︽ᠨᠢᠭᠡᠨ ᠡᠮᠡᠭᠲᠠᠢ ᠤᠶᠤᠲᠠᠨ ᠦᠷᠬᠦᠯᠵᠢᠯᠡᠨ 15 ᠴᠠᠭ ᠠᠵᠢᠯᠯᠠᠭᠠᠳ ᠬᠡᠳᠣ ᠶᠠᠳᠠᠷᠠᠨ ᠴᠢᠰᠤ ᠪᠠᠷ | ᠪᠦᠭᠡᠯᠵᠢᠵᠦ ᠦᠬᠦᠪᠡ︾ ᠭᠡᠬᠦ ᠮᠡᠳᠡᠭᠡ ᠰᠦᠯᠵᠢᠶᠡᠨ ᠳᠡᠭᠡᠷ᠎ᠠ ᠬᠦᠯ ᠤᠷᠭᠤᠭᠰᠠᠨ ᠮᠡᠲᠦ ᠬᠤᠷᠳᠤᠨ ᠲᠠᠷᠬᠠᠵᠦ᠂ | ᠲᠤᠰᠢᠶᠠᠯ ᠬᠠᠪᠰᠤᠷᠭᠠᠨ ᠰᠤᠯᠠ ᠠᠵᠢᠯ ᠬᠢᠬᠦ ᠶᠠᠷᠢᠶ᠎ᠠ ᠬᠡᠯᠡᠯᠴᠡᠭᠡ ᠰᠦᠯᠵᠢᠶᠡᠨ ᠠᠨᠳᠠ ᠶᠢᠨ ᠳᠤᠮᠲᠠ ᠬᠠᠯᠠᠮᠰᠢᠯ | ᠪᠤᠯᠪᠠ᠃ ᠠᠮᠢᠳᠤᠷᠠᠯ ᠳᠤᠮᠳᠠ ᠶᠡᠭᠡ ᠰᠤᠷᠭᠠᠭᠤᠯᠢ ᠶᠢᠨ ᠤᠶᠤᠲᠠᠳ᠂ ᠡᠰᠡᠬᠦᠯ᠎ᠠ ᠵᠢᠩᠭᠢᠨᠢ ᠠᠵᠢᠯ ᠲᠠᠢ ᠴᠠᠭᠠᠨ | ᠵᠠᠭᠠᠮᠠᠲᠠᠨ ᠵᠡᠷᠭᠡ ᠨᠢᠭᠡ ᠪᠦᠯᠦᠭ ᠬᠦᠮᠦᠰ ᠦᠪᠡᠷ ᠤᠨ ᠠᠵᠢᠯ ᠰᠣᠷᠣᠯᠭ᠎ᠠ ᠠᠴᠠ ᠪᠠᠨ ᠭᠠᠳᠠᠨ᠎ᠠ ᠰᠤᠯᠠ ᠠᠵᠢᠯ ᠬᠢᠵᠦ | ᠂ ᠪᠠᠭ᠎ᠠ ᠰᠠᠭ᠎ᠠ ᠤᠷᠤᠯᠭ᠎ᠠ ᠤᠯᠳᠠᠭ ᠨᠢ ᠬᠠᠣᠯᠢ ᠶᠣᠰᠣᠨ ᠳᠤ ᠨᠡᠶᠢᠴᠡᠨ᠎ᠠ᠃ ᠭᠡᠶ᠎ᠠ ᠰᠤᠯᠠ ᠠᠵᠢᠯ ᠬᠢᠵᠦ ᠪᠠᠶᠢᠭᠠᠳ | ᠰᠠᠨᠠᠭᠠᠨ ᠠᠴᠠ ᠭᠠᠳᠠᠭᠤᠷ ᠠᠳᠡᠯ ᠤᠰᠤᠯ᠂ ᠠᠵᠢᠯ ᠤᠨ ᠰᠢᠷᠬᠠᠲᠤᠯ ᠵᠡᠷᠭᠡ ᠤᠴᠢᠷ ᠭᠠᠷᠪᠠᠯ᠂ ᠨᠢᠭᠡ ᠪᠦᠯᠦᠭ | ᠬᠠᠤᠯᠢ ᠶᠢᠨ ᠠᠰᠠᠭᠤᠳᠠᠯ ᠤᠳ ᠲᠠᠢ ᠬᠤᠯᠪᠤᠭᠳᠠᠳᠠᠭ᠃ | ᠬᠡᠷᠡᠭ ᠤᠨ ᠵᠢᠱᠢᠶ᠎ᠠ | ᠡᠾᠧᠪᠸᠢ ᠶᠡᠭᠡ ᠰᠤᠷᠭᠠᠭᠤᠯᠢ ᠳᠤ ᠦᠢᠯᠡᠳᠪᠦᠷᠢ ᠬᠤᠳᠠᠯᠳᠤᠭᠠᠨ ᠤ ᠬᠠᠮᠢᠶᠠᠷᠤᠯᠲᠠ ᠶᠢᠨ ᠲᠤᠰᠬᠠᠢ | ᠮᠡᠷᠭᠡᠵᠢᠯ ᠢᠶᠠᠷ ᠰᠤᠷᠤᠯᠴᠠᠵᠦ ᠪᠠᠶᠢᠭ᠎ᠠ ᠶᠡᠭᠡ ᠰᠤᠷᠭᠠᠭᠤᠯᠢ ᠶᠢᠨ ᠭᠤᠷᠪᠠᠳᠤᠭᠠᠷ ᠤᠨ ᠤ 22 ᠨᠠᠰᠣᠳᠠᠢ ᠡᠮᠡᠭᠳᠡᠢ | ᠤᠶᠤᠲᠠᠨ ᠶᠣᠸᠠᠨ XX᠂ ᠠᠮᠠᠷᠠᠯᠲᠠ ᠶᠢᠨ ᠬᠤᠭᠤᠴᠠᠭᠠᠨ ᠳᠠᠭᠠᠨ ᠭᠡᠷ ᠤᠨ ᠢᠶᠠᠨ ᠳᠠᠷᠤᠭᠠᠰᠤ ᠶᠢ ᠬᠦᠡᠭᠭᠡᠯᠡᠵᠣ | ᠰᠣᠷᠣᠯᠭ᠎ᠠ ᠶᠢᠨ ᠰᠦᠢᠳᠭᠡᠯ ᠢᠶᠠᠨ ᠣᠯᠬᠤ ᠭᠡᠵᠣ᠂ ᠲᠢᠶᠠᠨᠵᠢᠨ ᠤ ᠨᠢᠭᠡᠨ ᠺᠤᠮᠫᠠᠨᠢ ᠳᠤ ᠰᠤᠯᠠ ᠠᠵᠢᠯ ᠬᠢᠵᠠᠢ᠃ | ᠺᠤᠮᠫᠠᠨᠢ ᠶᠢᠨ ᠠᠵᠢᠯ ᠨᠢ ᠬᠦᠨᠳᠣ ᠮᠦᠷᠳᠡᠭᠡᠨ ᠴᠠᠭ ᠨᠢ ᠤᠷᠲᠤ ᠪᠠᠶᠢᠳᠠᠭ ᠠᠴᠠ ᠡᠳᠤᠷ ᠪᠦᠷᠢ 15 ᠴᠠᠭ ᠤᠷᠴᠢᠮ | ᠠᠵᠢᠯᠯᠠᠳᠠᠭ᠃ ᠨᠢᠬᠡᠨ ᠤᠷᠤᠢ ᠶᠢᠨ 12 ᠴᠠᠭ ᠲᠤ᠂ ᠶᠤᠸᠠᠨ XX ᠦᠢᠯᠡᠳᠪᠦᠷᠢᠯᠡᠯ ᠤᠨ ᠲᠠᠰᠤᠭ ᠠᠴᠠ ᠭᠠᠷᠴᠤ | ᠢᠷᠡᠭᠡᠳ ᠳᠡᠮᠡᠢ ᠤᠳᠠᠭᠰᠠᠨ ᠦᠭᠡᠢ ᠴᠢᠰᠤ ᠪᠠᠷ ᠪᠦᠭᠡᠯᠵᠢᠵᠦ ᠨᠠᠰᠤ ᠪᠠᠷᠠᠭᠰᠠᠨ ᠪᠠᠶᠢᠪᠠ᠃ ᠶᠡᠭᠡ ᠰᠤᠷᠭᠠᠭᠤᠯᠢ ᠶᠢᠨ | ᠤᠶᠤᠲᠠᠨ ᠶᠤᠸᠠᠨ XX ᠵᠤᠯ ᠪᠤᠰᠤ ᠪᠠᠷ ᠦᠬᠦᠭᠰᠡᠨ ᠲᠤᠬᠠᠢ ᠴᠦᠬᠡᠨ ᠪᠤᠰᠤ ᠰᠦᠯᠵᠢᠶᠡᠴᠢᠳ᠂ ᠡᠨᠡᠬᠦ ᠤᠴᠢᠷ ᠨᠢ | ᠠᠵᠢᠯ ᠤᠨ ᠰᠢᠷᠬᠠᠲᠤᠯ ᠳᠤ ᠲᠤᠭᠠᠴᠠᠭᠳᠠᠬᠤ ᠡᠰᠡᠬᠦ ᠲᠣᠬᠠᠢ ᠶᠡᠷᠢᠶ᠎ᠠ ᠬᠡᠯᠡᠯᠴᠡᠭᠡ ᠪᠤᠯᠵᠠᠢ᠃ ᠬᠤᠯᠪᠣᠬᠳᠠᠯ ᠪᠦᠬᠦᠢ | ᠬᠠᠤᠯᠢ ᠴᠠᠭᠠᠵᠠ ᠶᠢᠨ ᠲᠤᠭᠲᠠᠭᠠᠯ ᠢ ᠦᠨᠳᠦᠰᠦᠯᠡᠪᠡᠯ᠂ ᠠᠵᠢᠯ ᠤᠨ ᠰᠢᠷᠬᠠᠲᠤᠯ ᠨᠢ ᠬᠤᠶᠠᠷ ᠡᠲᠡᠭᠡᠳ ᠢᠶᠠᠷ ᠢᠶᠠᠨ | ᠬᠦᠳᠡᠯᠮᠦᠷᠢ ᠶᠢᠨ ᠬᠠᠷᠢᠴᠠᠭ᠎ᠠ ᠤᠷᠤᠰᠢᠬᠤ ᠡᠰᠡᠬᠦ ᠪᠠᠷ ᠤᠷᠢᠳᠠᠯ ᠪᠤᠯᠭᠠᠳᠠᠭ᠃ ᠲᠡᠭᠡᠪᠡᠯ ᠶᠡᠭᠡ ᠰᠤᠷᠭᠠᠭᠤᠯᠢ ᠶᠢᠨ | ᠤᠶᠤᠲᠠᠨ ᠳᠠᠳᠤᠯᠭ᠎ᠠ ᠬᠢᠵᠦ ᠪᠠᠶᠢᠭ᠎ᠠ ᠦᠶᠡᠰ᠂ ᠬᠦᠳᠡᠯᠮᠦᠷᠢ ᠶᠢᠨ ᠬᠠᠷᠢᠴᠠᠭ᠎ᠠ ᠤᠷᠤᠰᠢᠨ᠎ᠠ ᠤᠤ︖ ᠲᠤᠰᠢᠶᠠᠯ | ᠬᠠᠷᠢᠭᠤᠴᠠᠨ ᠰᠤᠯᠠ ᠠᠵᠢᠯ ᠬᠢᠬᠦ ᠨᠢ ᠬᠦᠳᠡᠯᠮᠦᠷᠢ ᠶᠢᠨ ᠬᠠᠷᠢᠴᠠᠭ᠎ᠠ ᠳᠤ ᠲᠤᠭᠠᠴᠠᠭᠳᠠᠨ᠎ᠠ ᠤᠤ︖ | ᠬᠠᠣᠯᠢᠴᠢ ᠶᠢᠨ ᠵᠠᠳᠠᠯᠣᠯᠳᠠ | ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠦᠳᠡᠯᠮᠦᠷᠢ ᠶᠢᠨ ᠬᠠᠤᠯᠢ ᠶᠢ | ᠨᠠᠶᠢᠳᠠᠪᠤᠷᠢᠵᠢᠭᠤᠯᠤᠨ ᠬᠡᠷᠡᠭᠵᠢᠭᠦᠯᠬᠦ ᠲᠤᠬᠠᠢ ᠠᠰᠠᠭᠤᠳᠠᠯ ᠤᠳ ᠤᠨ ᠰᠠᠨᠠᠯ︾ ᠤᠨ ᠠᠷᠪᠠᠨ ᠬᠤᠶᠠᠳᠤᠭᠠᠷ | ᠵᠤᠷᠪᠤᠰ ᠤᠨ ᠲᠤᠭᠲᠠᠭᠠᠯ ᠢ ᠦᠨᠳᠦᠰᠦᠯᠡᠪᠡᠯ ︽ᠰᠤᠷᠭᠠᠭᠤᠯᠢ ᠳᠤ ᠰᠤᠷᠤᠯᠴᠠᠵᠦ ᠪᠠᠶᠢᠭ᠎ᠠ ᠰᠤᠷᠤᠭᠴᠢ | ᠰᠣᠷᠣᠯᠭ᠎ᠠ ᠶᠢᠨ ᠴᠢᠯᠦᠭᠡ ᠪᠠᠨ ᠠᠰᠢᠬᠯᠠᠵᠦ ᠠᠵᠢᠯᠴᠢ ᠠᠷᠪᠢᠴᠢ ᠪᠠᠷ ᠰᠤᠷᠤᠯᠴᠠᠬᠤ ᠶᠢ ᠠᠵᠢᠯ ᠤᠯᠭᠤᠯᠲᠠ ᠪᠠᠷ | ᠦᠵᠡᠬᠦ ᠦᠭᠡᠢ᠂ ᠬᠦᠳᠡᠯᠮᠦᠷᠢ ᠶᠢᠨ ᠬᠠᠷᠢᠴᠠᠭ᠎ᠠ ᠪᠠᠶᠢᠭᠤᠯᠤᠭᠰᠠᠨ ᠦᠭᠡᠢ ᠪᠤᠯ ᠬᠦᠳᠡᠯᠮᠦᠷᠢ ᠶᠢᠨ ᠭᠡᠷ᠎ᠠ ᠲᠤᠭᠲᠠᠬᠤ | ᠦᠭᠡᠢ ᠪᠠᠶᠢᠵᠣ ᠪᠤᠯᠤᠨ᠎ᠠ︾ ᠭᠡᠵᠠᠢ᠃ ︽ᠬᠦᠳᠡᠯᠮᠦᠷᠢ ᠶᠢᠨ ᠬᠠᠤᠯᠢ︾ ᠶᠢᠨ ᠭᠤᠴᠢ ᠶᠢᠰᠦᠳᠦᠭᠡᠷ ᠵᠤᠷᠪᠤᠰ ᠤᠨ | ᠲᠤᠭᠲᠠᠭᠠᠯ ᠢ ᠦᠨᠳᠦᠰᠦᠯᠡᠪᠡᠯ ︽ᠬᠦᠳᠡᠯᠮᠦᠷᠢᠯᠡᠭᠴᠢ ᠬᠦᠮᠦᠨ ᠬᠡᠷᠡᠭᠯᠡᠬᠦ ᠨᠢᠭᠡᠴᠡ ᠲᠠᠢ ᠬᠦᠳᠡᠯᠮᠦᠷᠢ ᠶᠢᠨ ᠬᠠᠷᠢᠴᠠᠭ᠎ᠠ | ᠪᠠᠶᠢᠭᠤᠯᠵᠦ᠂ ᠲᠤᠰ ᠬᠦᠮᠦᠨ ᠬᠡᠷᠡᠭᠯᠡᠬᠦ ᠨᠢᠭᠡᠴᠡ ᠶᠢᠨ ᠠᠵᠢᠯ ᠡᠭᠦᠷᠭᠡ ᠶᠢ ᠪᠦᠷᠢᠨ ᠪᠡᠶᠡᠯᠡᠭᠦᠯᠬᠦ ᠳᠤ ᠬᠦᠨᠳᠦ | ᠨᠤᠴᠢᠲᠠᠢ ᠨᠦᠯᠦᠭᠡ ᠭᠠᠷᠭᠠᠬᠤ᠂ ᠡᠰᠡᠬᠦᠯ᠎ᠠ ᠬᠦᠮᠦᠨ ᠬᠡᠷᠡᠭᠯᠡᠬᠦ ᠨᠢᠭᠡᠴᠡ ᠶᠢᠨ ᠦᠭᠡᠷᠡᠴᠢᠯᠡᠨ ᠬᠠᠯᠠᠬᠤ | ᠱᠠᠭᠠᠷᠳᠠᠯᠭ᠎ᠠ ᠶᠢ ᠲᠡᠪᠴᠢᠪᠡᠯ ᠬᠦᠮᠦᠨ ᠬᠡᠷᠡᠭᠯᠡᠬᠦ ᠨᠢᠭᠡᠴᠡ ᠠᠴᠠ ᠬᠦᠳᠡᠯᠮᠦᠷᠢ ᠶᠢᠨ ᠭᠡᠷ᠎ᠠ ᠶᠢ ᠬᠦᠴᠦᠨ ᠦᠭᠡᠢ | ᠪᠤᠯᠭᠠᠵᠦ ᠪᠤᠯᠤᠨ᠎ᠠ︾ ᠭᠡᠵᠡᠢ᠃ ︽ᠬᠦᠳᠡᠯᠮᠦᠷᠢ ᠶᠢᠨ ᠬᠠᠤᠯᠢ︾ ᠳᠤ᠂ ᠪᠦᠬᠦᠯᠢ ᠡᠳᠤᠷ ᠤᠨ ᠳᠦᠷᠢᠮᠲᠦ ᠪᠤᠰᠤ ᠪᠠᠷ | ᠬᠦᠮᠦᠨ ᠬᠡᠷᠡᠭᠯᠡᠵᠦ ᠬᠦᠯᠦᠰᠦ ᠬᠠᠷᠠᠮᠵᠢ ᠦᠭᠬᠦ ᠳᠤ ᠴᠤ ᠲᠤᠭᠲᠠᠭᠠᠯ ᠲᠠᠢ᠃ ᠭᠤᠴᠢ ᠶᠢᠰᠦᠳᠦᠭᠡᠷ ᠵᠤᠷᠪᠤᠰ ᠲᠤ | ᠲᠤᠭᠲᠠᠭᠠᠭᠰᠠᠨ ᠲᠤᠭᠲᠠᠭᠠᠯ ᠳᠤ᠄ ︽ᠪᠦᠬᠦᠯᠢ ᠡᠳᠤᠷ ᠤᠨ ᠳᠦᠷᠢᠮᠲᠦ ᠪᠤᠰᠤ ᠪᠠᠷ ᠠᠵᠢᠯᠲᠠᠨ ᠬᠡᠷᠡᠭᠯᠡᠬᠦ ᠳᠤ᠂ | ᠴᠠᠭ ᠢᠶᠠᠷ ᠬᠦᠯᠦᠰᠦ ᠬᠠᠷᠠᠮᠵᠢ ᠦᠭᠬᠦ ᠪᠠᠷ ᠪᠠᠷᠢᠶᠠᠮᠵᠢᠯᠠᠵᠦ ᠬᠦᠮᠦᠨ ᠬᠡᠷᠡᠭᠯᠡᠬᠦ ᠨᠢᠭᠡᠴᠡ ᠶᠢᠨ ᠬᠠᠷᠢᠶᠠᠯᠠᠭᠳᠠᠵᠦ | ᠪᠠᠶᠢᠭ᠎ᠠ ᠠᠷᠠᠳ ᠤᠨ ᠵᠠᠰᠠᠭ ᠤᠨ ᠤᠷᠳᠤᠨ ᠤ ᠲᠤᠭᠲᠠᠭᠠᠭᠰᠠᠨ ᠴᠠᠭ ᠢᠶᠠᠷ ᠠᠵᠢᠯᠯᠠᠭᠰᠠᠨ ᠬᠠᠮᠤᠭ ᠳᠤᠤᠷ᠎ᠠ ᠬᠦᠯᠦᠰᠦ | ᠬᠠᠷᠠᠮᠵᠢ ᠶᠢᠨ ᠪᠠᠷᠢᠮᠵᠢᠶ᠎ᠠ ᠠᠴᠠ ᠳᠤᠤᠷ᠎ᠠ ᠪᠠᠶᠢᠵᠦ ᠪᠤᠯᠬᠤ ᠦᠭᠡᠢ᠃ ᠪᠦᠬᠦᠯᠢ ᠡᠳᠤᠷ ᠤᠨ ᠳᠦᠷᠢᠮᠲᠦ ᠪᠤᠰᠤ | ᠬᠦᠳᠡᠯᠮᠦᠷᠢ ᠶᠢᠨ ᠬᠦᠯᠦᠰᠤ ᠬᠠᠷᠠᠮᠵᠢ ᠶᠢ ᠪᠤᠳᠤᠵᠦ ᠦᠭᠬᠦ ᠦᠶᠡᠯᠡᠯ ᠤᠨ ᠬᠤᠭᠤᠴᠠᠭ᠎ᠠ ᠨᠢ ᠬᠠᠮᠤᠭ ᠤᠷᠲᠤ ᠳᠠᠭᠠᠨ | 15 ᠡᠳᠤᠷ ᠠᠴᠠ ᠬᠡᠲᠦᠷᠡᠵᠦ ᠪᠤᠯᠬᠤ ᠦᠭᠡᠢ︾ ᠭᠡᠵᠡᠢ᠃ | ᠬᠠᠣᠯᠢᠴᠢ ᠶᠢᠨ ᠰᠠᠨᠠᠭᠤᠯᠤᠮᠵᠢ | ᠪᠦᠬᠦᠯᠢ ᠡᠳᠤᠷ ᠤᠨ ᠳᠦᠷᠢᠮᠲᠦ ᠪᠤᠰᠤ ᠬᠦᠳᠡᠯᠮᠦᠷᠢᠯᠡᠭᠴᠢ ᠡᠷᠬᠡᠪᠰᠢ ᠬᠦᠮᠦᠨ ᠬᠡᠷᠡᠭᠯᠡᠬᠦ ᠨᠢᠭᠡᠴᠡ ᠲᠠᠢ | ᠬᠠᠣᠯᠢ ᠶᠣᠰᠣᠨ ᠤ ᠬᠦᠳᠡᠯᠮᠦᠷᠢ ᠶᠢᠨ ᠬᠠᠷᠢᠴᠠᠭ᠎ᠠ ᠪᠠᠶᠢᠭᠤᠯᠵᠣ᠂ ᠲᠤᠭᠲᠠᠭᠰᠠᠨ ᠶᠤᠰᠤᠭᠠᠷ ᠠᠵᠢᠯ ᠤᠨ | ᠰᠢᠷᠬᠠᠲᠤᠯ ᠤᠨ ᠳᠠᠭᠠᠳᠬᠠᠯ ᠲᠤᠰᠢᠶᠠᠯᠭᠠᠬᠤ᠂ ᠴᠠᠯᠢᠩ ᠬᠦᠯᠦᠰᠦ ᠪᠠᠨ ᠴᠠᠭ ᠲᠤᠬᠠᠢ ᠳᠤᠨᠢ ᠦᠭᠬᠦᠭᠦᠯᠬᠦ᠂ | ᠠᠵᠢᠯᠯᠠᠬᠤ ᠴᠠᠭ ᠢᠶᠠᠨ ᠦᠪᠡᠰᠦᠪᠡᠨ ᠡᠵᠡᠮᠳᠡᠬᠦ ᠶᠢ ᠱᠠᠭᠠᠷᠳᠠᠵᠦ᠂ ᠦᠪᠡᠷ ᠤᠨ ᠬᠠᠤᠯᠢ ᠶᠤᠰᠤᠨ ᠤ ᠡᠷᠬᠡ | ᠠᠰᠢᠭ ᠢᠶᠠᠨ ᠦᠨᠡᠡᠬᠦ ᠬᠠᠮᠠᠭᠠᠯᠠᠬᠤ ᠶᠢ ᠪᠠᠲᠤᠯᠠᠪᠠᠯ ᠵᠤᠬᠢᠨ᠎ᠠ᠃ | |