᠢᠲᠠᠳ ᠬᠦᠮᠦᠨ ᠪᠠᠶᠢᠭᠤᠯᠤᠭᠰᠠᠨ᠃ | ᠬᠢᠲᠠᠳ ᠤᠳ ᠶᠠᠭᠠᠬᠢᠭᠠᠳ ᠡᠨᠡ ᠬᠡᠷᠡᠮ ᠢ ᠪᠠᠶᠢᠭᠤᠯᠤᠭᠰᠠᠨ ᠪᠤᠢ ᠭᠡᠪᠡᠯ᠂ ᠶᠠᠷᠢᠶᠠᠨ ᠦᠭᠡᠢ ᠮᠤᠩᠭᠤᠯᠴᠤᠳ ᠢ | ᠰᠡᠷᠭᠡᠶᠢᠯᠡᠬᠦ ᠶᠢᠨ ᠲᠦᠯᠦᠭᠡ᠃ ᠲᠡᠷᠡ ᠦᠶ᠎ᠡ ᠳᠤ ᠮᠤᠩᠭᠤᠯᠴᠤᠳ ᠳᠠᠩᠳᠠ ᠴᠠᠭᠠᠨ ᠬᠡᠷᠡᠮ ᠠᠴᠠ ᠡᠮᠦᠨᠡᠰᠢ ᠣᠷᠣᠵᠤ | ᠬᠢᠲᠠᠳ ᠭᠠᠵᠠᠷ ᠢ ᠪᠤᠯᠢᠶᠠᠨ ᠳᠡᠭᠡᠷᠡᠮᠳᠡᠳᠡᠭ ᠪᠠᠶᠢᠭᠰᠠᠨ ᠤ ᠳᠣᠲᠣᠷ᠎ᠠ ᠬᠠᠮᠤᠭ ᠠᠴᠠ ᠭᠡᠴᠡᠭᠦᠣ ᠳᠣᠪᠳᠣᠯᠵᠤ | ᠪᠠᠶᠢᠭᠰᠠᠨ ᠨᠢ ᠠᠯᠲᠠᠨ ᠬᠠᠨ᠃ ᠡᠶᠢᠮᠦ ᠤᠴᠢᠷ ᠠᠴᠠ ᠴᠠᠭᠠᠨ ᠬᠡᠷᠡᠮ ᠪᠠᠰᠠ ᠠᠯᠲᠠᠨ ᠬᠠᠭᠠᠨ ᠲᠠᠢ ᠶᠡᠭᠡ | ᠬᠤᠯᠪᠣᠭᠳᠠᠯ ᠲᠠᠢ ᠭᠡᠵᠦ ᠬᠡᠯᠡᠵᠦ ᠪᠣᠯᠣᠨ᠎ᠠ᠃ | ᠬᠤᠶᠠᠷ᠂ ᠠᠯᠲᠠᠨ ᠬᠠᠨ ᠤ《 ᠫᠠᠰᠫᠤᠷᠲ》 | ᠠᠯᠲᠠᠨ ᠬᠠᠨ ᠢ ᠤᠯᠠᠮ ᠨᠢᠭᠡ ᠠᠯᠬᠤᠮ ᠲᠠᠨᠢᠭᠤᠯᠬᠤ ᠶᠢᠨ ᠲᠦᠯᠦᠭᠡ ᠬᠠᠮᠤᠭ ᠤᠨ ᠪᠠᠭᠴᠠᠬᠠᠨ ᠬᠡᠳᠦᠨ | ᠦᠭᠡ ᠪᠠᠷ ᠶᠠᠭ ᠣᠳᠤ ᠶᠢᠨ ᠬᠤᠪᠢ ᠬᠦᠮᠦᠨ ᠤ ᠫᠠᠰᠫᠤᠷᠲ ᠤᠨ ᠶᠣᠰᠤᠭᠠᠷ ᠲᠡᠤᠬᠡᠨ ᠭᠠᠷᠤᠯ ᠢ ᠨᠢ ᠢᠩᠭᠢᠵᠦ | ᠬᠤᠷᠢᠶᠠᠩᠭᠤᠶᠢᠯᠠᠵᠤ ᠪᠣᠯᠣᠨ᠎ᠠ᠃ | 1.ᠨᠡᠷ᠎ᠡ᠂ ᠠᠯᠲᠠᠨ᠂ ᠡᠷᠭᠦᠮᠵᠢᠯᠡᠭᠰᠡᠨ ᠨᠡᠷ᠎ᠡ ᠲᠦᠰᠢᠶᠡᠳᠦ ᠠᠯᠲᠠᠨ ᠬᠠᠨ᠂ ᠠᠯᠲᠠᠨ ᠬᠠᠨ᠂ ᠠᠯᠲᠠᠨ ᠭᠡᠭᠡᠨ ᠬᠠᠨ᠂ | ᠰᠢᠳᠦ ᠬᠠᠨ᠂ ᠰᠤᠤᠲᠦ ᠬᠠᠨ᠂ ᠴᠠᠭ ᠤᠨ ᠬᠦᠷᠳᠦᠨ ᠢ ᠡᠷᠭᠢᠬᠦᠯᠦᠭᠴᠢ ᠴᠡᠭᠷᠡᠸᠡᠷᠳᠢ ᠠᠯᠲᠠᠨ ᠬᠠᠨ᠂ ᠮᠢᠩᠭᠠᠨ | ᠠᠯᠲᠠᠨ ᠬᠦᠷᠳᠦᠨ ᠢ ᠡᠷᠭᠢᠬᠦᠯᠦᠭᠴᠢ ᠴᠡᠭᠷᠡᠸᠡᠷᠳᠢ ᠠᠯᠲᠠᠨ ᠬᠠᠨ ᠭᠡᠬᠦ ᠮᠡᠳᠦ ᠶᠢᠨ ᠠᠷᠪᠢᠨ ᠴᠤᠯᠠ ᠲᠠᠢ ᠪᠠᠷ ᠪᠠᠷᠠᠬᠤ | ᠦᠭᠡᠢ ᠬᠢᠲᠠᠳ ᠤᠨ ᠲᠠᠯ᠎ᠠ ᠠᠴᠠ ᠲᠡᠭᠦᠨ ᠳᠤ ᠪᠠᠰᠠ ᠱᠦᠨ ᠢ ᠸᠠᠩ ︵顺义王) ᠭᠡᠰᠡᠨ ᠨᠡᠷ᠎ᠡ | ᠦᠭᠬᠦᠭᠰᠡᠨ ᠪᠠᠶᠢᠳᠠᠭ᠃ ᠬᠢᠲᠠᠳ᠂ ᠮᠤᠩᠭᠤᠯ᠂ ᠲᠦᠪᠡᠳ᠂ ᠳᠡᠯᠡᠬᠡᠢ ᠶᠢᠨ ᠡᠯ᠎ᠡ ᠭᠠᠵᠠᠷ ᠤᠨ ᠰᠣᠨᠢᠷᠬᠠᠯ ᠢ ᠶᠡᠭᠡ | ᠲᠠᠳᠠᠵᠦ ᠪᠠᠶᠢᠭᠰᠠᠨ ᠬᠦᠮᠦᠨ ᠪᠠᠶᠢᠵᠠᠢ᠃ | 2.ᠣᠪᠤᠭ᠂ ᠬᠡᠯᠡᠯᠭᠡᠨ ᠦᠭᠡᠢ ᠬᠢᠶᠠᠨ ᠪᠣᠷᠵᠢᠭᠢᠨ ᠣᠪᠤᠭᠳᠠᠨ᠂ ᠴᠢᠩᠭᠢᠰ ᠬᠠᠭᠠᠨ ᠤ17 ᠳ᠋ᠤᠭᠠᠷ ᠦᠶ᠎ᠡ ᠶᠢᠨ | ᠠᠬᠤᠯ ᠠᠴᠢ᠃ | 3. ᠬᠦᠢᠰᠦ᠂ ᠡᠷᠡᠭᠲᠡᠢ᠃ | 4.ᠦᠨᠳᠦᠰᠦᠳᠡᠨ᠂ ᠮᠤᠩᠭᠤᠯ ᠦᠨᠳᠦᠰᠦᠳᠡᠨ᠃ | 5.ᠨᠠᠰᠤ᠂1507 ᠣᠨ ᠳᠤ ᠲᠦᠷᠦᠵᠦ᠂1582 ᠣᠨ ᠳᠤ ᠨᠠᠰᠤ ᠪᠠᠷᠠᠭᠰᠠᠨ᠂ ᠳᠠᠯᠠᠨ ᠲᠠᠪᠤᠨ ᠨᠠᠰᠤᠯᠠᠭᠰᠠᠨ ᠃ | ᠭᠡᠪᠡᠴᠦ ᠵᠠᠷᠢᠮ ᠡᠷᠳᠡᠮᠳᠡᠳ1508 ᠣᠨ ᠳᠤ ᠮᠡᠨᠳᠦᠯᠡᠭᠰᠡᠨ ᠭᠡᠵᠦ ᠦᠵᠡᠵᠦ ᠪᠠᠶᠢᠨ᠎ᠠ᠃ | 6.ᠲᠦᠷᠦᠭᠰᠡᠨ ᠨᠤᠲᠤᠭ᠂ ᠠᠯᠲᠠᠨ ᠬᠠᠨ ᠤ ᠤᠤᠭᠤᠭᠰᠠᠨ ᠤᠰᠤ ᠤᠨᠠᠭᠰᠠᠨ ᠰᠢᠷᠦᠢ ᠪᠣᠯ ᠦᠨᠦᠲᠦᠷ ᠤᠨ | ᠴᠠᠬᠠᠷ ᠤᠨ ᠬᠦᠬᠡ ᠳᠡᠷᠡᠰᠦ ᠭᠡᠰᠡᠨ ᠭᠠᠵᠠᠷ ᠪᠣᠯᠣᠨ᠎ᠠ᠃ | 7.ᠲᠤᠬᠠᠶᠢᠯᠠᠭᠰᠠᠨ ᠠᠵᠢᠯ᠂ ᠬᠠᠨ᠂ ᠳᠠᠷᠤᠢ ᠮᠤᠩᠭᠤᠯ ᠤᠨ ᠪᠠᠷᠠᠭᠤᠨ ᠭᠤᠷᠪᠠᠨ ᠲᠦᠮᠡᠨ ᠤ ᠠᠷᠪᠠᠨ ᠬᠤᠶᠠᠷ | ᠣᠲᠤᠭ ᠲᠦᠮᠡᠳ ᠤᠨ ᠬᠠᠨ᠃ ᠮᠤᠩᠭᠤᠯᠴᠤᠳ ᠪᠣᠯᠣᠨ ᠬᠢᠲᠠᠳ ᠤᠳ ᠲᠤ ᠬᠠᠭᠠᠨ ᠪᠠ ᠬᠠᠨ ᠤ ᠲᠤᠬᠠᠢ ᠲᠤᠰᠬᠠᠢ | ᠬᠡᠯᠡᠯᠭᠡ ᠪᠠᠶᠢᠳᠠᠭ᠂ ᠮᠠᠨ ᠤ ᠮᠤᠩᠭᠤᠯᠴᠤᠳ ᠤᠨ ᠶᠠᠷᠢᠳᠠᠭ ᠬᠠᠭᠠᠨ ᠭᠡᠳᠡᠭ ᠪᠣᠯ ᠴᠢᠩᠭᠢᠰ ᠬᠠᠭᠠᠨ ᠠᠴᠠ ᠯᠢᠭᠳᠡᠨ | ᠬᠤᠳᠤᠭᠳᠤ ᠬᠠᠭᠠᠨ ᠬᠦᠷᠲᠡᠯᠡᠬᠢ ︵1206—1634 ᠬᠦᠷᠳᠡᠯ᠎ᠠ︶ ᠮᠠᠨ ᠤ ᠮᠤᠩᠭᠤᠯ ᠤᠨ36 ᠲᠣᠮᠣ ᠬᠠᠭᠠᠨ ᠢ | ᠬᠡᠯᠡᠵᠦ ᠪᠣᠢ᠃ | ᠲᠡᠭᠡᠪᠡᠯ ᠠᠯᠲᠠᠨ᠂ ᠬᠠᠭᠠᠨ ᠮᠦᠨ ᠤᠤ ᠪᠢᠰᠢ ᠤᠤ︖ ᠲᠡᠷᠡ ᠪᠣᠯ ᠵᠦᠪᠬᠡᠨ ᠬᠠᠨ᠂ ᠬᠠᠨ ᠨᠢ | ᠬᠠᠮᠢᠭᠠᠬᠢ ᠶᠢᠨ ᠬᠠᠨ ᠪᠣᠢ︖ ᠠᠯᠲᠠᠨ ᠬᠠᠨ ᠪᠣᠯ12 ᠣᠲᠤᠭ ᠲᠦᠮᠡᠳ ᠤᠨ ᠬᠠᠨ᠂ ᠦᠭᠡᠷ᠎ᠡ ᠪᠠᠷ ᠬᠡᠯᠡᠪᠡᠯ | ᠦᠨᠦᠳᠦᠷ ᠤᠨ ᠬᠦᠬᠡᠬᠤᠳᠠ ᠶᠢᠨ ᠣᠷᠴᠢᠮ᠂ ᠲᠦᠮᠡᠳ ᠵᠡᠬᠦᠨ ᠬᠤᠰᠢᠭᠤ᠂ ᠲᠦᠮᠡᠳ ᠪᠠᠷᠠᠭᠤᠨ ᠬᠤᠰᠢᠭᠤ᠂ ᠣᠳᠤ | ᠶᠢᠨ ᠪᠢᠳᠡᠨ ᠤ ᠤᠬᠠᠭᠳᠠᠬᠤᠨ ᠳᠣᠲᠣᠷᠠᠬᠢ ᠡᠨᠡ ᠨᠢᠭᠡ ᠭᠡᠰᠡᠭ ᠭᠠᠵᠠᠷ ᠤᠨ ᠬᠠᠨ᠂ ᠭᠡᠪᠡᠴᠦ ᠲᠤᠬᠠᠢ ᠶᠢᠨ ᠦᠶ᠎ᠡ | ᠶᠢᠨ ᠲᠦᠮᠡᠳ ᠭᠡᠳᠡᠭ ᠪᠣᠯ ᠡᠶᠢᠮᠦ ᠵᠢᠭᠠᠬᠠᠨ ᠭᠠᠵᠠᠷ ᠪᠢᠰᠢ᠂ ᠲᠡᠭᠦᠨ ᠤ ᠨᠤᠲᠤᠭ ᠳᠡᠪᠢᠰᠭᠡᠷ ᠡᠮᠦᠨᠡᠰᠢ ᠪᠠᠨ ᠴᠠᠭᠠᠨ | ᠬᠡᠷᠡᠮ ᠬᠤᠶᠢᠰᠢ ᠪᠠᠨ ᠪᠣᠯ ᠮᠤᠩᠭᠤᠯ ᠤᠯᠤᠰ ᠤᠨ ᠬᠠᠩᠭᠠᠢ ᠨᠢᠷᠤᠭᠤ᠂ ᠵᠡᠭᠦᠨᠰᠢ ᠪᠠᠨ ᠯᠢᠶᠤᠤᠳᠦ᠋ᠩ ᠬᠦᠷᠴᠦ᠂ | ᠪᠠᠷᠠᠭᠤᠨᠰᠢ ᠪᠠᠨ ᠪᠣᠯ ᠲᠦᠪ ᠠᠽᠢᠶ᠎ᠠ᠂ ᠬᠦᠬᠡᠨᠠᠭᠤᠷ ᠲᠦᠪᠡᠳ ᠤᠨ ᠦᠨᠳᠦᠷᠯᠢᠭ ᠬᠦᠷᠴᠦ ᠪᠠᠶᠢᠭᠰᠠᠨ᠂ ᠡᠶᠢᠮᠦᠷᠭᠦᠣ | ᠲᠣᠮᠣ ᠭᠠᠵᠠᠷ ᠣᠷᠣᠨ ᠢ ᠡᠷᠬᠡᠰᠢᠶᠡᠵᠦ ᠪᠠᠶᠢᠭᠰᠠᠨ ᠬᠠᠨ ᠪᠣᠯᠣᠨ᠎ᠠ᠃ | 8.ᠳᠤᠷ᠎ᠠ ᠰᠣᠨᠢᠷᠬᠠᠯ᠂ ᠤᠯᠤᠰ ᠲᠦᠷᠦ᠂ ᠰᠡᠭᠦᠯ ᠤᠨ ᠦᠶ᠎ᠡ ᠳᠤ ᠰᠢᠷ᠎ᠠ ᠶᠢᠨ ᠱᠠᠰᠢᠨ ᠳᠤ ᠮᠠᠰᠢ ᠶᠡᠭᠡ ᠰᠣᠨᠢᠷᠬᠠᠯ | ᠲᠠᠢ ᠪᠣᠯᠣᠭᠰᠠᠨ᠃ | 9.ᠨᠡᠶᠢᠭᠡᠮ ᠤᠨ ᠬᠠᠷᠢᠴᠠᠭ᠎ᠠ᠂ ᠲᠡᠭᠦᠨ ᠤ ᠡᠷᠦᠭᠡ ᠠᠮᠠ ᠶᠢᠨ ᠳᠠᠩᠰᠠ ᠶᠢ ᠳᠡᠯᠭᠡᠨ ᠦᠵᠡᠪᠡᠯ ᠠᠯᠲᠠᠨ ᠬᠠᠨ ᠶᠠᠮᠠᠷ | ᠬᠦᠮᠦᠨ ᠭᠡᠰᠡᠨ ᠢ ᠪᠦᠷ ᠮᠡᠳᠡᠴᠢᠬᠡᠨ᠎ᠡ᠃ ᠲᠡᠭᠦᠨ ᠤ ᠡᠪᠦᠭᠡ ᠡᠴᠢᠭᠡ ᠨᠢ ᠪᠣᠯ ᠪᠠᠲᠤᠮᠦ᠋ᠩᠬᠡ ᠳᠠᠶᠠᠨ ᠬᠠᠭᠠᠨ᠂ | ᠡᠮᠡᠭᠡ ᠡᠵᠢ ᠨᠢ ᠮᠠᠨᠳᠤᠬᠠᠢ ᠰᠡᠴᠡᠨ ᠬᠠᠲᠤᠨ᠂ ᠦᠪᠡᠷ ᠤᠨ ᠡᠴᠢᠭᠡ ᠨᠢ ᠪᠣᠯ ᠪᠠᠷᠰᠪᠣᠯᠣᠳ ᠵᠢᠨᠤᠩ᠂ ᠠᠪᠠᠭᠠᠢ ᠨᠢ | ᠪᠣᠯ ᠰᠠᠨ ᠨᠢᠶᠠᠩᠽᠢ ︵ᠵᠦᠩᠭᠡᠨ ᠬᠠᠳᠤᠨ︶᠂ ᠨᠢᠭᠡ ᠠᠴᠢ ᠬᠦᠤ ᠨᠢ ᠪᠣᠯ ᠲᠦᠷᠪᠡᠳᠦᠭᠡᠷ ᠳᠦᠷᠢ ᠶᠢᠨ ᠳᠠᠯᠠᠢ | ᠯᠠᠮᠠ᠂ ᠪᠠᠰᠠ ᠨᠢᠭᠡ ᠠᠴᠢ ᠬᠦᠤ ᠨᠢ ᠪᠣᠯ ᠬᠤᠳᠤᠭᠳᠠᠢ ᠰᠠᠴᠡᠨ ᠬᠤᠩ ᠲᠠᠶᠢᠵᠢ᠂ ᠦᠪᠡᠷ ᠤᠨ ᠬᠦᠤ ᠨᠢ ᠪᠣᠯ | ᠲᠦᠭᠦᠷᠡᠩᠲᠡᠮᠦᠷ ᠬᠤᠩ ᠲᠠᠶᠢᠵᠢ᠃ | ᠠᠯᠲᠠᠨ ᠬᠠᠨ ᠠᠬ᠎ᠠ ᠲᠡᠭᠦᠤ ᠳᠣᠯᠣᠭᠤᠯᠠ ᠪᠠᠶᠢᠵᠤ᠂ ᠲᠡᠭᠦᠨ ᠤ ᠡᠬᠡ1807 ᠣᠨ ᠤ 12 ᠰᠠᠷ᠎ᠠ | ᠶᠢᠨ30 ᠤ ᠡᠳᠦᠷ ᠨᠢᠭᠡ ᠬᠦᠪᠡᠭᠦᠨ ᠨᠢᠭᠡ ᠦᠬᠢᠨ ᠢ ᠢᠬᠡᠷ᠎ᠡ ᠲᠦᠷᠦᠭᠰᠡᠨ ᠢᠶᠠᠨ《 ᠡᠩᠬᠡ ᠠᠮᠤᠭᠤᠯᠠᠩ ᠲᠦᠷᠦ | ᠶᠣᠰᠤᠨ ᠢ ᠪᠠᠷᠢᠳᠤᠭᠠᠢ》 ᠭᠡᠮᠡᠨ ᠵᠦᠩᠨᠡᠵᠦ᠂ ᠦᠬᠢᠨ ᠢ ᠪᠠᠨ ᠡᠷᠳᠡᠨᠢ ᠮᠦᠩᠭᠦᠨ ᠭᠡᠵᠦ᠂ ᠬᠦᠪᠡᠭᠦᠨ ᠦᠷ᠎ᠡ ᠪᠠᠨ | ᠡᠷᠳᠡᠨᠢ ᠠᠯᠲᠠᠨ ᠭᠡᠮᠡᠨ ᠨᠡᠷᠡᠶᠢᠳᠦᠭᠰᠡᠨ ᠪᠠᠶᠢᠨ᠎ᠠ᠃ ᠠᠯᠲᠠᠨ ᠬᠠᠨ ᠢ ᠭᠤᠷᠪᠠᠨ ᠨᠠᠰᠤᠲᠠᠢ ᠳᠤᠨᠢ《 ᠣᠷᠳᠤᠰ ᠤᠨ | ᠤᠷᠪᠠᠯᠭᠠᠨ》 ᠭᠠᠷᠴᠤ᠂ ᠲᠡᠭᠦᠨ ᠤ ᠡᠴᠢᠭᠡ ᠪᠠᠷᠰᠪᠣᠯᠣᠳ ᠠᠶᠤᠨ ᠰᠦᠷᠲᠡᠵᠦ᠂ ᠦᠪᠡᠷ ᠤᠨ ᠡᠴᠢᠭᠡ | ᠳᠠᠶᠠᠨ ᠤ ᠪᠠᠨ ᠳᠡᠷᠭᠡᠳᠡ ᠳᠤᠲᠠᠭᠠᠵᠤ ᠣᠴᠢᠭᠠᠳ᠂ ᠨᠢᠯᠬ᠎ᠠ ᠪᠠᠭ᠎ᠠ ᠠᠯᠲᠠᠨ ᠢ ᠪᠤᠰᠤᠳ ᠲᠤ ᠦᠭᠴᠦ | ᠠᠰᠠᠷᠠᠭᠤᠯᠪᠠ᠃ ᠬᠤᠵᠢᠮ ᠨᠢ1510 ᠣᠨ ᠳᠤ ᠠᠯᠲᠠᠨ ᠢ ᠡᠪᠦᠭᠡ ᠳᠠᠶᠠᠨ ᠬᠠᠭᠠᠨ ᠳᠤᠨᠢ ᠬᠦᠷᠭᠡᠵᠦ ᠦᠭᠭᠦᠭᠰᠡᠨ | ᠪᠠᠶᠢᠨ᠎ᠠ᠃ ᠲᠡᠷᠡ ᠬᠠᠷᠠᠬᠠᠨ ᠪᠠᠭ᠎ᠠ ᠠᠴᠠ ᠪᠠᠨ ᠠᠬ᠎ᠠ ᠬᠦᠨᠪᠢᠯᠢᠭ ᠢᠶᠠᠨ ᠳᠠᠭᠠᠵᠤ᠂ ᠲᠦᠷᠦ ᠶᠢᠨ ᠦᠢᠯᠡ ᠳᠤ | ᠣᠷᠣᠯᠴᠠᠵᠤ ᠪᠠᠶᠢᠯ᠎ᠠ᠃ | 1528ᠣᠨ ᠳᠤ ᠡᠴᠢᠭᠡ ᠪᠠᠷᠰᠪᠣᠯᠣᠳ ᠨᠢ ᠨᠠᠰᠤ ᠪᠠᠷᠠᠵᠦ᠂ ᠠᠯᠲᠠᠨ ᠲᠦᠮᠡᠳ ᠲᠦᠮᠡᠨ ᠤ ᠴᠡᠷᠢᠭ | ᠵᠠᠰᠠᠭ ᠤᠨ ᠶᠡᠭᠡ ᠡᠷᠬᠡ ᠶᠢ ᠪᠠᠷᠢᠵᠦ᠂1542 ᠣᠨ ᠳᠤ ᠠᠬ᠎ᠠ ᠭᠦᠨᠪᠢᠯᠢᠭ ᠨᠢ ᠴᠤ ᠨᠠᠰᠤ ᠪᠠᠷᠠᠭᠰᠠᠨ ᠠᠴᠠ | ᠬᠤᠶᠢᠰᠢ ᠪᠠᠷᠠᠭᠤᠨ ᠭᠤᠷᠪᠠᠨ ᠲᠦᠮᠡᠨ ᠤ ᠭᠤᠣᠯ ᠡᠷᠬᠡ ᠲᠡᠭᠦᠨ ᠤ ᠭᠠᠷ ᠲᠤ ᠣᠷᠣᠭᠰᠠᠨ ᠪᠠᠶᠢᠨ᠎ᠠ᠃ ᠠᠯᠲᠠᠨ ᠬᠠᠨ | ᠪᠣᠯ ᠤᠮᠠᠷᠠᠲᠤ ᠶᠣᠸᠠᠨ ᠤ ᠳᠤᠮᠳᠠᠴᠢ ᠦᠶ᠎ᠡ ᠳᠠᠬᠢ ᠨᠢᠭᠡ ᠵᠦᠭ ᠢ ᠡᠵᠡᠷᠭᠡᠭᠰᠡᠨ ᠣᠷᠣᠨ ᠨᠤᠲᠤᠭ ᠤᠨ ᠡᠷᠡᠮᠡᠬᠡᠢ | ᠡᠵᠡᠨ ᠶᠤᠮ᠃ ᠲᠡᠷᠡ ᠪᠠᠷᠠᠭᠤᠨ ᠭᠠᠷᠤᠨ12 ᠲᠦᠮᠡᠳ ᠢ ᠵᠢᠷᠠᠭᠠᠳ ᠣᠨ ᠨᠣᠶᠠᠷᠬᠠᠵᠠᠢ᠃ ᠲᠡᠭᠦᠨ ᠤ ᠨᠢᠭᠡ | ᠨᠠᠰᠤᠨ ᠤ ᠦᠢᠯᠡ ᠠᠵᠢᠯᠯᠠᠭ᠎ᠠ ᠨᠢ ᠳᠠᠶᠠᠨ ᠬᠠᠭᠠᠨ ᠠᠴᠠ ᠬᠤᠶᠢᠰᠢᠬᠢ ᠬᠡᠳᠦᠨ ᠦᠶ᠎ᠡ ᠶᠢᠨ ᠬᠠᠭᠠᠳ ᠤᠨ ᠲᠦᠷᠦ | ᠲᠠᠢ ᠬᠤᠯᠪᠤᠭᠳᠠᠳᠠᠭ᠃ ᠠᠯᠲᠠᠨ ᠬᠠᠨ ᠪᠣᠯ ᠮᠠᠨ ᠤ ᠮᠣᠩᠭᠤᠯ ᠤᠨ ᠲᠡᠤᠬᠡᠨ ᠳᠡᠭᠡᠷ᠎ᠡ ᠲᠤᠩ ᠶᠡᠭᠡ ᠨᠡᠷ᠎ᠡ ᠴᠤᠯᠠ | ᠲᠠᠢ᠂ ᠳᠡᠯᠡᠬᠡᠢ ᠶᠢᠨ ᠲᠡᠤᠬᠡᠨ ᠳᠤ᠂ ᠲᠤᠮᠳᠠᠳᠤ ᠤᠯᠤᠰ ᠤᠨ ᠲᠡᠤᠭᠡᠨ ᠳᠤ ᠪᠦᠷ ᠲᠤᠩ ᠶᠡᠭᠡ ᠨᠦᠯᠦᠭᠡ ᠲᠠᠢ | ᠬᠦᠮᠦᠨ ᠪᠣᠯᠣᠨ᠎ᠠ᠃ | | ᠢᠷᠡᠯᠲᠡ᠄ ᠪᠣᠭᠣᠲᠣ | ᠬᠤᠲᠠ ᠶᠢᠨ ᠵᠠᠰᠠᠭ ᠤᠨ ᠣᠷᠳᠤᠨ ᠤ | ᠰᠦᠯᠵᠢᠶ᠎ᠡ | |