ᠬᠦᠮᠤᠨ ᠲᠦᠷᠤᠯᠬᠢᠲᠠᠨ ᠪᠤᠢ ᠪᠤᠯᠬᠤ ᠦᠶ᠎ᠠ ᠠᠴᠠ ᠠᠪᠤᠭᠠᠳ ᠮᠤᠩᠭᠤᠯᠴᠤᠳ ᠤᠨ ᠡᠪᠦᠭᠡ ᠳᠡᠬᠡᠳᠤᠰ | ᠨᠠᠬᠦᠳᠠᠯᠯᠠᠨ ᠮᠠᠯᠵᠢᠯᠬᠤ ᠠᠮᠢᠳᠤᠷᠠᠯ ᠪᠠ ᠠᠩ ᠠᠷᠢᠶᠠᠲᠠᠨ ᠢᠶᠠᠷ ᠰᠢᠮ᠎ᠠ ᠲᠡᠵᠢᠬᠡᠯ ᠪᠤᠯᠭᠠᠬᠤ ᠵᠠᠮ ᠢ ᠰᠤᠩᠭᠤᠭᠰᠠᠨ | ᠪᠠᠶᠢᠨ᠎ᠠ᠃ ᠡᠨᠠᠬᠦ ᠠᠮᠢᠳᠤᠷᠠᠯ ᠤᠨ ᠳᠤᠮᠳᠠ ᠲᠠᠳᠡᠨ ᠳᠤ ᠡᠷᠬᠡᠪᠰᠢ ᠬᠠᠷᠬᠢᠰ ᠬᠡᠷᠴᠡᠬᠡᠢ ᠠᠩ ᠠᠷᠢᠶᠠᠲᠠᠨ ᠠᠴᠠ ᠠᠮᠢ | ᠪᠠᠶ᠎ᠠ ᠪᠠᠨ ᠬᠠᠮᠠᠭᠠᠯᠠᠬᠤ ᠪᠤᠶᠤ ᠠᠩ ᠬᠦᠷᠤᠬᠡ ᠬᠢᠬᠦ ᠳᠤ ᠬᠡᠷᠡᠭᠰᠡᠬᠦ ᠪᠠᠭᠠᠵᠢ ᠬᠡᠷᠡᠭᠲᠠᠢ ᠪᠤᠯᠤᠭᠰᠠᠨ ᠤᠴᠢᠷ ᠤᠷᠲᠤ | ᠤᠳᠠᠭᠠᠨ ᠬᠤᠭᠤᠴᠠᠭᠠᠨ ᠤ ᠠᠮᠢᠳᠤᠷᠠᠯ ᠦᠢᠯᠠᠳᠤᠯᠬᠡ ᠶᠢᠨ ᠳᠤᠮᠳᠠ ᠠᠴᠠ ᠤᠶᠤᠨ ᠤᠬᠠᠭᠠᠨ ᠪᠠᠨ ᠬᠦᠳᠡᠯᠬᠡᠨ᠂ | ᠤᠷ᠎ᠠ ᠮᠡᠷᠬᠡᠵᠢᠯ ᠵᠠᠷᠤᠵᠤ ︽ᠨᠤᠮᠤ ᠰᠠᠭᠠᠳᠠᠭ︾ ᠬᠡᠬᠦ ᠡᠨᠠᠬᠦ ᠪᠠᠭᠠᠵᠢ ᠶᠢ ᠡᠬᠦᠳᠤᠨ ᠪᠦᠲᠤᠬᠡᠵᠤ᠂ ᠬᠠᠷᠬᠢᠰ ᠬᠡᠷᠴᠠᠬᠡᠢ | ᠠᠩ ᠠᠷᠢᠶᠠᠲᠠᠨ ᠠᠴᠠ ᠪᠠᠶ᠎ᠠ ᠪᠠᠨ ᠬᠠᠮᠠᠭᠠᠯᠠᠭᠰᠠᠨ ᠪᠠ ᠬᠦᠴᠤ ᠬᠦᠯᠤᠰᠤ ᠭᠠᠷᠭᠠᠯ ᠦᠬᠡᠢ ᠠᠩ ᠬᠦᠷᠤᠭᠡᠰᠤ ᠶᠢ | ᠠᠩᠨᠠᠵᠤ ᠴᠢᠳᠠᠬᠤ ᠪᠤᠯᠵᠠᠢ᠃ ᠬᠠᠮᠤᠭ ᠤᠨ ᠡᠷᠲᠠᠨ ᠤ ︽ᠨᠤᠮᠤ ᠰᠠᠭᠠᠳᠠᠭ︾ ᠪᠤᠯ ᠽᠠᠨᠳᠠᠨ᠂ ᠬᠤᠰᠤ᠂ ᠬᠠᠷᠭᠠᠢ᠂ | ᠤᠯᠢᠶᠠᠰᠤ᠂ ᠪᠤᠷᠭᠠᠰᠤ ᠵᠡᠷᠬᠡ ᠬᠠᠷᠢᠮᠬᠬᠠᠢ ᠴᠢᠨᠠᠷᠲᠠᠢ ᠮᠤᠳᠤ ᠪᠠᠷ ᠨᠤᠮᠤ ᠵᠠᠰᠠᠵᠤ᠂ ᠲᠠᠪᠢᠯᠬᠠᠢ᠂ ᠶᠠᠷᠭᠠᠢ᠂ ᠴᠢᠨᠳᠠᠨ᠂ | ᠬᠠᠷ᠎ᠠ ᠮᠤᠲᠤ ᠵᠡᠷᠬᠡ ᠬᠠᠲᠠᠭᠤ ᠴᠢᠨᠠᠷᠲᠠᠢ ᠮᠤᠲᠤ ᠪᠠᠷ ᠰᠤᠮᠤ ᠵᠠᠰᠠᠵᠤ᠂ ᠦᠵᠤᠬᠦᠷ ᠢ ᠬᠤᠷᠴᠠ ᠱᠤᠪᠤᠭᠤᠷ ᠪᠤᠯᠭᠠᠵᠤ | ᠂ ᠠᠷᠤ ᠲᠠᠯ᠎ᠠ ᠳᠤᠨᠢ ᠭᠤᠷᠪᠠᠯᠵᠢᠨ ᠰᠢᠪᠠᠭᠤᠨ ᠤ ᠦᠳᠤ ᠤᠭᠯᠠᠵᠤ ᠵᠠᠰᠠᠳᠠᠭ ᠪᠠᠶᠢᠨ᠎ᠠ᠃ ᠨᠤᠮᠤ ᠰᠠᠭᠠᠳᠠᠭ ᠤᠨ | ᠬᠦᠪᠴᠢ ᠶᠢ ᠮᠠᠯ᠂ ᠠᠩ ᠬᠦᠷᠤᠬᠡᠰᠤ ᠶᠢᠨ ᠠᠷᠠᠰᠤ ᠪᠤᠶᠤ ᠰᠢᠷᠪᠤᠰᠤ ᠪᠠᠷ ᠬᠢᠳᠡᠭ ᠪᠠᠶᠢᠨ᠎ᠠ᠃ ᠬᠦᠮᠤᠨ | ᠲᠦᠷᠤᠯᠬᠢᠲᠠᠨ ᠤ ᠨᠡᠶᠢᠬᠡᠮ ᠤᠨ ᠬᠦᠭᠵᠢᠯᠲᠠ ᠶᠢᠨ ᠳᠤᠮᠲᠠ ᠨᠤᠮᠤ ᠰᠤᠮᠤ ᠬᠦᠭᠵᠢᠵᠤ᠂ ᠦᠬᠡᠷ ᠤᠨ ᠡᠪᠠᠷ ᠨᠤᠮᠤ | ᠰᠠᠭᠠᠳᠠᠭ᠂ ᠬᠤᠯᠤᠰᠤᠨ ᠮᠤᠲᠤ ᠨᠢ ᠨᠤᠮᠤ ᠰᠠᠭᠠᠳᠠᠭ ᠪᠤᠯᠵᠤ᠂ ᠰᠤᠮᠤᠨ ᠦᠵᠤᠬᠦᠷ ᠲᠣ ᠵᠡᠰ᠂ ᠲᠠᠮᠤᠷ ᠤᠭᠯᠠᠬᠤ | ᠪᠤᠯᠤᠭᠰᠠᠨ ᠪᠠᠶᠢᠨ᠎ᠠ᠃ ᠡᠨᠠ ᠨᠢ ᠡᠷᠲᠠᠨ ᠤ ᠬᠠᠮᠤᠭ ᠤᠨ ᠠᠩᠬᠠᠨ ᠤ ᠨᠤᠮᠤ ᠰᠠᠭᠠᠳᠠᠭ ᠤᠨ ᠬᠡᠷᠡᠭᠯᠡᠬᠡᠨ ᠪᠤᠯᠬᠤ ᠶᠤᠮ᠃ | ᠨᠤᠮᠤ ᠰᠠᠭᠠᠳᠠᠭ ᠤᠨ ᠤᠳᠠᠭᠠᠨ ᠬᠦᠭᠵᠢᠯᠲᠡ ᠶᠢᠨ ᠳᠤᠮᠳᠠ ᠠᠩ ᠬᠦᠷᠤᠭᠡᠰᠤ ᠠᠪᠠᠯᠠᠬᠤ᠂ ᠪᠠᠶ᠎ᠠ ᠪᠠᠨ ᠬᠠᠮᠠᠭᠠᠯᠬᠤ | ᠪᠠᠭᠠᠵᠢ ᠪᠠᠶᠢᠭᠰᠠᠨ ᠠᠴᠠ ᠪᠠᠨ ᠬᠦᠮᠤᠨ ᠲᠦᠷᠤᠯᠬᠢᠲᠠᠨ ᠤ ᠬᠠᠷᠢᠯᠴᠠᠨ ᠭᠠᠵᠠᠷ ᠨᠤᠲᠤᠭ᠂ ᠠᠰᠢᠭ ᠬᠤᠨᠵᠢᠭ᠂ ᠨᠡᠷ᠎ᠠ | ᠲᠦᠷᠤ ᠪᠤᠯᠢᠶᠠᠯᠳᠤᠬᠤ ᠲᠡᠮᠡᠴᠠᠯ ᠤᠨ ᠳᠤᠮᠳᠠ ᠬᠠᠷᠢ ᠶᠢᠨ ᠳᠠᠶᠢᠰᠤᠨ ᠢᠶᠠᠨ ᠤᠰᠠᠳᠬᠠᠬᠤ ᠵᠡᠪᠰᠡᠭ ᠪᠤᠯᠤᠨ | ᠬᠤᠪᠢᠷᠠᠭᠰᠠᠨ ᠪᠠ ᠵᠤᠭ᠎ᠠ ᠴᠡᠩᠬᠡᠯ ᠨᠠᠭᠠᠳᠤᠮ ᠤᠨ ᠳᠤᠮᠳᠠ ᠬᠦᠮᠤᠰ ᠡᠷ᠎ᠠ ᠴᠢᠳᠠᠯ ᠶᠢᠨ ᠰᠢᠯᠭᠠᠬᠤ ᠮᠦᠷᠦ᠋ᠢᠴᠡᠬᠡᠨ ᠤ | ᠨᠢᠬᠡ ᠤᠨᠴᠠᠭᠠᠢ ᠬᠦᠳᠡᠯᠬᠡᠬᠡᠨ ᠤ ᠲᠦᠷᠤᠯ ᠵᠦᠢᠯ ᠪᠤᠯᠵᠤ ᠬᠤᠪᠢᠷᠠᠭᠰᠠᠨ ᠪᠠᠶᠢᠨ᠎ᠠ᠃ | ᠮᠤᠩᠭᠤᠯᠴᠤᠳ ᠨᠤᠮᠤ ᠰᠠᠭᠠᠳᠠᠭ ᠯᠤᠭ᠎ᠠ ᠶᠢᠨ ᠬᠤᠪᠢ ᠪᠠᠷᠢᠯᠳᠤᠯᠭ᠎ᠠ ᠬᠡᠵᠤ ᠶᠠᠷᠤ ᠨᠢ ᠮᠦᠩᠬᠡ ᠲᠡᠭᠷᠢ ᠠᠴᠠ | ᠵᠠᠶᠠᠭᠠᠭᠰᠠᠨ ᠦᠪ ᠪᠦᠲᠤᠬᠡᠯ ᠪᠤᠯᠬᠤ ᠶᠤᠰᠤᠲᠠᠢ᠃ ᠮᠤᠩᠭᠤᠯ ᠦᠨᠳᠤᠰᠤᠲᠠᠨ ᠨᠤᠮᠤ ᠰᠠᠭᠠᠳᠠᠭ ᠵᠤᠬᠢᠶᠠᠵᠤ | ᠬᠡᠷᠡᠭᠯᠡᠭᠰᠠᠨ ᠲᠤᠬᠠᠢ ᠭᠠᠳᠠᠭᠠᠳᠤ ᠳᠤᠲᠤᠭᠠᠳᠤ ᠶᠢᠨ ᠰᠤᠳᠤᠯᠤᠭᠠᠴᠢᠳ ᠤᠨ ᠤᠯᠠᠨ ᠦᠨᠳᠤᠰᠤ ᠪᠠᠷᠢᠮᠲᠠᠯᠠᠯ᠂ | ᠰᠢᠨᠵᠢᠯᠡᠭᠡ ᠰᠤᠳᠤᠯᠤᠯ ᠳᠤ ᠰᠠᠭᠤᠷᠢᠯᠠᠭᠰᠠᠨ ᠶᠠᠩᠵᠤ ᠪᠦᠷᠢ ᠶᠢᠨ ᠬᠡᠯᠡᠯᠬᠡ ᠪᠠᠶᠢᠳᠠᠭ ᠪᠤᠯᠪᠠᠴᠤ ᠠᠯᠢ ᠡᠷᠲᠠ | ᠮᠤᠩᠭᠤᠯ ᠤᠨ ᠤᠭ ᠤᠭᠰᠠᠭ᠎ᠠ ᠪᠤᠯᠬᠤ ᠾᠦᠩᠨᠤᠴᠤᠳ ᠬᠠᠮᠤᠭ ᠤᠨ ᠤᠷᠢᠳᠦ ᠬᠡᠷᠡᠭᠯᠡᠵᠤ ᠪᠠᠶᠢᠭᠰᠠᠨ ᠲᠠᠤᠬᠡ | ᠲᠡᠮᠳᠡᠭᠯᠡᠯ ᠪᠠᠶᠢᠬᠤ ᠶᠤᠮ᠃ ᠳᠤᠮᠳᠠᠳᠤ ᠤᠯᠤᠰ ᠤᠨ ᠡᠷᠲᠠᠨ ᠤ ᠰᠤᠳᠤᠷ ᠪᠢᠴᠢᠭ ︽ᠰᠤᠳᠤᠷ ᠤᠨ ᠲᠡᠮᠳᠡᠭᠯᠠᠯ︾ | ᠠᠴᠠ ᠨᠠᠰᠢ ︽ᠮᠤᠩᠭᠤᠯ ᠤᠨ ᠵᠠᠩ ᠠᠭᠠᠯᠢ ᠶᠢᠨ ᠲᠡᠮᠳᠡᠭᠯᠡᠯ︾ ᠳᠤ᠄ ︽ᠶᠢᠷᠲᠢᠨᠴᠤ ᠶᠢᠨ ᠬᠦᠮᠤᠨ᠂ ᠾᠦᠩᠨᠤ ᠶᠢᠨ | ᠳᠠᠪᠠᠮᠠᠭᠠᠢ ᠭᠤᠷᠪᠠᠨ ᠡᠷᠳᠡᠮ ᠢ ᠰᠤᠨᠤᠰᠪᠠᠯ ᠴᠦᠮ ᠡᠬᠦᠨ ᠢ ᠳᠡᠶᠢᠯᠬᠦᠶᠠ ᠪᠠᠷᠬᠡ︾ ᠬᠡᠵᠤ ᠲᠡᠮᠳᠡᠭᠯᠡᠭᠰᠠᠨ ᠪᠠᠶᠢᠳᠠᠭ᠃ | ᠠᠳᠠ ᠬᠡᠯᠠᠵᠤ ᠪᠠᠶᠢᠭ᠎ᠠ ᠭᠤᠷᠪᠠᠨ ᠡᠷᠳᠡᠮ ᠪᠤᠯ ᠳᠠᠷᠤᠢ ᠮᠤᠩᠭᠤᠯᠴᠤᠳ ᠤᠨ ︽ᠡᠷ᠎ᠠ ᠶᠢᠨ ᠭᠤᠷᠪᠠᠨ ᠨᠠᠭᠠᠳᠤᠮ︾ | ᠪᠤᠯᠬᠤ ᠶᠤᠰᠤᠲᠠᠢ᠃ ᠡᠨᠠ ᠨᠢ ᠳᠠᠷᠤᠢ ᠮᠠᠨ ᠤ ᠡᠷᠡᠨ ᠠᠴᠠ ᠡᠮᠤᠨᠠᠬᠢ 4 — 3 ᠳ᠋ᠤᠭᠠᠷ ᠮᠢᠩᠭᠠᠨ ᠤ ᠠᠨᠢᠷ | ᠡᠷᠲᠠ ᠴᠠᠭ ᠲᠣ᠂ ᠮᠤᠩᠭᠤᠯ ᠤᠨ ᠨᠠᠬᠦᠳᠠᠯᠴᠢ ᠮᠠᠯᠴᠢᠳ ᠤᠨ ᠡᠪᠦᠭᠡ ᠳᠡᠬᠡᠳᠤᠰ ᠪᠤᠯᠬᠤ ᠾᠦᠩᠨᠤᠴᠤᠳ ︽ᠨᠤᠮᠤ | ᠰᠠᠭᠠᠳᠠᠭ ︾ ᠵᠤᠬᠢᠶᠠᠨ ᠪᠦᠲᠤᠬᠡᠵᠤ ᠬᠡᠷᠡᠭᠯᠠᠵᠤ ᠪᠠᠶᠢᠭᠰᠠᠨ ᠪᠠ ᠪᠠᠶ᠎ᠠ ᠶᠢᠨ ᠲᠠᠮᠢᠷ ᠤᠨ ᠬᠦᠳᠡᠯᠬᠡᠬᠡᠨ ᠤ ᠨᠢᠬᠡ | ᠤᠨᠴᠠᠭᠠᠢ ᠲᠦᠷᠤᠯ ᠵᠦᠢᠯ ᠪᠤᠯᠭᠠᠵᠤ᠂ ᠳᠡᠯᠠᠬᠡᠢ ᠬᠤᠷᠸ᠎ᠠ ᠳᠤ ᠠᠰᠤᠷᠤ ᠶᠡᠭᠡ ᠰᠤᠶᠤᠯ ᠢ ᠡᠬᠦᠳᠦᠭᠰᠠᠨ ᠪᠠᠶᠢᠵᠠᠢ᠃ | ᠦᠢᠷᠠᠳ ᠮᠤᠩᠭᠤᠯᠴᠤᠳ ᠤᠨ ᠳᠤᠲᠤᠷ᠎ᠠ 9 — 10 ᠵᠠᠭᠤᠨ ᠤ ᠦᠶ᠎ᠠ ᠳᠤ ᠵᠤᠬᠢᠶᠠᠭᠳᠠᠵᠤ ᠠᠮᠨ ᠪᠠᠷ | ᠤᠯᠠᠮᠵᠢᠯᠠᠭᠳᠠᠵᠤ ᠢᠷᠡᠭᠰᠠᠨ ᠳᠡᠯᠡᠬᠡᠢ ᠶᠢᠨ ︽ᠪᠠᠭᠠᠲᠤᠷᠯᠢᠭ ᠲᠤᠤᠯᠢ ᠶᠢᠨ ᠤᠷᠬᠢᠯ︾ ᠤᠨ ᠨᠢᠬᠡ ᠪᠤᠯᠬᠤ ︽ᠵᠢᠩᠭᠠᠷ | ︾ ᠤᠨ ᠲᠤᠤᠯᠢ ᠳᠤ ᠭᠠᠷᠳᠠᠭ ᠪᠠᠭᠠᠲᠤᠷᠴᠤᠳ ᠪᠦᠷ ᠨᠤᠮᠤ ᠰᠠᠭᠠᠳᠠᠭ ᠬᠡᠷᠡᠭᠯᠡᠳᠡᠭ ᠪᠠᠶᠢᠭᠰᠠᠨ ᠨᠢ ᠦᠯᠢᠬᠡᠷ | ᠪᠦᠬᠦᠨ ᠳᠤ ᠶᠠᠷᠢᠭᠳᠠᠳᠠᠭ᠃ ᠮᠠᠨ ᠤ ᠮᠤᠩᠭᠤᠯᠴᠤᠳ ᠨᠠᠬᠦᠳᠠᠯᠴᠢ ᠦᠨᠳᠤᠰᠤᠲᠠᠨ ᠤ ᠡᠷᠲᠠᠨ ᠤ ᠤᠯᠠᠮᠵᠢᠯᠠᠯᠲᠤ | ᠰᠤᠶᠤᠯ ᠤᠨ ᠦᠪ ᠢ ᠴᠢᠳᠠᠮᠡᠭᠠᠢ ᠪᠠᠷ ᠵᠠᠯᠭᠠᠮᠵᠢᠯᠠᠨ᠂ ᠪᠦᠲᠤᠬᠡᠯᠴᠢ ᠪᠠᠷ ᠬᠦᠭᠵᠢᠬᠦᠯᠵᠤ᠂ ᠤᠷᠲᠤ ᠤᠳᠠᠭᠠᠨ | ᠵᠢᠯ ᠤᠨ ᠨᠠᠬᠦᠳᠠᠯ ᠤᠨ ᠨᠤᠮᠤ ᠰᠠᠭᠠᠳᠠᠭ ᠢ ᠠᠰᠢᠭᠯᠠᠨ ᠬᠡᠷᠡᠭᠯᠡᠬᠦ ᠳᠦᠷᠢᠮ ᠭᠤᠷᠢᠮ ᠲᠤᠭᠲᠠᠭᠠᠵᠤ᠂ ᠬᠡᠷᠡᠭᠯᠡᠬᠦ ᠪᠠ | ᠬᠦᠨᠳᠤᠳᠬᠡᠬᠦ ᠶᠢ ᠴᠢᠬᠤᠯᠠᠴᠢᠯᠠᠭᠰᠠᠨ ᠪᠠᠶᠢᠳᠠᠭ᠃ ᠵᠢᠰᠢᠶᠠᠯᠡᠪᠠᠯ᠄ ᠨᠤᠮᠤ ᠰᠠᠭᠠᠳᠠᠭ ᠢ ᠴᠡᠪᠠᠷ ᠬᠠᠳᠠᠭᠠᠯᠠᠬᠤ᠂ | ᠬᠦᠨᠳᠤᠳᠬᠡᠨ ᠲᠠᠬᠢᠬᠤ᠂ ᠮᠤᠩᠭᠤᠯ ᠬᠡᠷ ᠤᠨ ᠳᠡᠬᠡᠳᠤ ᠪᠠᠶ᠎ᠠ ᠶᠢᠨ ᠬᠠᠨ᠎ᠠ ᠳᠠᠭᠠᠨ ᠡᠯᠬᠦᠵᠤ᠂ ᠪᠠᠭ᠎ᠠ ᠬᠡᠤᠬᠡᠳ ᠢ | ᠭᠠᠷ ᠬᠦᠷᠬᠡᠯᠳᠡᠭ ᠦᠬᠡᠢ ᠤᠯᠠᠨ ᠶᠤᠰᠤ ᠪᠠᠶᠢᠳᠠᠭ ᠶᠤᠮ᠃ | ᠨᠠᠶᠢᠲᠠ ᠶᠢᠨ ᠤᠨ ᠲᠤᠭᠠᠯᠠᠯ ᠤᠨ 800 ᠵᠢᠯ ᠤᠨ ᠡᠮᠤᠨ᠎ᠠ᠂ ᠮᠤᠩᠭᠤᠯ ᠦᠨᠳᠤᠰᠤᠲᠠᠨ ᠤᠯᠠᠨ ᠤᠪᠤᠭ | ᠠᠶᠢᠮᠠᠭ ᠪᠠᠶᠢᠬᠤ ᠳᠤ᠂ ᠲᠡᠳᠡᠨ ᠤ ᠠᠵᠤ ᠠᠬᠤᠢ ᠠᠮᠢᠳᠤᠷᠠᠯ ᠨᠢ ᠭᠤᠤᠯᠳᠠᠭᠤ ᠨᠠᠬᠦᠳᠠᠯ ᠤᠨ ᠮᠠᠯ ᠠᠵᠤ ᠠᠬᠤᠢ ᠪᠠ | ᠠᠩ ᠬᠦᠷᠤᠬᠡ ᠠᠬᠤᠢ ᠬᠡᠵᠤ ᠬᠤᠶᠠᠷ ᠵᠦᠢᠯ ᠪᠠᠶᠢᠪᠠ᠃ ᠴᠢᠩᠬᠢᠰ ᠬᠠᠭᠠᠨ ᠮᠤᠩᠭᠤᠯ ᠢ ᠨᠢᠬᠡᠳᠬᠡᠭᠰᠠᠨ ᠤ ᠳᠠᠷᠠᠭ᠎ᠠ᠂ | ᠬᠡᠳᠦ᠋ᠢᠪᠠᠷ ᠠᠩ ᠬᠦᠷᠤᠬᠡ ᠬᠢᠬᠦ ᠨᠢ ᠨᠠᠬᠦᠳᠠᠯ ᠮᠠᠯᠵᠢᠯ ᠲᠠᠰᠢ ᠰᠢᠯᠵᠢᠭᠰᠠᠨ ᠪᠤᠯᠪᠠᠴᠤ ᠠᠩ ᠬᠦᠷᠤᠬᠡ ᠬᠢᠬᠦ ᠳᠡᠭᠡᠨ | ᠨᠤᠮᠤ ᠰᠠᠭᠠᠳᠠᠭ ᠬᠠᠷᠪᠤᠳᠠᠭ ᠴᠢᠳᠠᠪᠤᠷᠢ ᠪᠠᠨ ᠦᠯᠡᠳᠡᠬᠡᠵᠤ ᠢᠷᠡᠪᠠ᠃ ᠲᠠᠤᠬᠡᠨ ᠳᠤ ᠨᠤᠮᠤ ᠰᠠᠭᠠᠳᠠᠭ ᠨᠢ ᠮᠤᠩᠭᠤᠯ | ᠬᠦᠮᠤᠨ ᠤ ᠠᠮᠢᠳᠤᠷᠠᠯ ᠳᠤ ᠳᠤᠲᠠᠭᠳᠠᠵᠤ ᠪᠤᠯᠤᠰᠢ ᠦᠬᠡᠢ ᠵᠡᠪᠰᠡᠭ ᠪᠠᠶᠢᠭᠰᠠᠨ ᠠᠴᠠ ᠬᠦᠮᠤᠰ ᠲᠡᠳᠡᠬᠡᠷ ᠰᠢᠯᠢᠳᠡᠭ | ᠬᠠᠷᠪᠤᠭᠠᠴᠢᠳ ᠢ ᠬᠦᠨᠳᠤᠳᠬᠡᠵᠤ᠂ ᠲᠡᠳᠡᠨ ᠢᠶᠠᠷ ᠨᠠᠶᠢᠷ ᠨᠠᠭᠠᠳᠤᠮ ᠳᠤ ᠬᠠᠷᠪᠤᠬᠤ ᠤᠷᠤᠯᠳᠤᠭᠠᠨ ᠤ ᠦᠵᠡᠬᠦᠯᠤᠯᠬᠡ | ᠭᠠᠷᠭᠠᠯᠭᠠᠳᠠᠭ ᠪᠠᠶᠢᠨ᠎ᠠ᠃ ᠲᠡᠬᠡᠬᠡᠳ ᠲᠡᠷᠠ ᠨᠢ ᠠᠭᠠᠵᠢᠮ ᠳᠠᠭᠠᠨ ᠮᠤᠩᠭᠤᠯ ᠦᠨᠳᠤᠰᠤᠲᠠᠨ ᠤ ᠨᠠᠶᠢᠷ ᠨᠠᠭᠠᠳᠤᠮ ᠤᠨ | ᠨᠢᠬᠡ ᠤᠨᠴᠠᠭᠠᠢ ᠲᠦᠷᠤᠯ ᠵᠦᠢᠯ ᠪᠤᠯᠤᠭᠰᠠᠨ ᠪᠠᠶᠢᠳᠠᠭ᠃ ᠲᠡᠷᠠ ᠦᠶ᠎ᠠ ᠳᠤ ᠴᠢᠩᠬᠢᠰ ᠬᠠᠭᠠᠨ ᠤ ᠳᠠᠬᠦᠦ ᠬᠠᠪᠤᠲᠤ | ᠬᠠᠰᠠᠷ ᠪᠤᠯ ᠲᠦᠷᠤ ᠶᠢᠨ ᠨᠡᠷ᠎ᠠ ᠲᠠᠢ ᠨᠤᠮᠤ ᠰᠠᠭᠠᠳᠠᠭ ᠬᠠᠷᠪᠤᠭᠠᠴᠢ ᠪᠠᠶᠢᠭᠰᠠᠨ ᠪᠦᠬᠡᠳ ᠬᠤᠶᠢᠨ᠎ᠠ ᠨᠢ ᠲᠠᠬᠦᠨ ᠤ | ᠠᠯᠳᠠᠷ ᠭᠠᠪᠢᠶ᠎ᠠ ᠶᠢ ᠲᠡᠮᠳᠡᠭᠯᠠᠨ ᠬᠦᠰᠢᠶ᠎ᠠ ᠴᠢᠯᠠᠭᠤ ᠪᠤᠰᠬᠠᠭᠰᠠᠨ ᠪᠠᠶᠢᠳᠠᠭ ᠰᠠᠨ᠃ | ᠴᠢᠩᠬᠢᠰ ᠬᠠᠭᠠᠨ ᠤ ᠳᠠᠶᠢᠨ ᠪᠠᠶᠢᠯᠳᠤᠭᠠᠨ ᠤ ᠲᠤᠬᠠᠢ ᠭᠠᠳᠠᠭᠠᠳᠤ ᠳᠤᠲᠤᠭᠠᠳᠤ ᠶᠢᠨ ᠰᠤᠳᠤᠷ ᠲᠠᠤᠬᠡ ᠠᠴᠠ | ᠦᠵᠡᠪᠠᠯ ᠮᠤᠩᠭᠤᠯ ᠤᠨ ᠶᠡᠭᠡ ᠡᠵᠡᠨᠲᠤ ᠲᠦᠷᠤ ᠶᠢᠨ ᠴᠡᠷᠢᠭ ᠳᠠᠶᠢᠨ ᠤ ᠠᠭᠤᠤ ᠶᠡᠭᠡ ᠨᠢᠭᠤᠴᠠ ᠶᠢ ᠵᠠᠳᠠᠯᠤᠨ | ᠲᠠᠶᠢᠯᠬᠤ ᠳᠠᠭᠠᠨ᠄ ︽ᠮᠤᠩᠭᠤᠯ ᠴᠡᠷᠢᠭ ᠲᠣ ᠪᠠᠶᠢᠬᠤ ᠪᠠᠰᠠ ᠤᠨᠴᠠᠭᠠᠢ ᠬᠦᠴᠤᠨ ᠵᠦᠢᠯ ᠪᠤᠯ ᠳᠠᠷᠤᠢ ᠨᠤᠮᠤ | ᠰᠠᠭᠠᠳᠠᠭ ᠲᠠᠢ ᠬᠤᠯᠪᠤᠭᠳᠠᠯ ᠲᠠᠢ᠂ ᠲᠡᠷᠠ ᠵᠡᠪᠰᠡᠭ ᠵᠠᠰᠠᠬᠤ ᠳᠤ ᠳᠦᠬᠦᠮ᠂ ᠬᠡᠷᠡᠭᠯᠡᠬᠦ ᠳᠤ ᠠᠪᠰᠠᠷᠬᠠᠨ᠂ ᠠᠪᠴᠤ | ᠶᠠᠪᠤᠬᠤ ᠳᠤ ᠬᠦᠩᠬᠡᠨ᠂ ᠮᠤᠲᠤ ᠰᠢᠭᠤᠢ ᠲᠠᠢ ᠭᠠᠵᠠᠷ ᠪᠦᠬᠦᠨ ᠳᠤ ᠰᠤᠮᠤ ᠪᠠᠶᠢᠬᠤ ᠯᠠ ᠪᠤᠶᠠᠨ᠂ ᠲᠡᠷᠠ ᠦᠶ᠎ᠠ ᠶᠢᠨ | ᠲᠡᠭᠷᠢᠯᠢᠭ ᠵᠡᠪᠰᠡᠭ ᠪᠤᠯᠬᠤ ᠶᠤᠰᠤᠲᠠᠢ᠂ ᠨᠢᠭᠤᠴᠠ ᠪᠠᠷ ᠬᠠᠷᠪᠤᠬᠤ ᠳᠤ ᠳᠠᠭᠤ ᠭᠠᠷᠬᠤ ᠦᠬᠡᠢ᠂ ᠢᠯᠳᠤ ᠵᠢᠳᠠ | ᠠᠳᠠᠯᠢ ᠬᠤᠯᠠ ᠳᠤ ᠪᠤᠯᠬᠤ ᠦᠬᠡᠢ ᠪᠢᠰᠢ᠂ ᠲᠤᠭᠲᠠᠭᠰᠠᠨ ᠵᠠᠢ ᠳᠤ ᠪᠦᠷ ᠬᠡᠷᠡᠭᠯᠡᠵᠤ ᠪᠤᠯᠳᠠᠭ᠂ ᠤᠳᠤ ᠶᠢᠨ ᠫᠤᠤ | ᠵᠡᠪᠰᠡᠭ ᠭᠠᠷᠤᠭᠠᠳ ᠦᠬᠡᠢ ᠬᠦᠢᠲᠠᠨ ᠵᠡᠪᠰᠡᠭ ᠤᠨ ᠴᠠᠭ ᠦᠶ᠎ᠠ ᠶᠢᠨ ᠤᠨᠴᠠᠭᠠᠢ ᠬᠡᠷᠡᠭᠯᠡᠬᠡᠨ ᠤ ᠵᠡᠪᠰᠡᠭ ᠪᠠᠶᠢᠭᠰᠠᠨ | ᠶᠤᠮ᠃ ᠳᠠᠬᠢᠭᠠᠳ ᠬᠡᠯᠠᠪᠠᠯ ᠮᠤᠩᠭᠤᠯ ᠤᠨ ᠶᠡᠭᠡ ᠤᠶᠢᠯᠠᠰ ᠤᠨ ᠠᠮᠵᠢᠯᠲᠠ ᠬᠤᠷᠳᠤᠨ ᠮᠤᠷᠢᠨ ᠤ ᠨᠢᠷᠤᠭᠤᠨ | ᠳᠡᠬᠡᠷ᠎ᠠ ᠠᠴᠠ ᠡᠬᠢᠯᠡᠭᠰᠠᠨ ᠪᠤᠯ ᠨᠤᠮᠤ ᠰᠠᠭᠠᠳᠠᠭ ᠪᠤᠯ ᠮᠤᠷᠢᠨ ᠪᠠᠶᠢᠯᠳᠤᠭᠠᠨ ᠳᠤ ᠵᠤᠬᠢᠴᠠᠭᠰᠠᠨ ᠬᠠᠷᠪᠤᠵᠤ ᠨᠠᠮᠨᠠᠬᠤ | ᠵᠡᠪᠰᠡᠭ ᠪᠤᠯᠬᠤ ᠶᠤᠰᠤᠲᠠᠢ᠃ ᠲᠠᠤᠬᠡ ᠶᠢᠨ ᠮᠠᠲ᠋ᠧᠷᠢᠶᠠᠯ ᠢ ᠦᠨᠳᠤᠰᠤᠯᠡᠪᠠᠯ ᠬᠠᠷᠢ ᠶᠢᠨ ᠲᠠᠤᠬᠡᠴᠢᠳ ᠢᠩᠬᠢᠵᠤ | ᠪᠢᠴᠢᠭᠰᠠᠨ ᠪᠠᠶᠢᠳᠠᠭ᠃ ᠲᠡᠳᠡᠨ᠄ ︽ᠮᠤᠩᠭᠤᠯᠴᠤᠳ ᠬᠡᠤᠬᠡᠳ ᠪᠠᠨ 4 — 5 ᠨᠠᠰᠤᠲᠠᠢ ᠠᠴᠠ ᠨᠢ ᠠᠪᠤᠭᠠᠳ | ᠨᠤᠮᠤ ᠰᠠᠭᠠᠳᠠᠭ ᠪᠡᠯᠡᠳᠬᠡᠵᠤ ᠦᠭᠬᠦᠨ᠎ᠠ᠃ ᠦᠰᠴᠤ ᠲᠤᠮᠤ ᠪᠤᠯᠬᠤᠯᠠᠷ ᠨᠢ ᠳᠦᠷᠪᠠᠨ ᠤᠯᠠᠷᠢᠯ ᠤᠨ ᠡᠷᠬᠢᠯᠲᠠ ᠳᠤ | ᠠᠪᠠ ᠳᠤ ᠮᠤᠷᠳᠠᠭᠤᠯᠵᠤ ᠠᠩ ᠬᠦᠷᠤᠬᠡ ᠬᠢᠯᠬᠡᠨ᠎ᠠ᠃ ᠮᠤᠷᠢ ᠤᠨᠤᠭᠠᠳ ᠳᠠᠪᠬᠢᠵᠤ ᠪᠠᠶᠢᠭᠠᠳ ᠬᠤᠶᠠᠷ ᠲᠠᠯ᠎ᠠ ᠪᠠᠨ | ᠬᠠᠷᠪᠤᠨ᠎ᠠ᠃ ᠳᠦᠷᠤᠬᠡᠨ ᠳᠡᠬᠡᠷ᠎ᠠ ᠪᠠᠨ ᠪᠤᠰᠤᠭ᠎ᠠ ᠠᠭᠤᠯᠠ ᠮᠡᠲᠤ ᠪᠠᠲᠤ ᠪᠡᠭᠡ ᠵᠤᠭᠰᠤᠵᠤ ᠱᠤᠤᠬᠢᠬᠤ ᠰᠠᠯᠬᠢ ᠮᠡᠲᠤ | ᠬᠤᠷᠳᠤᠯᠠᠨ᠎ᠠ᠃ ᠮᠦᠨ ᠮᠤᠷᠢᠨ ᠤ ᠪᠠᠨ ᠵᠢᠯᠤᠭᠤ ᠶᠢ ᠪᠠᠷᠠᠭᠤᠨ ᠵᠠᠬᠦᠨ ᠲᠠᠶᠢᠰᠢ ᠪᠠᠨ ᠵᠠᠯᠠᠬᠤ ᠨᠢ ᠶᠠᠭ ᠯᠠ ᠨᠢᠰᠴᠤ | ᠪᠠᠶᠢᠭ᠎ᠠ ᠰᠢᠪᠠᠭᠤ ᠠᠳᠠᠯᠢ᠃ ᠲᠡᠶᠢᠮᠤ ᠠᠴᠠ ᠦᠬᠡᠷ᠎ᠠ ᠲᠠᠶᠢᠰᠢ ᠬᠠᠷᠪᠤᠵᠤ ᠪᠤᠢ ᠮᠦᠷᠲᠠᠯᠠ ᠪᠠᠨ ᠨᠦᠬᠦᠬᠡ ᠲᠠᠶᠢᠰᠢ | ᠪᠤᠶᠤ ᠬᠤᠶᠠᠷ ᠲᠠᠶᠢᠰᠢ ᠡᠬᠡᠯᠵᠢᠯᠠᠨ ᠬᠠᠷᠪᠤᠬᠤ ᠴᠢᠳᠠᠪᠤᠷᠢ ᠲᠠᠢ︾ ᠬᠡᠵᠤ ᠪᠢᠴᠢᠭᠰᠠᠨ ᠪᠠᠶᠢᠳᠠᠭ᠃ | ︽ᠬᠠᠭᠠᠭᠰᠠᠨ ᠰᠠᠭᠠᠳᠠᠭ ᠤᠨ ᠰᠤᠮᠤ ᠰᠢᠭ᠋᠂ ᠬᠤᠷᠳᠤᠨ ᠱᠠᠯᠠᠮᠠᠭᠠᠢ ᠡᠷ᠎ᠠ ᠪᠤᠯᠤᠭ︾ ᠬᠡᠬᠦ ᠢᠷᠤᠬᠡᠯ ᠤᠨ | ᠶᠤᠰᠤᠭᠠᠷ ᠮᠤᠩᠭᠤᠯᠴᠤᠳ ᠬᠡᠤᠬᠡᠳ ᠢᠶᠠᠨ ᠠᠯᠬᠤᠵᠤ ᠰᠤᠷᠬᠤ ᠠᠴᠠ ᠡᠬᠢᠯᠠᠨ ᠤᠨᠠᠭ᠎ᠠ ᠰᠠᠷᠪᠠ ᠲᠠᠢ | ᠨᠤᠴᠤᠯᠳᠤᠭᠤᠯᠵᠤ᠂ ᠬᠠᠷᠪᠤᠬᠤ ᠨᠠᠮᠨᠠᠬᠤ ᠲᠠᠳᠤᠯᠭ᠎ᠠ ᠬᠢᠯᠬᠡᠨ᠂ ᠴᠢᠳᠠᠯ ᠤᠬᠠᠭᠠᠨ ᠢ ᠨᠢ ᠰᠤᠷᠢᠭᠤᠯᠳᠠᠭ ᠡᠨᠠᠬᠦ | ᠤᠬᠠᠭᠠᠨᠲᠤ ᠮᠡᠷᠬᠡᠨ ᠦᠨᠳᠤᠰᠤᠲᠠᠨ ᠤ ᠰᠦᠰᠤ ᠵᠤᠷᠢᠭ᠂ ᠡᠷᠡᠯᠬᠡᠭ ᠬᠦᠴᠤ ᠶᠢ ᠬᠡᠨ ᠴᠤ ᠰᠡᠵᠢᠭᠯᠡᠰᠢ ᠦᠬᠡᠢ | ᠪᠠᠶᠢᠳᠠᠭ ᠤᠴᠢᠷ ᠳᠡᠯᠠᠬᠡᠢ ᠶᠢᠨ ᠬᠦᠮᠤᠰ ᠴᠤ ᠭᠠᠶᠢᠬᠠᠰᠢ ᠠᠯᠳᠠᠵᠤ ᠪᠠᠶᠢᠳᠠᠭ ᠰᠠᠨ᠃ ᠡᠨᠠ ᠨᠢ ᠳᠠᠷᠤᠢ ᠲᠡᠷᠠ ᠴᠠᠭ | ᠦᠶ᠎ᠠ ᠶᠢᠨ ᠪᠠᠶ᠎ᠠ ᠶᠢᠨ ᠲᠠᠮᠢᠷ᠂ ᠪᠤᠯᠪᠠᠰᠤᠨ ᠰᠤᠶᠤᠯ ᠪᠤᠯᠬᠤ ᠶᠤᠰᠤᠲᠠᠢ᠃ ᠨᠤᠮᠤ ᠰᠠᠭᠠᠳᠠᠭ ᠮᠤᠩᠭᠤᠯᠴᠤᠳ ᠤᠨ | ᠠᠮᠢᠳᠤᠷᠠᠯ᠂ ᠲᠦᠷᠤ ᠬᠦᠷᠤᠨ ᠪᠠᠶᠢᠭᠤᠯᠬᠤ᠂ ᠲᠠᠷᠠᠬᠠᠢ ᠪᠤᠲᠠᠷᠬᠠᠢ ᠠᠷᠠᠳ ᠢ ᠨᠢᠬᠡᠳᠬᠡᠬᠦ ᠳᠤ ᠪᠠᠯᠠᠷᠠᠰᠢ ᠦᠬᠡᠢ | ᠦᠢᠯᠠᠳᠤᠯ ᠦᠵᠡᠭᠦᠯᠦᠭᠰᠠᠨ ᠪᠠᠶᠢᠳᠠᠭ᠃ ᠴᠢᠩᠬᠢᠰ ᠬᠠᠭᠠᠨ ᠬᠦᠴᠤᠷᠬᠡᠭ ᠶᠡᠭᠡ ᠮᠤᠩᠭᠤᠯ ᠲᠦᠷᠤ ᠪᠠᠶᠢᠭᠤᠯᠤᠨ | ᠬᠡᠳᠤᠨ ᠦᠶ᠎ᠠ ᠪᠠᠷ ᠢᠶᠠᠨ ᠭᠠᠵᠠᠷ ᠨᠤᠲᠤᠭ ᠢᠶᠠᠨ ᠦᠷᠬᠡᠳᠬᠡᠨ᠂ ᠠᠽᠢᠶ᠎ᠠ᠂ ᠡᠧᠦ᠋ᠷᠦ᠋ᠫᠠ ᠶᠢ ᠳᠠᠶᠢᠯᠠᠬᠤ ᠠᠶᠠᠨ | ᠳᠠᠶᠢᠨ ᠬᠢᠵᠤ ᠶᠠᠪᠤᠬᠤ ᠳᠠᠭᠠᠨ ᠨᠤᠮᠤ ᠰᠠᠭᠠᠳᠠᠭ ᠪᠤᠯ ᠲᠠᠬᠦᠨ ᠤ ᠴᠡᠷᠢᠭ ᠤᠨ ᠭᠤᠤᠯ ᠵᠠᠪᠰᠡᠭ ᠪᠦᠬᠡᠳ ᠠᠩ ᠠᠪᠠ | ᠬᠢᠬᠦ ᠪᠠᠭᠠᠵᠢ ᠪᠠᠶᠢᠭᠰᠠᠨ ᠬᠡᠳᠡᠭ ᠢ ᠲᠠᠤᠬᠡ ᠶᠢᠨ ᠰᠤᠳᠤᠷ ᠪᠢᠴᠢᠭ ᠲᠣ ᠲᠡᠮᠳᠡᠭᠯᠡᠵᠤ ᠪᠠᠶᠢᠳᠠᠭ᠃ ᠡᠨᠠ ᠨᠢ ᠠᠷᠪᠠᠨ | ᠭᠤᠷᠪᠠᠳᠤᠭᠠᠷ ᠵᠠᠭᠤᠨ ᠠᠴᠠ ᠠᠪᠤᠭᠠᠳ ᠠᠷᠪᠠᠨ ᠨᠠᠢᠮᠠᠳᠤᠭᠠᠷ ᠵᠠᠭᠤᠨ ᠤ ᠳᠤᠮᠳᠠᠴᠢ ᠬᠦᠷᠲᠠᠯ᠎ᠠ᠂ ᠪᠤᠲᠠᠲᠠᠢ ᠪᠠᠷ | ᠬᠡᠯᠠᠪᠠᠯ ᠵᠠᠬᠦᠠᠭᠠᠷ ᠬᠠᠭᠠᠨᠲᠤ ᠤᠯᠤᠰ ᠮᠦᠬᠦᠬᠦ ᠬᠦᠷᠲᠠᠯ᠎ᠠ ᠬᠡᠷᠡᠭᠯᠡᠭᠳᠡᠵᠤ᠂ ᠬᠤᠶᠢᠨ᠎ᠠ ᠴᠠᠭᠠᠭᠴᠢᠨ ᠭᠠᠭ᠋ᠠᠢ ᠵᠢᠯ ᠤᠨ | ᠬᠤᠪᠢᠰᠬᠠᠯ ᠬᠦᠷᠲᠠᠯ᠎ᠠ ᠰᠢᠨᠵᠢᠶᠠᠩ ᠨᠤᠲᠤᠭ ᠲᠣ ᠠᠮᠢᠳᠤᠷᠡᠵᠤ ᠪᠠᠶᠢᠭ᠎ᠠ ᠦᠬᠡᠯᠳ᠂ ᠲᠤᠷᠭᠤᠳ᠂ ᠴᠠᠬᠠᠷ᠂ ᠲᠤᠸᠠ᠂ | ᠤᠷᠢᠶᠠᠩᠬᠠᠢ ᠵᠡᠷᠬᠡ ᠠᠶᠢᠮᠠᠭ ᠪᠠ ᠬᠦᠬᠡᠨᠠᠭᠤᠷ᠂ ᠬᠢᠩᠭᠠᠨ ᠵᠡᠷᠬᠡ ᠠᠭᠤᠯᠠᠷᠬᠠᠭ ᠤᠷᠤᠨ ᠳᠤ ᠬᠢᠯᠢ ᠬᠢᠵᠠᠭᠠᠷ ᠢᠶᠠᠨ | ᠬᠠᠮᠠᠭᠠᠯᠠᠬᠤ᠂ ᠠᠩ ᠠᠪᠠ ᠬᠢᠬᠦ ᠳᠤ ᠬᠡᠷᠡᠭᠯᠡᠵᠤ ᠪᠠᠶᠢᠭᠰᠠᠨ ᠢ ᠲᠠᠤᠬᠡ ᠶᠢᠨ ᠮᠠᠲ᠋ᠧᠷᠢᠶᠠᠯ ᠳᠤ ᠲᠤᠳᠤᠷᠬᠠᠢ | ᠲᠡᠮᠳᠡᠭᠯᠡᠭᠰᠠᠨ ᠪᠠᠶᠢᠳᠠᠭ᠃ | ︽ᠴᠢᠩᠬᠢᠰ ᠬᠠᠭᠠᠨ ᠤ ᠴᠢᠯᠠᠭᠤᠨ ᠪᠢᠴᠢᠭ︾ ᠤᠨ ᠲᠡᠮᠳᠡᠭᠯᠡᠯ ᠢ ᠦᠨᠳᠤᠰᠤᠯᠡᠪᠠᠯ᠂ ᠮᠤᠩᠭᠤᠯ | ᠦᠨᠳᠤᠰᠤᠲᠠᠨ ᠤ ︽ᠨᠠᠭᠠᠳᠤᠮ ᠤᠨ ᠪᠠᠶᠠᠷ︾ ᠪᠤᠯ ᠮᠤᠩᠭᠤᠯ ᠬᠠᠭᠠᠨᠲᠤ ᠤᠯᠤᠰ ᠤᠨ ᠪᠠᠶᠢᠭᠤᠯᠤᠭᠳᠠᠭᠰᠠᠨ | ᠡᠬᠢᠯᠠᠯᠲᠠ ᠶᠢᠨ ᠦᠶ᠎ᠠ ᠳᠤ ᠡᠬᠦᠰᠦᠭᠰᠠᠨ ᠪᠠᠶᠢᠳᠠᠭ᠃ ᠨᠠᠶᠢᠲᠠ ᠶᠢᠨ ᠤᠨ ᠲᠤᠭᠠᠯᠠᠯ ᠤᠨ 1206 ᠤᠨ ᠳᠤ | ᠴᠢᠩᠬᠢᠰ ᠢ ᠮᠤᠩᠭᠤᠯ ᠤᠨ ᠶᠡᠭᠡ ᠬᠠᠭᠠᠨ ᠢᠶᠠᠷ ᠡᠷᠬᠦᠮᠵᠢᠯᠠᠨ ᠰᠤᠩᠭᠤᠬᠤ ᠦᠶ᠎ᠠ ᠳᠤ ᠨᠤᠲᠤᠭ ᠤᠨ ᠠᠷᠠᠳ ᠤᠨ | ᠪᠠᠶᠠᠷᠯᠠᠭᠤᠯᠤᠨ ᠵᠢᠷᠭᠠᠵᠤ᠂ ᠴᠡᠷᠢᠭ ᠤᠨ ᠡᠩᠨᠡᠭᠡ ᠪᠠᠨ ᠰᠢᠯᠭᠠᠵᠤ ᠦᠵᠡᠬᠦ ᠶᠢᠨ ᠲᠦᠯᠤᠬᠡ ᠵᠢᠯ ᠪᠦᠷᠢ 7 — 8 | ᠳ᠋ᠤᠭᠠᠷ ᠰᠠᠷ᠎ᠠ ᠶᠢᠨ ᠬᠤᠭᠤᠷᠤᠨᠳᠤ ︽ᠶᠡᠭᠡ ᠬᠤᠷᠠᠯᠳᠠᠢ︾ ᠬᠤᠷᠠᠯᠳᠤᠭᠤᠯᠵᠤ᠂ ᠡᠯ᠎ᠠ ᠠᠶᠢᠮᠠᠭ ᠤᠨ ᠠᠬᠠᠯᠬᠠᠴᠢ ᠶᠢ | ᠴᠤᠭᠯᠠᠭᠤᠯᠤᠨ ᠪᠦᠯᠬᠦᠮᠳᠠᠯ ᠪᠤᠯᠤᠨ ᠡᠶ᠎ᠡ ᠨᠠᠶᠢᠷ ᠢᠶᠠᠨ ᠪᠠᠲᠤᠳᠬᠠᠵᠤ᠂ ᠡᠯᠪᠡᠭ ᠬᠤᠷᠢᠶᠠᠯᠲᠠ ᠶᠢ ᠪᠡᠯᠬᠡᠯᠠᠬᠦ ᠶᠢᠨ | ᠲᠦᠯᠤᠬᠡ ︽ᠨᠠᠭᠠᠳᠤᠮ ᠤᠨ ᠪᠠᠶᠠᠷ︾ ᠬᠢᠵᠤ᠂ ︽ᠡᠷ᠎ᠠ ᠶᠢᠨ ᠭᠤᠷᠪᠠᠨ ᠨᠠᠭᠠᠳᠤᠮ︾ ᠶᠠᠪᠤᠭᠤᠯᠵᠤ᠂ ᠬᠤᠷᠳᠤᠨ | ᠮᠤᠷᠢ᠂ ᠠᠪᠤᠷᠭᠤ ᠪᠦᠬᠡ᠂ ᠮᠡᠷᠬᠡᠨ ᠬᠠᠷᠪᠤᠭᠠᠴᠢ ᠶᠢ ᠰᠢᠯᠭᠠᠨ ᠭᠠᠷᠭᠠᠳᠠᠭ ᠪᠠᠶᠢᠨ᠎ᠠ᠃ ᠡᠨᠠ ᠦᠶ᠎ᠠ ᠠᠴᠠ ᠡᠬᠢᠯᠠᠬᠡᠳ | ᠨᠤᠮᠤ ᠰᠠᠭᠠᠳᠠᠭ ᠬᠠᠷᠪᠤᠬᠤ ᠨᠢ ᠦᠨᠳᠤᠰᠤᠲᠠᠨ ᠤ ᠤᠯᠠᠮᠵᠢᠯᠠᠯᠲᠤ ᠪᠠᠶ᠎ᠠ ᠶᠢᠨ ᠲᠠᠮᠢᠷ ᠤᠨ ᠬᠦᠳᠡᠯᠬᠡᠬᠡᠨ ᠪᠤᠯᠵᠤ | ᠬᠦᠭᠵᠢᠭᠰᠡᠨ ᠪᠠᠶᠢᠨ᠎ᠠ᠃ ᠠᠷᠪᠠᠨ ᠲᠠᠪᠤᠳᠤᠭᠠᠷ ᠵᠠᠭᠤᠨ ᠤ ᠦᠶ᠎ᠠ ᠳᠤ ᠬᠦᠷᠤᠬᠡᠳ ᠡᠨᠡᠳᠬᠡᠭ᠂ ᠲᠦᠪᠠᠳ ᠢᠶᠠᠷ | ᠳᠠᠮᠵᠢᠨ ᠰᠢᠷ᠎ᠠ ᠶᠢᠨ ᠱᠠᠰᠢᠨ ᠮᠤᠩᠭᠤᠯ ᠨᠤᠲᠤᠭ ᠲᠣ ᠤᠷᠤᠵᠤ ᠢᠷᠡᠭᠰᠠᠨ ᠤ ᠳᠠᠷᠠᠭ᠎ᠠ ᠮᠤᠩᠭᠤᠯ ᠤᠨ ᠤᠯᠠᠮᠵᠢᠯᠠᠯᠲᠤ | ᠨᠠᠭᠠᠳᠤᠮ ᠤᠨ ᠬᠦᠷᠢᠶ᠎ᠠ ᠬᠡᠪᠴᠢᠶ᠎ᠠ ᠦᠷᠬᠡᠵᠢᠨ᠂ ︽ᠤᠪᠤᠭ᠎ᠠ ᠶᠢᠨ ᠲᠠᠬᠢᠯᠭ᠎ᠠ ᠶᠢᠨ ᠨᠠᠶᠢᠷ︾᠂ ︽ᠪᠤᠯᠠᠭ ᠤᠰᠤᠨ ᠤ | ᠲᠠᠬᠢᠯᠭ᠎ᠠ ᠶᠢᠨ ᠨᠠᠶᠢᠷ︾᠂ ︽ᠱᠠᠰᠢᠨ ᠶᠡᠭᠡ ᠨᠤᠮ ᠨᠡᠬᠡᠬᠡᠬᠦ ᠨᠠᠶᠢᠷ︾ ᠵᠡᠷᠬᠡ ᠤᠯᠠᠨ ᠵᠦᠢᠯ ᠤᠨ ᠨᠠᠶᠢᠷ ᠨᠠᠭᠠᠳᠤᠮ | ᠡᠷᠬᠢᠯᠠᠬᠦ ᠪᠤᠯᠵᠤ᠂ ᠡᠨᠠᠬᠦ ᠨᠠᠶᠢᠷ ᠨᠠᠭᠠᠳᠤᠮ ᠳᠠᠭᠠᠨ ᠶᠡᠭᠡ ᠨᠤᠮ ᠲᠠᠢ ᠯᠠᠮᠠ ᠨᠠᠷ ᠢ ᠵᠠᠯᠠᠵᠤ᠂ ᠤᠪᠤᠭᠠᠨ ᠲᠠᠬᠢᠯᠭ᠎ᠠ | ᠳᠡᠬᠡᠷ᠎ᠠ ᠬᠦᠵᠢ ᠵᠤᠯᠠ ᠠᠰᠠᠭᠠᠨ᠂ ᠪᠤᠷᠬᠠᠨ ᠲᠠᠬᠢᠵᠤ ᠨᠤᠮ ᠨᠡᠬᠡᠭᠡᠬᠦ ᠠᠴᠠ ᠭᠠᠳᠠᠨ᠎ᠠ ᠪᠠᠰᠠ ᠪᠤᠷᠬᠠᠨ ᠤ ᠢᠪᠡᠬᠡᠯ | ᠬᠦᠷᠲᠠᠬᠡᠯ ᠢ ᠭᠤᠶᠤᠴᠢᠯᠠᠭᠠᠳ᠂ ᠨᠤᠲᠤᠭ ᠨᠢᠷᠤᠭᠤᠨ ᠳᠤ ᠭᠠᠢ ᠪᠠᠷᠴᠢᠳ ᠢᠷᠡᠬᠦ ᠦᠬᠡᠢ᠂ ᠵᠤᠪᠠᠯᠠᠩ ᠭᠠᠰᠠᠯᠠᠩ | ᠠᠷᠢᠯᠬᠤ ᠶᠢ ᠬᠦᠰᠠᠨ ᠳᠠᠭᠠᠳᠬᠠᠳᠠᠭ᠃ ︽ᠪᠤᠯᠠᠭ ᠤᠰᠤᠨ ᠤ ᠲᠠᠬᠢᠯᠭ᠎ᠠ︾ ᠳᠠᠭᠠᠨ ᠭᠠᠩ ᠬᠠᠭᠤᠷᠠᠢ ᠵᠢᠯ ᠬᠤᠷ᠎ᠠ | ᠪᠤᠷᠤᠭ᠎ᠠ ᠭᠤᠶᠤᠳᠠᠭ ᠪᠠ ᠪᠤᠷᠬᠠᠨ ᠰᠠᠬᠢᠭᠤᠯᠰᠤᠨ ᠢ ᠪᠠᠶᠠᠰᠬᠠᠨ ︽ᠡᠷ᠎ᠠ ᠶᠢᠨ ᠭᠤᠷᠪᠠᠨ ᠨᠠᠭᠠᠳᠤᠮ︾ ᠶᠠᠪᠤᠭᠤᠯᠳᠠᠭ | ᠪᠠᠶᠢᠨ᠎ᠠ᠃ | ᠶᠡᠭᠡ ᠶᠤᠸᠠᠨ ᠤᠯᠤᠰ ᠤᠨ ᠦᠶ᠎ᠠ ᠳᠤ ᠬᠦᠷᠤᠬᠡᠳ ︽ᠡᠷ᠎ᠠ ᠶᠢᠨ ᠭᠤᠷᠪᠠᠨ ᠨᠠᠭᠠᠳᠤᠮ︾ ᠨᠢᠭᠡᠨᠲᠠ | ᠮᠤᠩᠭᠤᠯ ᠤᠨ ᠲᠠᠯ᠎ᠠ ᠨᠤᠲᠤᠭ ᠲᠣ ᠦᠷᠬᠡᠨ ᠢᠶᠠᠷ ᠦᠷᠨᠢᠨ ᠳᠡᠯᠬᠡᠷᠡᠵᠤ᠂ ᠠᠭᠠᠵᠢᠮ ᠢᠶᠠᠷ ᠴᠡᠷᠢᠭ ᠤᠨ ᠪᠠᠶ᠎ᠠ ᠶᠢᠨ | ᠲᠠᠮᠢᠷ ᠤᠨ ᠤᠷᠤᠯᠳᠤᠭᠠᠨ ᠤ ᠲᠦᠷᠤᠯ ᠵᠦᠢᠯ ᠪᠤᠯᠤᠭᠰᠠᠨ ᠪᠠᠶᠢᠨ᠎ᠠ᠃ ᠶᠡᠭᠡ ᠶᠤᠸᠠᠨ ᠤᠯᠤᠰ ᠤᠨ ᠬᠤᠪᠢᠯᠠᠢ | ᠬᠠᠭᠠᠨ ᠤ ᠲᠤᠭᠲᠠᠭᠠᠯ ᠢᠶᠠᠷ ᠪᠤᠯ ᠮᠤᠩᠭᠤᠯ ᠡᠷᠡᠭᠲᠠᠶᠢᠴᠤᠳ ᠵᠠᠪᠠᠯ ᠪᠦᠬᠡ ᠪᠠᠷᠢᠯᠳᠤᠬᠤ᠂ ᠮᠤᠷᠢ ᠤᠷᠤᠯᠳᠤᠬᠤ᠂ | ᠨᠤᠮᠤ ᠰᠠᠭᠠᠳᠠᠭ ᠬᠠᠷᠪᠤᠬᠤ ᠭᠤᠷᠪᠠᠨ ᠵᠦᠢᠯ ᠤᠨ ᠦᠨᠳᠤᠰᠤᠨ ᠮᠡᠷᠬᠡᠵᠢᠯ ᠴᠢᠳᠠᠪᠤᠷᠢ ᠶᠢ ᠪᠦᠷᠢᠯᠳᠤᠭᠦᠯᠦᠭᠰᠠᠨ ᠪᠠᠶᠢᠬᠤ | ᠬᠡᠷᠡᠭᠲᠠᠢ ᠬᠡᠵᠤ ᠱᠠᠭᠠᠷᠳᠠᠳᠠᠭ ᠪᠠᠶᠢᠨ᠎ᠠ᠃ ᠮᠠᠨᠵᠤ ᠴᠢᠩ ᠤᠯᠤᠰ ᠤᠨ ᠦᠶ᠎ᠠ ᠳᠤ ᠬᠦᠷᠤᠬᠡᠳ ︽ᠡᠷ᠎ᠠ ᠶᠢᠨ | ᠭᠤᠷᠪᠠᠨ ᠨᠠᠭᠠᠳᠤᠮ︾ ᠳᠡᠯᠠᠬᠡᠢ ᠳᠠᠶᠠᠭᠠᠷ ᠲᠠᠨᠢᠭᠳᠠᠵᠤ᠂ ᠮᠤᠩᠭᠤᠯ ᠦᠨᠳᠤᠰᠤᠲᠠᠨ ᠤ ᠢᠵᠠᠭᠤᠷ ᠤᠨ | ᠤᠯᠠᠮᠵᠢᠯᠠᠯᠲᠤ ᠰᠤᠶᠤᠯ ᠪᠤᠯᠤᠨ ᠬᠦᠭᠵᠢᠵᠤ᠂ ᠠᠭᠠᠵᠢᠮ ᠢᠶᠠᠷ ᠠᠯᠪᠠᠨ ᠠᠴᠠ ᠲᠤᠭᠲᠠᠭᠰᠠᠨ ᠬᠤᠭᠤᠴᠠᠭᠠᠨ ᠳᠤ | ᠵᠤᠬᠢᠶᠠᠨ ᠪᠠᠶᠢᠭᠤᠯᠬᠤ ᠨᠠᠶᠢᠷ ᠨᠠᠭᠠᠳᠤᠮ᠂ ᠪᠠᠶ᠎ᠠ ᠲᠠᠮᠢᠷ ᠤᠨ ᠬᠦᠳᠡᠯᠬᠡᠬᠡᠨ ᠪᠤᠯᠵᠠᠢ᠃ ᠲᠠᠬᠦᠨ ᠤ ᠬᠡᠪᠴᠢᠶ᠎ᠠ᠂ | ᠬᠡᠯᠪᠠᠷᠢ ᠪᠤᠯᠤᠨ ᠠᠭᠤᠯᠭ᠎ᠠ ᠨᠢ ᠤᠯᠠᠮ ᠨᠢᠬᠡ ᠠᠯᠬᠤᠮ ᠬᠦᠭᠵᠢᠭᠰᠡᠨ ᠪᠠᠶᠢᠨ᠎ᠠ᠃ ᠲᠤᠬᠠᠢ ᠶᠢᠨ ᠦᠶ᠎ᠠ ᠳᠤ ᠮᠤᠩᠭᠤᠯ | ᠦᠨᠳᠤᠰᠤᠲᠠᠨ ᠤ ᠵᠡᠷᠬᠡ ᠵᠢᠩᠰᠠ ᠲᠠᠢ ᠪᠠᠶᠢᠭᠰᠠᠨ ᠸᠠᠩ ᠬᠦᠩ᠂ ᠰᠤᠮᠤ᠂ ᠬᠤᠰᠢᠭᠤ᠂ ᠠᠶᠢᠮᠠᠭ ᠢᠶᠠᠷ ᠨᠢᠬᠡᠴᠢ | ᠪᠤᠯᠭᠠᠵᠤ᠂ ᠬᠠᠭᠠᠰ ᠵᠢᠯ᠂ ᠨᠢᠬᠡ ᠵᠢᠯ ᠡᠰᠠᠪᠠᠯ ᠭᠤᠷᠪᠠᠨ ᠵᠢᠯ ᠳᠤ ᠨᠢᠬᠡ ᠤᠳᠠᠭ᠎ᠠ ︽ᠨᠠᠭᠠᠳᠤᠮ ᠤᠨ ᠨᠠᠶᠢᠷ︾ | ᠡᠷᠬᠢᠯᠠᠵᠤ᠂ ︽ᠡᠷ᠎ᠠ ᠶᠢᠨ ᠭᠤᠷᠪᠠᠨ ᠨᠠᠭᠠᠳᠤᠮ︾ ᠶᠠᠪᠤᠭᠤᠯᠵᠤ᠂ ᠤᠷᠤᠯᠳᠤᠭᠠᠨ ᠳᠤ ᠰᠢᠯᠭᠠᠷᠠᠭᠰᠠᠳ ᠢ ᠳᠡᠰ | ᠬᠤᠪᠢᠶᠠᠨ ᠱᠠᠩᠨᠠᠯ ᠦᠭᠴᠤ ᠴᠤᠯᠠ ᠤᠯᠭᠤᠨ᠎ᠠ᠃ ᠲᠡᠷᠠ ᠦᠶ᠎ᠠ ᠳᠤ ᠪᠦᠬᠦ ᠤᠯᠤᠰ ᠡᠯ᠎ᠠ ᠭᠠᠵᠠᠷ ᠤᠷᠤᠨ ᠳᠤ | ᠪᠠᠶᠢᠭᠰᠠᠨ ᠮᠤᠩᠭᠤᠯᠴᠤᠳ ᠮᠠᠨᠵᠤ ᠲᠦᠷᠤ ᠶᠢᠨ ᠪᠠᠶᠢᠭᠤᠯᠤᠭᠰᠠᠨ ᠰᠤᠮᠤ ᠢᠶᠠᠷ ᠵᠢᠵᠢᠭ ᠨᠢᠬᠡᠴᠢ ᠪᠤᠯᠭᠠᠨ ᠰᠤᠮᠤ | ᠪᠦᠷᠢ ᠲᠠᠬᠢᠯᠭ᠎ᠠ ᠶᠢᠨ ᠤᠪᠤᠭ᠎ᠠ ᠪᠤᠰᠬᠠᠵᠤ ᠵᠢᠯ ᠪᠦᠷᠢ ᠤᠪᠤᠭ᠎ᠠ ᠲᠠᠬᠢᠬᠤ ᠨᠠᠶᠢᠷ ᠬᠢᠵᠤ ︽ᠡᠷ᠎ᠠ ᠶᠢᠨ ᠭᠤᠷᠪᠠᠨ | ᠨᠠᠭᠠᠳᠤᠮ︾ ᠢ ᠶᠠᠪᠤᠭᠤᠯᠵᠤ ᠨᠠᠷᠠ ᠴᠤᠯᠠ ᠤᠯᠭᠤᠬᠤ ᠪᠠ ᠲᠠᠪᠤᠨ ᠬᠤᠰᠢᠭᠤ ᠮᠠᠯ ᠢᠶᠠᠷ ᠱᠠᠩᠨᠠᠳᠠᠭ ᠪᠦᠬᠡᠳ | ᠰᠢᠯᠭᠠᠷᠠᠵᠤ ᠭᠠᠷᠤᠭᠰᠠᠳ ᠢ ᠬᠤᠰᠢᠭᠤ᠂ ᠠᠶᠢᠮᠠᠭ ᠤᠨ ︽ᠨᠠᠭᠠᠳᠤᠮ︾ ᠤᠨ ᠬᠦᠳᠡᠯᠬᠡᠬᠡᠨ ᠳᠤ ᠤᠷᠤᠯᠴᠠᠭᠤᠯᠳᠠᠭ | ᠪᠠᠶᠢᠨ᠎ᠠ᠃ ᠡᠨᠡᠬᠦ ᠬᠦᠳᠡᠯᠬᠡᠬᠡᠨ ᠨᠢ ᠤᠳᠤ ᠴᠤ ᠮᠤᠩᠭᠤᠯ ᠦᠨᠳᠤᠰᠤᠲᠠᠨ ᠤᠯᠠᠨ ᠪᠠᠶᠢᠳᠠᠭ ᠭᠠᠵᠠᠷ ᠤᠷᠤᠨ ᠳᠤ | ᠤᠯᠠᠮᠵᠢᠯᠠᠭᠳᠠᠨ ᠶᠠᠪᠤᠭᠳᠠᠵᠤ ᠪᠠᠶᠢᠨ᠎ᠠ᠃ ᠡᠬᠦᠨ ᠠᠴᠠ ᠭᠠᠳᠠᠨ᠎ᠠ ᠰᠢᠨᠵᠢᠶᠠᠩ ᠤᠨ ᠤᠶᠢᠭᠤᠷ ᠦᠪᠠᠷᠲᠠᠬᠡᠨ ᠵᠠᠰᠠᠬᠤ | ᠤᠷᠤᠨ ᠤ ᠠᠯᠲᠠᠢ ᠬᠤᠲᠠ ᠳᠤ ᠠᠮᠢᠳᠤᠷᠡᠵᠤ ᠪᠠᠶᠢᠭ᠎ᠠ ᠴᠦᠬᠡᠨ ᠤᠷᠢᠶᠠᠩᠬᠠᠢ ᠶᠠᠰᠤᠲᠠᠨ ᠤᠳᠤ ᠬᠦᠷᠲᠠᠯ᠎ᠠ ᠨᠤᠮᠤ | ᠰᠠᠭᠠᠳᠠᠭ ᠬᠠᠷᠪᠤᠬᠤ ᠢᠵᠠᠭᠤᠷ ᠰᠤᠶᠤᠯ ᠶᠢᠨ ᠬᠠᠳᠠᠭᠠᠯᠠᠨ ᠴᠠᠭᠠᠨ ᠰᠠᠷ᠎ᠠ ᠶᠢᠨ ᠪᠠᠶᠠᠷ ᠢ ᠪᠡᠯᠬᠡᠯᠠᠨ ︽ᠮᠦᠰᠤᠨ ᠤ | ᠨᠤᠮᠤ ᠰᠠᠭᠠᠳᠠᠭ︾ ᠬᠠᠷᠪᠤᠬᠤ ᠪᠠᠶ᠎ᠠ ᠲᠠᠮᠢᠷ ᠤᠨ ᠬᠦᠳᠡᠯᠬᠡᠬᠡᠨ ᠢ ᠶᠠᠪᠤᠭᠤᠯᠳᠠᠭ ᠪᠠᠶᠢᠨ᠎ᠠ᠃ ᠬᠡᠬᠦ ᠳᠡᠭᠡᠨ ᠴᠠᠰᠤᠨ | ᠤᠪᠤᠭ᠎ᠠ ᠪᠤᠰᠬᠠᠵᠤ᠂ ᠴᠠᠰᠤ ᠪᠠᠷ ᠫᠠᠢ ᠵᠠᠰᠠᠵᠤ᠂ ᠬᠦᠮᠤᠰ ᠶᠢᠨ ᠬᠤᠶᠠᠷ ᠳᠤᠭᠠᠶᠢᠯᠠᠩ ᠬᠤᠪᠢᠶᠠᠵᠤ ᠮᠦᠷᠦ᠋ᠢᠴᠡᠬᠡᠨ | ᠶᠠᠪᠤᠭᠤᠯᠳᠠᠭ ᠪᠠᠶᠢᠨ᠎ᠠ᠃ ᠮᠤᠩᠭᠤᠯᠴᠤᠳ ᠤᠨ ᠨᠤᠮᠤ ᠰᠠᠭᠠᠳᠠᠭ ᠬᠠᠷᠪᠤᠬᠤ ᠬᠦᠳᠡᠯᠬᠡᠬᠡᠨ ᠪᠤᠯ ᠦᠩᠬᠡᠷᠡᠭᠰᠠᠨ ᠤ | ᠴᠢᠳᠠᠪᠤᠷᠢᠲᠠᠨ ᠢ ᠰᠢᠯᠢᠵᠤ ᠰᠤᠩᠭᠤᠬᠤ ᠴᠢᠬᠤᠯᠠ ᠪᠠᠶ᠎ᠠ ᠲᠠᠮᠢᠷ ᠤᠨ ᠲᠦᠷᠤᠯ ᠵᠦᠢᠯ ᠤᠨ ᠨᠢᠬᠡ ᠪᠤᠯᠤᠨ᠎ᠠ᠃ | ᠡᠷᠲᠠᠨ ᠤ ᠳᠠᠶᠢᠨ ᠤ ᠦᠶ᠎ᠠ ᠳᠤ ᠨᠠᠭᠠᠳᠤᠮ ᠤᠨ ᠬᠤᠷᠠᠯ ᠬᠢᠬᠦ ᠪᠠᠷ ᠳᠠᠮᠵᠢᠵᠤ᠂ ᠴᠡᠷᠢᠭ ᠤᠨ ᠰᠠᠨᠠᠭ᠎ᠠ ᠰᠡᠳᠬᠢᠯ ᠢ | ᠠᠮᠤᠷ ᠲᠠᠶᠢᠪᠤᠩ ᠪᠤᠯᠭᠠᠬᠤ ᠶᠢᠨ ᠳᠠᠠᠭᠤ ᠴᠡᠷᠢᠭ ᠢᠶᠠᠨ ᠪᠤᠯᠪᠠᠰᠤᠷᠠᠭᠤᠯᠬᠤ᠂ ᠬᠠᠮᠤᠭ ᠤᠨ ᠡᠴᠤᠰ ᠲᠣ | ᠴᠢᠳᠠᠪᠤᠷᠢᠲᠠᠨ ᠢ ᠰᠢᠯᠭᠠᠷᠠᠭᠤᠯᠵᠤ ᠠᠪᠳᠠᠭ᠃ ᠮᠤᠩᠭᠤᠯ ᠦᠨᠳᠤᠰᠤᠲᠠᠨ ᠪᠤᠯ ᠡᠷ᠎ᠠ ᠴᠢᠳᠠᠯ᠂ ᠡᠷᠡᠮᠡᠬᠡᠢ ᠵᠤᠷᠢᠭ ᠢ | ᠴᠢᠬᠤᠯᠠᠴᠢᠯᠠᠬᠤ ᠦᠨᠳᠤᠰᠤᠲᠠᠨ ᠮᠦᠨ᠃ | ᠡᠨᠠ ᠨᠢ ᠬᠠᠲᠠᠭᠤ ᠪᠡᠷᠬᠡ ᠪᠠᠶᠢᠭᠠᠯᠢ ᠶᠢᠨ ᠤᠷᠴᠢᠨ ᠳᠤ ᠵᠤᠬᠢᠴᠠᠯᠳᠤᠬᠤ ᠶᠢᠨ ᠲᠦᠯᠤᠬᠡ ᠤᠶᠢᠯᠠᠳᠪᠤᠷᠢᠯᠠᠯ | ᠠᠮᠢᠳᠤᠷᠠᠯ ᠤᠨ ᠳᠤᠮᠳᠠ ᠠᠭᠠᠵᠢᠮ ᠢᠶᠠᠷ ᠤᠷ᠎ᠠ ᠤᠬᠠᠭᠠᠨ ᠢᠲᠠᠬᠡᠯ ᠵᠤᠷᠢᠭ ᠢᠶᠠᠨ ᠪᠤᠯᠪᠠᠰᠤᠷᠠᠳᠠᠭ᠃ ᠡᠶᠢᠮᠤ ᠠᠴᠠ | ᠨᠤᠮᠤ ᠰᠠᠭᠠᠳᠠᠭ ᠨᠠᠮᠨᠠᠵᠤ ᠬᠠᠷᠪᠤᠬᠤ ᠬᠦᠳᠡᠯᠬᠡᠬᠡᠨ ᠪᠤᠯ ᠲᠡᠳᠡᠨ ᠤ ᠪᠠᠶ᠎ᠠ ᠵᠤᠷᠢᠭ ᠤᠨ ᠬᠠᠲᠠᠭᠤᠵᠢᠭᠤᠯᠬᠤ ᠬᠠᠮᠤᠭ | ᠰᠠᠶᠢᠨ ᠪᠠᠭᠠᠵᠢ ᠪᠤᠶᠤ ᠵᠠᠪᠰᠡᠭ ᠪᠤᠯᠬᠤ ᠶᠤᠰᠤᠲᠠᠢ᠃ ᠴᠢᠩᠬᠢᠰ ᠬᠠᠭᠠᠨ ᠶᠡᠭᠡ ᠮᠤᠩᠭᠤᠯ ᠲᠦᠷᠤ ᠶᠢ ᠪᠠᠶᠢᠭᠤᠯᠬᠤ | ᠶᠠᠪᠤᠴᠠ ᠳᠠᠭᠠᠨ ︽ᠨᠤᠮᠤ ᠰᠠᠭᠠᠳᠠᠭ︾᠂ ︽ᠬᠤᠷᠳᠤᠨ ᠮᠤᠷᠢ︾᠂ ︽ᠪᠠᠭᠠᠲᠤᠷ ᠬᠦᠴᠤᠲᠠᠨ︾ ᠨᠢ ᠡᠨᠠᠬᠦ | ᠳᠡᠯᠡᠬᠡᠢ ᠶᠢ ᠳᠤᠩᠰᠤᠯᠭᠠᠭᠰᠠᠨ ᠠᠶᠠᠨ ᠳᠠᠶᠢᠨ ᠳᠤ ᠬᠦᠨᠳᠤ ᠴᠢᠬᠤᠯᠠ ᠦᠢᠯᠠᠳᠤᠯ ᠦᠵᠡᠭᠦᠯᠦᠭᠰᠠᠨ ᠪᠠᠶᠢᠳᠠᠭ᠃ | ᠡᠬᠦᠨ ᠳᠤ ︽ᠮᠡᠷᠬᠡᠨ ᠬᠠᠷᠪᠤᠭᠠᠴᠢ︾᠂ ︽ᠬᠤᠷᠳᠤᠨ ᠬᠦᠯᠦᠭ︾᠂ ︽ᠠᠪᠤᠷᠭᠤ ᠪᠦᠬᠡ︾ ᠪᠦᠷ ᠨᠠᠭᠠᠳᠤᠮ ᠤᠨ | ᠤᠷᠤᠯᠳᠤᠭᠠᠨ ᠢᠶᠠᠷ ᠳᠠᠮᠵᠢᠵᠤ ᠰᠢᠯᠭᠠᠷᠠᠨ ᠭᠠᠷᠳᠠᠭ ᠰᠠᠨ᠃ ᠡᠶᠢᠮᠤ ᠠᠴᠠ ︽ᠮᠤᠩᠭᠤᠯ ᠤᠨ ᠨᠢᠭᠤᠴᠠ ᠲᠤᠪᠴᠢᠶᠠᠨ︾ | ᠳᠤ ᠲᠡᠮᠳᠡᠭᠯᠡᠵᠤ ᠪᠠᠶᠢᠭ᠎ᠠ ᠮᠤᠩᠭᠤᠯ ᠬᠠᠭᠠᠨᠲᠤ ᠤᠯᠤᠰ ᠪᠠᠶᠢᠭᠤᠯᠤᠭᠳᠠᠭᠰᠠᠨ ᠶᠡᠭᠡ ᠪᠠᠶᠠᠷ ᠶᠤᠰᠤᠯᠠᠯ ᠳᠡᠬᠡᠷ᠎ᠠ | ᠴᠢᠩᠬᠢᠰ ᠬᠠᠭᠠᠨ ᠨᠢ ︽ᠪᠡᠯᠬᠦᠲᠠᠢ ᠪᠦᠬᠡ᠂ ᠬᠠᠰᠠᠷ ᠬᠠᠪᠤ︾ ᠬᠡᠵᠤ ᠬᠡᠯᠡᠭᠰᠠᠨ ᠪᠠᠶᠢᠳᠠᠭ᠃ ᠡᠬᠦᠨ ᠠᠴᠠ ᠪᠢᠳᠠᠨ | ᠨᠤᠮᠤ ᠰᠠᠭᠠᠳᠠᠭ ᠢ ᠲᠤᠬᠠᠢ ᠶᠢᠨ ᠦᠶ᠎ᠠ ᠶᠢᠨ ᠬᠦᠮᠤᠰ ᠪᠦᠷ ᠤᠨᠴᠠᠭᠠᠢ ᠨᠢᠬᠡ ᠵᠦᠢᠯ ᠤᠨ ᠡᠷᠳᠡᠮ ᠴᠢᠳᠠᠪᠤᠷᠢ ᠪᠠᠷ | ᠦᠵᠡᠵᠤ ᠪᠠᠶᠢᠭᠰᠠᠨ ᠢ ᠮᠡᠳᠡᠵᠤ ᠪᠤᠯᠤᠨ᠎ᠠ᠃ | | | ᠵᠣᠬᠢᠶᠠᠭᠴᠢ᠄ ᠣ ᠂ ᠪᠠᠭᠠᠳᠣᠷ | ᠨᠠᠶᠢᠷᠠᠭᠤᠯᠤᠭᠴᠢ᠄ ᠬᠠᠷᠠᠬᠦᠤ | | | | |