ᠤᠯᠤᠰ ᠤᠨ ᠪᠠᠶᠠᠷ ᠤᠨ ᠠᠮᠠᠷᠠᠯᠳᠠ ᠶᠢᠨ ᠬᠤᠭᠤᠴᠠᠭᠠᠨ ᠳᠤ ᠤᠯᠠᠩᠬᠢ ᠬᠥᠮᠦᠰ ᠭᠠᠳᠠᠭᠰᠢ ᠵᠢᠭᠤᠯᠴᠢᠯᠠᠨ | ᠠᠶᠠᠯᠠᠵᠤ᠂ ᠲᠦᠷᠦᠯ ᠰᠠᠳᠤᠨ ᠨᠠᠶᠢᠵᠠ ᠨᠦᠬᠦᠳ ᠲᠠᠢ ᠪᠠᠨ ᠤᠴᠠᠷᠠᠨ ᠵᠤᠯᠭᠠᠵᠤ ᠤᠷᠮ᠎ᠠ ᠰᠡᠳᠬᠢᠯ ᠢᠶᠠᠨ | ᠰᠡᠷᠭᠦᠭᠡᠵᠦ ᠶᠠᠪᠤᠳᠠᠭ᠃ | ᠲᠡᠭᠡᠭᠡᠳ ᠠᠮᠲᠠᠲᠤ ᠢᠳᠡᠭᠡᠨ᠂ ᠭᠤᠶᠣ ᠦᠵᠡᠮᠵᠢ ᠪᠠᠨ ᠰᠡᠬᠦᠳᠡᠷ ᠲᠠᠳᠠᠵᠤ ᠨᠠᠶᠢᠵᠠ ᠶᠢᠨ ᠲᠣᠭᠤᠷᠢᠭ᠂ ᠣᠬᠤᠷ | ᠸᠢᠳᠢᠣ᠋ ᠳᠡᠭᠡᠷ᠎ᠡ ᠬᠤᠪᠢᠶᠠᠯᠴᠠᠬᠤ ᠳᠤᠷᠠᠲᠠᠶ ᠪᠠᠶᠢᠳᠠᠭ᠃ ᠬᠡᠳᠡᠯ᠎ᠠ ᠡᠲᠡᠭᠡᠷ ᠦᠢᠯᠡ ᠶᠠᠪᠤᠳᠠᠯ ᠴᠢᠨᠢ ᠬᠤᠪᠢ ᠬᠥᠮᠦᠨ ᠤ | ᠮᠡᠳᠡᠭᠡ ᠵᠠᠩᠭᠢ ᠪᠠᠨ ᠳᠠᠮ ᠢᠶᠠᠷ ᠵᠠᠳᠠᠷᠠᠭᠤᠯᠬᠤ ᠶᠢ ᠲᠠ ᠮᠡᠳᠡᠨ᠎ᠡ ᠤᠤ︖ ᠬᠡᠷᠪᠡ ᠤᠨᠳᠤᠤ ᠰᠠᠨᠠᠭ᠎ᠠ ᠲᠠᠢ ᠬᠥᠮᠦᠨ | ᠬᠡᠷᠡᠭᠯᠡᠪᠡᠯ ᠥᠪᠡᠷ ᠪᠡᠶ᠎ᠠ ᠪᠠ ᠭᠡᠷ ᠤᠨ ᠬᠥᠮᠦᠰ ᠤᠨ ᠡᠳ᠋ ᠬᠥᠷᠥᠩᠭᠡ ᠴᠢᠨᠠᠭᠰᠢᠯᠠᠪᠠᠯ ᠬᠤᠪᠢ ᠬᠦᠮᠦᠨ ᠤ ᠠᠮᠤᠷ | ᠲᠦᠪᠰᠢᠨ ᠢ ᠰᠦᠷᠳᠡᠭᠦᠯᠵᠦ ᠮᠡᠳᠡᠨ᠎ᠡ᠃ | ᠬᠠᠮᠢᠶ᠎ᠠ ᠪᠦᠬᠦᠢ ᠬᠦᠷᠢᠶ᠎ᠠ ᠴᠠᠷᠠᠭᠠᠨ ᠤ ᠲᠤᠰᠬᠠᠢ ᠮᠡᠷᠭᠡᠵᠢᠯᠳᠡᠨ ᠠᠴᠠ ᠲᠤᠤᠷᠠᠬᠢ ᠬᠡᠳᠦᠨ ᠵᠦᠢᠯ ᠤᠨ | ᠰᠡᠬᠦᠳᠡᠷ ᠢ ᠰᠦᠯᠵᠢᠶᠠᠨ ᠲᠡᠭᠡᠷ᠎ᠠ ᠲᠠᠯᠪᠢᠬᠤ ᠠᠴᠠ ᠬᠢᠴᠢᠶᠡᠭᠡᠷᠡᠢ ᠭᠡᠵᠦ ᠤᠯᠠᠨ ᠳᠤ ᠰᠠᠨᠠᠭᠤᠯᠤᠨ᠎ᠠ᠃ ᠭᠠᠷ ᠲᠠᠭᠠᠨ | ᠪᠡᠶ᠎ᠡ ᠶᠢᠨ ᠦᠨᠡᠮᠯᠡᠯ ᠪᠠᠷᠢᠬᠰᠠᠨ ᠰᠡᠬᠦᠳᠡᠷ ᠢ ᠲᠠᠯᠪᠢᠵᠦ ᠪᠤᠯᠬᠤ ᠦᠭᠡᠢ ᠡᠲᠡᠭᠡᠷ ᠰᠡᠬᠦᠳᠡᠷ ᠲᠤ ᠬᠤᠪᠢ ᠬᠥᠮᠦᠨ ᠤ | ᠣᠪᠣᠭ ᠨᠡᠷ᠎ᠡ᠂ ᠪᠡᠶ᠎ᠡ ᠶᠢᠨ ᠦᠨᠡᠮᠯᠡᠯ ᠤᠨ ᠨᠣᠮᠧᠷ᠂ ᠣᠷᠣᠨ ᠰᠠᠭᠤᠴᠠ ᠶᠢᠨ ᠬᠠᠶ᠋ᠢᠭ ᠵᠡᠷᠭᠡ ᠮᠡᠳᠡᠭᠡ ᠵᠠᠩᠭᠢ | ᠪᠠᠶᠢᠳᠠᠭ᠂ ᠬᠡᠷᠪᠡ ᠵᠠᠳᠠᠷᠠᠬᠤ ᠳᠤ ᠬᠦᠷᠪᠡᠯ ᠬᠠᠤᠯᠢ ᠪᠤᠰᠤ ᠡᠲᠡᠭᠡᠳ ᠡᠲᠡᠭᠡᠷ ᠮᠡᠳᠡᠭᠡ ᠵᠠᠩᠭᠢ ᠶᠢ ᠠᠰᠢᠭᠯᠠᠨ | ᠪᠡᠶ᠎ᠡ ᠶᠢᠨ ᠬᠢᠷᠢ ᠬᠡᠮ ᠢ ᠴᠢᠨᠢ ᠬᠤᠯᠠᠭᠠᠶᠢᠯᠠᠨ ᠬᠡᠷᠡᠭᠯᠡᠵᠦ᠂ ᠢᠲᠡᠭᠡᠮᠵᠢ ᠶᠢᠨ ᠺᠠᠷᠲ᠂ ᠵᠢᠭᠡᠯᠡᠯᠭᠡ ᠵᠡᠷᠭᠡ ᠮᠥᠩᠭᠦᠨ | ᠬᠦᠢᠯᠭᠡᠭᠡᠨ ᠤ ᠲᠤᠬᠠᠶᠢᠯᠠᠭᠰᠠᠨ ᠠᠵᠢᠯ ᠢ ᠬᠦᠢᠴᠡᠳᠭᠡᠵᠦ᠂ ᠴᠢᠨᠠᠭᠰᠢᠯᠠᠪᠠᠯ ᠬᠠᠤᠯᠢ ᠶᠢ ᠵᠥᠷᠢᠴᠡᠬᠦ ᠠᠵᠢᠯᠯᠠᠭ᠎ᠠ ᠬᠢᠵᠦ | ᠮᠡᠳᠡᠨ᠎ᠡ᠃ | ᠡᠭᠦᠨ ᠠᠴᠠ ᠭᠠᠳᠠᠨ᠎ᠠ᠂ ᠭᠠᠷ ᠲᠠᠭᠠᠨ ᠴᠠᠭᠠᠨ ᠴᠠᠭᠠᠰᠤ ᠪᠠᠷᠢᠬᠤ ᠰᠡᠬᠦᠳᠡᠷ ᠪᠤᠶᠤ ᠰᠤᠨᠢᠨ ᠪᠠᠷᠢᠬᠤ ᠰᠡᠬᠦᠳᠡᠷ ᠢ | ᠦᠷᠭᠦᠯᠵᠢ ᠪᠡᠶ᠎ᠡ ᠶᠢᠨ ᠬᠢᠷᠢ ᠬᠡᠮ ᠢ ᠰᠢᠯᠭᠠᠬᠤ ᠳᠤ ᠬᠡᠷᠡᠭᠯᠡᠳᠡᠭ᠂ ᠬᠡᠷᠪᠡ ᠬᠠᠤᠯᠢ ᠪᠤᠰᠤ ᠡᠲᠡᠭᠡᠳ ᠣᠯᠵᠤ ᠠᠪᠤᠪᠠᠯ᠂ | ᠬᠠᠭᠤᠷᠮᠠᠭ ᠦᠨᠡᠮᠯᠡᠯ ᠦᠢᠯᠡᠳᠬᠦ ᠪᠤᠶᠤ ᠰᠦᠯᠵᠢᠶᠡᠨ ᠤ ᠮᠡᠬᠡᠯᠡᠯ ᠶᠠᠪᠤᠭᠤᠯᠬᠤ ᠳᠤ ᠬᠡᠷᠡᠭᠯᠡᠵᠦ ᠮᠡᠳᠡᠨ᠎ᠡ᠂ ᠢᠩᠭᠢᠪᠡᠯ | ᠬᠤᠪᠢ ᠬᠥᠮᠦᠨ ᠳᠤ ᠴᠢᠨᠢ ᠠᠵᠤ ᠠᠬᠤᠶ ᠶᠢᠨ ᠬᠤᠬᠢᠷᠠᠯ ᠪᠠ ᠨᠡᠷ᠎ᠡ ᠲᠥᠷᠥ ᠶᠢᠨ ᠬᠤᠬᠢᠷᠠᠯ ᠤᠴᠠᠷᠠᠭᠤᠯᠵᠤ ᠮᠡᠳᠡᠨ᠎ᠡ᠃ | ᠡᠯ᠎ᠡ ᠵᠦᠢᠯ ᠤᠨ ᠬᠡᠷᠡᠴᠢ ᠪᠠᠷᠢᠮᠲᠠ ᠶᠢᠨ ᠲᠥᠷᠥᠯ ᠤᠨ ᠰᠡᠬᠦᠳᠡᠷ ᠢ ᠲᠠᠯᠪᠢᠵᠦ ᠪᠤᠯᠬᠤ ᠦᠭᠡᠢ ᠮᠠᠰᠢ ᠤᠯᠠᠨ ᠬᠥᠮᠦᠨ | ᠠᠵᠢᠯ ᠢᠶᠠᠷ ᠭᠠᠳᠠᠭᠰᠢ ᠭᠠᠷᠬᠤ᠂ ᠵᠢᠭᠤᠯᠴᠢᠯᠠᠬᠤ ᠳᠠᠭᠠᠨ ᠪᠦᠷ ᠭᠠᠯᠲᠤ ᠲᠡᠷᠭᠡᠨ ᠤ ᠪᠢᠯᠧᠲ ᠪᠤᠶᠤ ᠨᠢᠰᠭᠡᠯ ᠳᠤ | ᠰᠠᠭᠤᠬᠤ ᠫᠠᠶᠢᠰᠠ ᠪᠠᠨ ᠰᠡᠭᠦᠳᠡᠷᠯᠡᠵᠦ᠂ ᠥᠪᠡᠷ ᠤᠨ ᠨᠠᠶᠢᠵᠠ ᠶᠢᠨ ᠲᠣᠭᠤᠷᠢᠭ ᠲᠠᠭᠠᠨ ᠲᠠᠯᠪᠢᠵᠦ ᠬᠤᠪᠢᠶᠠᠯᠴᠠᠬᠤ | ᠲᠤᠷᠠᠳᠠᠢ ᠪᠠᠶᠢᠳᠠᠭ᠃ ᠡᠳᠡᠭᠡᠷ ᠪᠢᠯᠧᠲ ᠭᠡᠷᠡᠴᠢ ᠳᠡᠭᠡᠷ᠎ᠡ ᠴᠢᠨᠢ ᠣᠪᠣᠭ ᠨᠡᠷ᠎ᠡ᠂ ᠮᠤᠷᠳᠠᠬᠤ ᠭᠠᠵᠠᠷ᠂ ᠬᠦᠷᠬᠦ ᠭᠠᠵᠠᠷ | ᠵᠡᠷᠭᠡ ᠮᠡᠳᠡᠭᠡ ᠵᠠᠩᠭᠢ ᠪᠠᠶᠢᠳᠠᠭ ᠢᠶᠠᠷ ᠪᠠᠷᠠᠬᠤ ᠦᠭᠡᠶ᠂ ᠵᠢᠷᠤᠭᠠᠰᠤᠨ ᠺᠤᠳ᠋ ᠪᠤᠶᠤ ᠬᠤᠶᠠᠷ ᠬᠡᠮᠵᠢᠯᠳᠦ ᠺᠤᠳ᠋ | ᠲᠡᠭᠡᠷ᠎ᠡ ᠨᠢ ᠠᠶᠠᠨᠴᠢᠳ ᠤᠨ ᠬᠤᠪᠢ ᠬᠥᠮᠦᠨ ᠤ ᠮᠡᠳᠡᠭᠡ ᠵᠠᠩᠭᠢ ᠪᠠᠶᠢᠳᠠᠭ ᠠᠴᠠ ᠬᠠᠤᠯᠢ ᠪᠤᠰᠤ ᠡᠲᠡᠭᠡᠳ ᠲᠤ | ᠠᠰᠢᠬᠯᠠᠬᠳᠠᠬᠤ ᠪᠣᠯᠤᠯᠴᠠᠭ᠎ᠠ ᠲᠠᠢ ᠶᠤᠮ᠃ | ᠭᠡᠷ ᠤᠨ ᠲᠦᠯᠬᠢᠭᠦᠷ᠂ ᠲᠡᠷᠭᠡᠨ ᠫᠠᠶᠢᠰᠠ ᠵᠡᠷᠭᠡ ᠰᠡᠬᠦᠳᠡᠷ ᠢ ᠲᠠᠯᠪᠢᠵᠦ ᠪᠤᠯᠬᠤ ᠦᠭᠡᠢ ᠬᠠᠤᠯᠢ ᠪᠤᠰᠤ ᠡᠲᠡᠭᠡᠳ | ᠲᠣᠮᠣ ᠳ᠋ᠠᠶᠢᠲ᠋ᠠ ᠵᠡᠷᠭᠡ ᠮᠡᠷᠭᠡᠵᠢᠯ ᠤᠨ ᠠᠷᠭ᠎ᠠ ᠪᠠᠷᠢᠯ ᠢᠶᠠᠷ ᠲᠠᠮᠵᠢᠭᠤᠯᠤᠨ᠂ ᠰᠡᠬᠦᠳᠡᠷ ᠨᠡᠶᠢᠳᠡᠯᠡᠭᠰᠡᠨ ᠬᠦᠮᠦᠨ ᠤ | ᠤᠨᠴᠠᠭᠠᠢ ᠴᠠᠭ ᠬᠤᠭᠤᠴᠠᠭᠠᠨ ᠳᠠᠬᠢ ᠣᠨᠴᠠ ᠲᠣᠭᠲᠠᠭᠰᠠᠨ ᠣᠷᠣᠨ ᠪᠠᠶᠢᠷᠢ ᠶᠢ ᠵᠠᠳᠠᠯᠤᠨ ᠭᠠᠷᠭᠠᠬᠤ ᠪᠦᠭᠡᠳ | ᠪᠠᠰᠠ ᠨᠡᠶᠢᠲᠡᠯᠡᠭᠰᠡᠨ ᠬᠦᠮᠦᠨ ᠤ ᠠᠮᠢᠳᠤᠷᠠᠯ ᠤᠨ ᠳᠠᠳᠬᠠᠯ ᠢ ᠣᠶᠢᠯᠠᠭᠠᠵᠦ ᠪᠣᠯᠤᠨ᠎ᠠ᠃ ᠢᠩᠬᠢᠬᠦᠯᠡᠷ ᠰᠦᠯᠵᠢᠶᠡᠨ | ᠲᠡᠭᠡᠷ᠎ᠠ ᠲᠠᠯᠪᠢᠬᠤ ᠰᠡᠬᠦᠳᠡᠷ ᠲᠤ ᠭᠡᠷ ᠤᠨ ᠲᠦᠯᠬᠢᠭᠦᠷ᠂ ᠲᠡᠷᠭᠡᠨ ᠫᠠᠶᠢᠰᠠ ᠶᠢᠨ ᠨᠣᠮᠧᠷ ᠵᠡᠷᠭᠡ ᠢᠯᠡᠷᠬᠡᠶ | ᠣᠨᠴᠠᠯᠢᠭ ᠲᠠᠢ ᠶᠠᠭᠤᠮᠠᠰ ᠢ ᠪᠢᠲᠡᠭᠡᠶ ᠤᠷᠤᠭᠤᠯᠤᠭᠠᠷᠠᠢ᠃ | | | | | | | | |