1.ᠬᠡᠷᠪᠡ ᠤᠨᠲᠠᠵᠤ ᠰᠡᠷᠡᠮᠡᠭᠴᠡ ᠪᠠᠷᠢᠨ ᠲᠤᠤᠷ᠎ᠠ ᠪᠠᠨ ᠤᠷᠤ ᠠᠴᠠ ᠪᠠᠨ ᠪᠠᠭᠤᠪᠠᠯ᠂ ᠶᠡᠭᠡ ᠲᠠᠷᠢᠬᠢᠨ ᠤ | ᠴᠢᠰᠤᠨ ᠤ ᠬᠠᠩᠭᠠᠯᠲᠠ ᠬᠦᠷᠦᠯᠴᠡᠬᠦ ᠦᠭᠡᠢ ᠪᠣᠯᠵᠤ᠂ ᠰᠠ ᠡᠪᠡᠳᠴᠢᠨ᠂ ᠭᠡᠨᠡᠳᠲᠡ ᠦᠬᠦᠬᠦ ᠵᠡᠷᠭᠡ ᠭᠡᠨᠡᠳᠲᠡ ᠶᠢᠨ | ᠠᠳᠡᠯ ᠠᠮᠠᠷᠬᠠᠨ ᠭᠠᠷᠴᠤ ᠮᠡᠳᠡᠨ᠎ᠡ᠃ ᠰᠠᠨᠠᠭᠤᠯᠤᠮᠵᠢ᠄ ᠰᠠᠶ᠋ᠢ ᠰᠡᠷᠡᠮᠡᠭᠴᠡ᠂ ᠣᠷᠣ ᠳᠡᠭᠡᠷ᠎ᠡ ᠪᠠᠨ 30 ᠰᠧᠺᠦ᠋ᠨ᠋ᠳ᠋ | ᠬᠡᠪᠲᠡᠵᠦ᠂ ᠪᠣᠰᠤᠭᠰᠠᠨ ᠤ ᠳᠠᠷᠠᠭ᠎ᠠ 30 ᠰᠧᠺᠦ᠋ᠨ᠋ᠳ᠋ ᠰᠠᠭᠤᠵᠤ᠂ ᠲᠠᠷᠠᠭ᠎ᠠ ᠨᠢ ᠣᠷᠣ ᠶᠢᠨ ᠬᠦᠪᠡᠭᠡ ᠲᠡᠭᠡᠷ᠎ᠡ ᠪᠠᠨ | 30 ᠰᠧᠺᠦ᠋ᠨ᠋ᠳ᠋ ᠰᠠᠭᠤᠬᠰᠠᠨ ᠤ ᠬᠤᠶᠢᠨ᠎ᠠ ᠰᠠᠶ᠋ᠢ ᠪᠤᠰᠴᠤ ᠶᠠᠪᠤᠨ᠎ᠠ᠃ | 2.ᠮᠠᠭᠤ ᠳᠠᠳᠬᠠᠯ ᠬᠤᠶᠠᠷ᠄ ᠪᠣᠰᠤᠭᠰᠠᠨ ᠤ ᠳᠠᠷᠠᠭ᠎ᠠ ᠪᠠᠯ ᠲᠠᠢ ᠤᠰᠤ᠂ ᠳᠠᠪᠤᠰᠤ ᠲᠠᠢ ᠤᠰᠤ ᠤᠤᠭᠤᠬᠤ | ᠵᠠᠷᠢᠮ ᠬᠥᠮᠦᠨ ᠥᠷᠯᠥᠭᠡ ᠪᠣᠰᠤᠭᠰᠠᠨ ᠤ ᠳᠠᠷᠠᠭ᠎ᠠ᠂ ᠪᠠᠯ ᠲᠠᠢ ᠤᠰᠤ᠂ ᠳᠠᠪᠤᠰᠤ ᠲᠠᠢ ᠤᠰᠤ ᠤᠤᠭᠤᠬᠤ ᠳᠤᠷᠠᠲᠠᠶ | ᠪᠠᠶᠢᠳᠠᠭ ᠪᠦᠭᠡᠳ ᠡᠨᠡ ᠨᠢ ᠭᠠᠳᠠᠭᠠᠯᠠᠬᠤ᠂ ᠬᠤᠤᠷ ᠢ ᠭᠠᠳᠠᠭᠰᠢᠯᠠᠭᠤᠯᠬᠤ ᠳᠤ ᠲᠤᠰᠠᠳᠠᠢ ᠭᠡᠵᠦ ᠦᠵᠡᠳᠡᠭ᠂ | ᠦᠨᠡᠨ ᠳᠡᠭᠡᠨ ᠢᠩᠭᠢᠵᠦ ᠬᠢᠬᠦ ᠨᠢ ᠪᠤᠷᠤᠭᠤ ᠶᠤᠮ᠃ ᠰᠠᠨᠠᠭᠤᠯᠤᠮᠵᠢ᠄ ᠥᠷᠯᠥᠭᠡ ᠪᠤᠰᠤᠬᠰᠠᠨ ᠤ ᠨᠢᠭᠡ ᠴᠤᠮᠤ | ᠪᠤᠴᠠᠯᠤᠭᠰᠠᠨ ᠤᠰᠤ ᠤᠤᠭᠤᠬᠤ ᠪᠣᠯ ᠬᠠᠮᠤᠭ ᠤᠨ ᠰᠠᠶᠢᠨ ᠰᠣᠩᠭᠤᠯᠲᠠ ᠮᠥᠨ᠃ ᠤᠰᠤ ᠤᠤᠭᠤᠬᠤ ᠳᠠᠭᠠᠨ ᠪᠠᠭ᠎ᠠ | ᠬᠡᠮᠵᠢᠶ᠎ᠡ ᠪᠠᠷ ᠣᠯᠠᠨ ᠤᠳᠠᠭ᠎ᠠ ᠤᠤᠭᠤᠬᠤ ᠬᠡᠷᠡᠭᠲᠡᠢ᠂ ᠨᠢᠭᠡ ᠯᠡ ᠲᠡᠭᠡᠷ᠎ᠡ ᠲᠡᠩᠳᠡᠭᠦᠦ ᠠᠷᠪᠢᠨ ᠤᠤᠭᠤᠵᠤ ᠪᠣᠯᠬᠤ | ᠦᠭᠡᠢ᠂ ᠤᠤᠭᠤᠬᠤ ᠤᠰᠤᠨ ᠤ ᠬᠡᠮᠵᠢᠶ᠎ᠡ ᠶᠢ 100 ᠮᠢᠯᠢᠯᠢᠳ᠋ᠷ ᠠᠴᠠ ᠬᠡᠲᠦᠷᠡᠭᠦᠯᠵᠦ ᠪᠣᠯᠬᠤ ᠦᠭᠡᠢ᠃ | 3.ᠮᠠᠭᠤ ᠳᠠᠳᠬᠠᠯ ᠭᠤᠷᠪᠠ᠄ ᠭᠠᠳᠠᠭᠠᠯᠠᠬᠤ ᠳᠠᠭᠠᠨ ᠰᠡᠳᠬᠢᠯ ᠲᠠᠯᠪᠢᠬᠤ ᠦᠭᠡᠢ᠂ ᠬᠡᠲᠦᠷᠬᠡᠶ ᠤᠳᠠᠭᠠᠨ | ᠰᠠᠭᠤᠬᠤ ᠥᠷᠯᠥᠭᠡ ᠪᠣᠰᠤᠭᠰᠠᠨ ᠤ ᠳᠠᠷᠠᠭ᠎ᠠ ᠪᠦᠳᠦᠭᠦᠨ ᠭᠡᠳᠡᠰᠦᠨ ᠤ ᠬᠥᠳᠡᠯᠭᠡᠭᠡᠨ ᠨᠡᠯᠢᠶᠡᠳ ᠬᠥᠭᠵᠢᠶᠡᠨ ᠲᠠᠢ | ᠪᠠᠶᠢᠳᠠᠭ᠂ ᠴᠥᠭᠡᠨ ᠪᠤᠰᠤ ᠬᠥᠮᠦᠨ ᠨᠢ ᠡᠨᠡ ᠦᠶ᠎ᠡ ᠳᠤ ᠭᠠᠳᠠᠭᠠᠯᠠᠳᠠᠭ᠂ ᠢᠩᠭᠢᠵᠦ ᠬᠢᠬᠦ ᠨᠢ ᠵᠥᠪ ᠶᠤᠮ᠃ | ᠭᠡᠪᠡᠴᠦ ᠵᠠᠷᠢᠮ ᠬᠥᠮᠦᠨ ᠨᠢ ᠭᠠᠳᠠᠭᠠᠯᠠᠬᠤ ᠳᠠᠭᠠᠨ ᠭᠠᠷ ᠤᠲᠠᠰᠤ ᠨᠠᠭᠠᠳᠴᠤ᠂ ᠵᠣᠷᠯᠣᠩ ᠳᠤ ᠬᠠᠭᠠᠰ ᠴᠠᠭ ᠢᠶᠠᠷ | ᠰᠠᠭᠤᠳᠠᠭ᠂ ᠢᠩᠭᠢᠪᠡᠯ ᠱᠠᠮᠪᠠᠷᠠᠮ ᠤᠯᠵᠤ ᠮᠡᠳᠡᠨ᠎ᠡ᠃ ᠲᠠᠬᠢᠪᠠᠯ ᠭᠠᠳᠠᠭᠠᠯᠠᠬᠤ ᠳᠠᠭᠠᠨ ᠬᠡᠲᠦᠷᠬᠡᠢ ᠬᠦᠴᠦᠯᠡᠵᠦ | ᠪᠣᠯᠬᠤ ᠦᠭᠡᠢ᠂ ᠬᠡᠲᠦᠷᠬᠡᠢ ᠬᠦᠴᠦᠯᠡᠪᠡᠯ ᠭᠡᠨᠡᠳᠲᠡ ᠦᠬᠦᠬᠦ᠂ ᠲᠠᠷᠢᠬᠢᠨ ᠤ ᠴᠢᠰᠤᠨ ᠰᠤᠳᠠᠯ ᠳᠡᠯᠪᠡᠷᠡᠬᠦ ᠵᠡᠷᠭᠡ | ᠭᠡᠨᠡᠳᠲᠡ ᠶᠢᠨ ᠠᠳᠡᠯ ᠭᠠᠷᠴᠤ ᠮᠡᠳᠡᠨ᠎ᠡ᠃ | 4.ᠮᠠᠭᠤ ᠳᠠᠳᠬᠠᠯ ᠳᠥᠷᠪᠡ᠄ ᠴᠠᠭ ᠲᠠᠭᠠᠨ ᠥᠷᠯᠥᠭᠡᠨ ᠤ ᠬᠤᠭᠤᠯᠠ ᠪᠠᠨ ᠢᠳᠡᠳᠡᠭ ᠦᠭᠡᠢ ᠥᠷᠯᠥᠭᠡ | ᠶᠠᠭᠤᠮ᠎ᠠ ᠬᠤᠭᠤᠯᠠ ᠢᠳᠡᠬᠦ ᠥᠬᠡᠶ ᠪᠤᠶᠤ ᠨᠡᠯᠢᠶᠡᠳ ᠤᠷᠤᠢ ᠥᠷᠯᠥᠭᠡ ᠶᠢᠨ ᠬᠤᠭᠤᠯᠠ ᠪᠠᠨ ᠢᠳᠡᠬᠦ ᠨᠢ | ᠬᠤᠳᠣᠭᠤᠳᠣᠨ ᠡᠪᠡᠳᠴᠢᠨ᠂ ᠰᠥᠰᠥᠨ ᠤ ᠴᠢᠯᠠᠭᠤᠰᠢᠷᠠᠯ ᠤᠨ ᠲᠦᠭᠰᠢᠭᠦᠷᠢ ᠶᠢ ᠨᠡᠮᠡᠭᠳᠡᠭᠦᠯᠳᠡᠭ ᠪᠦᠭᠡᠳ ᠪᠠᠰᠠ | ᠮᠠᠷᠢᠶᠠᠯᠠᠬᠤ ᠪᠠ ᠲᠠᠨᠢᠨ ᠮᠡᠳᠡᠬᠦᠶ ᠶᠢᠨ ᠴᠢᠳᠠᠪᠤᠷᠢ ᠶᠢ ᠪᠠᠭᠤᠷᠠᠭᠤᠯᠵᠤ ᠮᠡᠳᠡᠨ᠎ᠡ᠃ 9᠄ 00 ᠴᠠᠭ ᠠᠴᠠ ᠰᠡᠭᠦᠯᠡᠷ | ᠥᠷᠯᠥᠭᠡ ᠶᠢᠨ ᠬᠤᠭᠤᠯᠠ ᠢᠳᠡᠵᠦ᠂ 21᠄ 00 ᠴᠠᠭ ᠠᠴᠠ ᠰᠡᠭᠦᠯᠡᠷ ᠣᠷᠣᠢ ᠶᠢᠨ ᠬᠤᠭᠤᠯᠠ ᠢᠳᠡᠬᠦ ᠨᠢ ᠵᠢᠷᠦᠬᠡ | ᠴᠢᠰᠤᠨ ᠰᠤᠳᠠᠯ ᠤᠨ ᠡᠪᠡᠳᠴᠢᠨ ᠤ ᠨᠡᠩ ᠥᠨᠳᠥᠷ ᠲᠦᠭᠰᠢᠭᠦᠷᠢ ᠶᠢ ᠠᠪᠴᠢᠷᠠᠵᠦ ᠮᠡᠳᠡᠨ᠎ᠡ᠂ 2 ᠬᠡᠯᠪᠡᠷᠢ ᠶᠢᠨ | ᠰᠢᠬᠢᠷ ᠰᠢᠵᠢᠩ ᠡᠪᠡᠳᠴᠢᠨ ᠳᠤ ᠨᠡᠷᠪᠡᠭᠳᠡᠬᠦ ᠨᠤᠷᠮ᠎ᠠ ᠨᠢ 59 % ᠠᠴᠠ ᠥᠨᠳᠥᠷ ᠪᠠᠶᠢᠳᠠᠭ᠃ ᠰᠠᠨᠠᠭᠤᠯᠤᠮᠵᠢ᠄ | ᠥᠷᠯᠥᠭᠡ ᠶᠢᠨ ᠬᠤᠭᠤᠯᠨ ᠪᠠᠨ 7᠄ 00 ᠴᠠᠭ ᠠᠴᠠ 8᠄ 00 ᠴᠠᠭ ᠤᠨ ᠬᠤᠭᠤᠷᠤᠨᠳᠦ ᠢᠳᠡᠪᠡᠯ ᠲᠣᠬᠢᠷᠠᠮᠵᠢᠲᠠᠶ | ᠶᠤᠮ᠃ | |