ᠣᠶ ᠰᠢᠭᠤᠶ ᠶᠢᠨ ᠬᠥᠨᠥᠭᠡᠯᠲᠦ ᠠᠮᠢᠳᠤ ᠪᠣᠳᠠᠰ ᠤᠨ ᠡᠭᠦᠰᠬᠦ ᠪᠠ ᠳᠡᠯᠭᠡᠷᠡᠬᠦ ᠶᠢ ᠪᠦᠲᠦᠮᠵᠢᠲᠡᠶ ᠰᠡᠷᠭᠡᠶᠢᠯᠡᠨ | ᠬᠢᠵᠠᠭᠠᠷᠯᠠᠵᠤ᠂ ᠣᠶ ᠰᠢᠭᠤᠶ ᠶᠢᠨ ᠡᠬᠢ ᠪᠠᠶᠠᠯᠢᠭ ᠪᠠ ᠠᠮᠢ ᠠᠬᠤᠶ ᠶᠢᠨ ᠠᠮᠤᠷ ᠲᠦᠪᠰᠢᠨ ᠢ ᠦᠨᠡᠨ ᠬᠦ | ᠬᠠᠮᠠᠭᠠᠯᠠᠬᠤ ᠶᠢᠨ ᠲᠥᠯᠥᠭᠡ᠂ ᠣᠶᠢᠷ᠎ᠠ ᠳᠤ᠂ ᠵᠢᠦ ᠶᠤᠸᠠᠨ ᠲᠣᠭᠤᠷᠢᠭ ᠤᠨ ᠣᠶ ᠰᠢᠭᠤᠶ ᠨᠤᠲᠤᠭ ᠪᠡᠯᠴᠢᠭᠡᠷ ᠤᠨ | ᠲᠣᠪᠴᠢᠶ᠎ᠠ ᠶᠢᠨ ᠣᠶ ᠰᠢᠭᠤᠶ ᠶᠢᠨ ᠰᠡᠷᠭᠡᠶᠢᠯᠡᠯᠲᠡ ᠶᠢᠨ ᠥᠷᠲᠡᠭᠡ ᠲᠤᠰᠬᠠᠶ ᠮᠡᠷᠭᠡᠵᠢᠯ ᠤᠨ ᠠᠵᠢᠯᠲᠠᠨ ᠢ ᠵᠣᠬᠢᠶᠠᠨ | ᠪᠠᠶᠢᠭᠤᠯᠵᠤ᠂ ᠬᠡᠷᠡᠯ ᠮᠥᠷᠥᠲᠦ ᠣᠲᠣᠲᠤ ᠢᠮᠠᠯᠵᠢ ᠪᠠ ᠠᠷᠴᠠ ᠨᠠᠷᠠᠰᠤᠨ ᠤ ᠦᠰᠦᠲᠦ ᠬᠤᠷᠣᠬᠠᠶ ᠳᠤ | ᠴᠢᠭᠯᠡᠭᠦᠯᠦᠨ ᠬᠤᠷᠣᠬᠠᠶ ᠶᠢᠨ ᠪᠠᠶᠢᠳᠠᠯ ᠢ ᠪᠥᠬᠦ ᠲᠠᠯ᠎ᠠ ᠪᠠᠷ ᠬᠢᠨᠠᠨ ᠬᠡᠮᠵᠢᠬᠦ ᠠᠵᠢᠯ ᠥᠷᠨᠢᠭᠦᠯᠪᠡ᠃ | ᠬᠡᠷᠡᠯ ᠮᠥᠷᠥᠲᠦ ᠣᠲᠣᠲᠤ ᠢᠮᠠᠯᠵᠢ ᠪᠣᠯ ᠤᠯᠢᠶᠠᠰᠤ ᠵᠡᠷᠭᠡ ᠮᠣᠳᠣᠨ ᠤ ᠲᠥᠷᠥᠯ ᠳᠤ ᠮᠠᠰᠢ ᠶᠡᠭᠡ ᠬᠤᠤᠷ | ᠬᠥᠨᠥᠭᠡᠯ ᠲᠠᠢ ᠬᠠᠭᠤᠷᠠᠶ ᠬᠤᠷᠣᠬᠠᠶ ᠶᠤᠮ᠂ ᠲᠡᠭᠦᠨ ᠤ ᠪᠡᠶ᠎ᠡ ᠭᠦᠢᠴᠡᠭᠡᠭᠰᠡᠨ ᠬᠤᠷᠣᠬᠠᠶ ᠨᠢᠷᠠᠶ ᠨᠠᠮᠠᠭ᠎ᠠ ᠪᠠ | ᠨᠠᠪᠴᠢ ᠶᠢᠨ ᠰᠤᠳᠠᠯ ᠢ ᠮᠡᠷᠡᠵᠦ᠂ ᠠᠪᠠᠭᠠᠯᠳᠠᠶ ᠨᠢ ᠮᠣᠳᠣᠨ ᠤ ᠡᠰᠢ ᠶᠢ ᠬᠤᠷᠣᠬᠠᠶᠢᠲᠤᠨ᠂ ᠮᠣᠳᠣᠨ ᠤ | ᠤᠷᠭᠤᠯᠲᠠ ᠶᠢ ᠬᠦᠨᠳᠦ ᠨᠣᠴᠢᠲᠠᠶ ᠨᠥᠯᠥᠭᠡᠯᠡᠵᠦ᠂ ᠴᠢᠨᠠᠭᠰᠢᠯᠠᠪᠠᠯ ᠮᠣᠳᠣ ᠶᠢ ᠦᠬᠦᠭᠦᠯᠳᠡᠭ᠃ ᠠᠷᠴᠠ ᠨᠠᠷᠠᠰᠤᠨ ᠤ | ᠦᠰᠦᠲᠦ ᠬᠤᠷᠣᠬᠠᠶ ᠨᠢ ᠭᠤᠤᠯᠳᠠᠭᠤ ᠠᠷᠴᠠ ᠮᠤᠳᠤ ᠶᠢ ᠬᠥᠨᠥᠭᠡᠳᠡᠭ᠂ ᠳᠡᠯᠪᠡᠷᠡᠯᠲᠡ ᠶᠢᠨ ᠦᠶ᠎ᠡ ᠳᠤ ᠮᠣᠳᠣᠨ ᠤ | ᠨᠠᠪᠴᠢ ᠶᠢ ᠬᠤᠭᠤᠰᠣᠷᠠᠲᠠᠯ᠎ᠠ ᠢᠳᠡᠵᠦ᠂ ᠮᠣᠳᠣᠨ ᠤ ᠤᠷᠭᠤᠯᠲᠠ ᠶᠢ ᠮᠠᠭᠤᠳᠠᠭᠤᠯᠵᠤ᠂ ᠪᠤᠰᠤᠳ ᠡᠪᠡᠳᠴᠢᠨ | ᠬᠤᠷᠣᠬᠠᠶ ᠶᠢᠨ ᠬᠥᠨᠥᠭᠡᠯ ᠢ ᠲᠦᠢᠯ ᠤᠨ ᠠᠮᠠᠷᠬᠠᠨ ᠡᠭᠦᠰᠭᠡᠵᠦ᠂ ᠠᠮᠢ ᠠᠬᠤᠶ ᠶᠢᠨ ᠦᠵᠡᠮᠵᠢ ᠶᠢ ᠬᠦᠨᠳᠦ ᠨᠣᠴᠢᠲᠠᠶ | ᠡᠪᠳᠡᠳᠡᠭ᠃ | ᠲᠣᠰ ᠤᠳᠠᠭᠠᠨ ᠤ ᠬᠢᠨᠠᠨ ᠬᠡᠮᠵᠢᠬᠦ ᠠᠵᠢᠯᠯᠠᠭ᠎ᠠ ᠳᠤ᠂ ᠠᠵᠢᠯᠲᠠᠳ ᠬᠠᠷᠢᠶᠠᠲᠤ ᠣᠷᠣᠨ ᠤ ᠣᠶ ᠰᠢᠭᠤᠶ ᠶᠢᠨ | ᠡᠬᠢ ᠪᠠᠶᠠᠯᠢᠭ ᠤᠨ ᠲᠠᠷᠬᠠᠯᠲᠠ ᠶᠢᠨ ᠪᠠᠶᠢᠳᠠᠯ ᠢ ᠦᠨᠳᠦᠰᠦᠯᠡᠨ᠂ ᠬᠡᠷᠡᠯ ᠮᠥᠷᠥᠲᠦ ᠣᠲᠣᠲᠤ ᠢᠮᠠᠯᠵᠢ ᠪᠠ | ᠠᠷᠴᠠ ᠨᠠᠷᠠᠰᠤᠨ ᠤ ᠦᠰᠦᠲᠦ ᠬᠤᠷᠣᠬᠠᠶ ᠪᠠᠶᠢᠩᠭᠤ ᠡᠭᠦᠰᠳᠡᠭ ᠣᠷᠣᠨ᠂ ᠵᠢᠱᠢᠶᠡᠯᠡᠪᠡᠯ ᠮᠡᠷᠭᠡᠨ ᠪᠠᠶᠢᠭᠠᠯᠢ ᠶᠢᠨ | ᠬᠠᠮᠠᠭᠠᠯᠠᠯᠲᠠ ᠶᠢᠨ ᠣᠷᠣᠨ᠂ ᠮᠡᠷᠭᠡᠨ ᠭᠠᠴᠠᠭ᠎ᠠ ᠵᠡᠷᠭᠡ ᠭᠠᠵᠠᠷ ᠲᠤ ᠣᠯᠠᠨ ᠲᠣᠭᠲᠠᠮᠠᠯ ᠬᠢᠨᠠᠨ ᠬᠡᠮᠵᠢᠬᠦ ᠴᠡᠭ | ᠭᠠᠷᠭᠠᠭᠰᠠᠨ ᠪᠥᠭᠡᠳ ᠪᠥᠬᠦ ᠲᠠᠯ᠎ᠠ ᠪᠠᠷ ᠪᠠᠶᠢᠴᠠᠭᠠᠬᠤ ᠪᠣᠯᠤᠨ᠎ᠠ᠃ ᠬᠢᠨᠠᠨ ᠬᠡᠮᠵᠢᠬᠦ ᠶᠠᠪᠤᠴᠠ ᠳᠤ᠂ ᠠᠵᠢᠯᠲᠠᠳ | ᠬᠠᠮᠢᠶ᠎ᠠ ᠪᠥᠬᠦᠶ ᠮᠡᠷᠭᠡᠵᠢᠯ ᠤᠨ ᠵᠢᠷᠤᠮᠵᠢᠯ ᠢ ᠴᠢᠩᠭ᠎ᠠ ᠵᠢᠷᠤᠮᠯᠠᠨ᠂ ᠬᠥᠮᠦᠨ ᠤ ᠬᠦᠴᠦ ᠪᠠᠷ ᠪᠠᠶᠢᠴᠠᠭᠠᠬᠤ ᠪᠠ ᠪᠠᠭᠠᠵᠢ | ᠬᠡᠷᠡᠭᠰᠡᠯ ᠢᠶᠠᠷ ᠲᠤᠰᠠᠯᠠᠬᠤ ᠶᠢ ᠤᠶᠠᠯᠳᠤᠭᠤᠯᠬᠤ ᠠᠷᠭ᠎ᠠ ᠶᠢ ᠠᠪᠴᠤ᠂ ᠮᠣᠳᠣᠨ ᠳᠤᠤᠷᠠᠬᠢ ᠴᠢᠯᠠᠭᠤᠨ ᠵᠠᠪᠰᠠᠷ ᠪᠠ | ᠬᠥᠷᠥᠰᠥ ᠰᠢᠷᠣᠶ ᠶᠢ ᠨᠠᠷᠢᠨ ᠡᠷᠢᠵᠦ᠂ ᠮᠣᠳᠣᠨ ᠤ ᠡᠰᠢ᠂ ᠰᠠᠯᠠᠭ᠎ᠠ ᠪᠠ ᠨᠠᠪᠴᠢ ᠶᠢ ᠪᠠᠶᠢᠴᠠᠭᠠᠨ ᠦᠵᠡᠵᠦ᠂ | ᠬᠤᠷᠣᠬᠠᠶ ᠶᠢᠨ ᠠᠮᠠ ᠶᠢᠨ ᠨᠢᠭᠲᠠᠴᠠ᠂ ᠬᠥᠨᠥᠭᠡᠯ ᠤᠨ ᠪᠠᠶᠢᠳᠠᠯ ᠵᠡᠷᠭᠡ ᠮᠡᠳᠡᠭᠡ ᠵᠠᠩᠭᠢ ᠶᠢ ᠲᠡᠮᠳᠡᠭᠯᠡᠨ᠎ᠡ᠃ | ᠲᠣᠰ ᠤᠳᠠᠭᠠᠨ ᠤ ᠬᠢᠨᠠᠨ ᠬᠡᠮᠵᠢᠯᠲᠡ ᠪᠠᠷ ᠳᠡᠮᠵᠢᠨ᠂ ᠬᠠᠷᠢᠶᠠᠲᠤ ᠣᠷᠣᠨ ᠤ ᠬᠡᠷᠡᠯ ᠮᠥᠷᠥᠲᠦ ᠣᠲᠣᠲᠤ | ᠢᠮᠠᠯᠵᠢ ᠪᠠ ᠠᠷᠴᠠ ᠨᠠᠷᠠᠰᠤᠨ ᠤ ᠦᠰᠦᠲᠦ ᠬᠤᠷᠣᠬᠠᠶ ᠶᠢᠨ ᠡᠭᠦᠰᠦᠭᠰᠡᠨ ᠪᠠᠶᠢᠳᠠᠯ ᠢ ᠠᠩᠬ᠎ᠠ ᠠᠯᠬᠤᠮ ᠡᠵᠡᠮᠰᠢᠵᠡᠶ᠃ | ᠣᠳᠣᠬᠠᠨ ᠳᠤ᠂ ᠬᠡᠷᠡᠯ ᠮᠥᠷᠥᠲᠦ ᠣᠲᠣᠲᠤ ᠢᠮᠠᠯᠵᠢ ᠡᠪᠦᠯᠵᠢᠭᠰᠡᠨ ᠤ ᠳᠠᠷᠠᠭᠠᠬᠢ ᠬᠥᠳᠡᠯᠭᠡᠭᠡᠨ ᠤ ᠡᠬᠢᠨ ᠤ | ᠬᠤᠭᠤᠴᠠᠭᠠᠨ ᠳᠤ ᠣᠷᠣᠰᠢᠵᠤ᠂ ᠬᠤᠷᠣᠬᠠᠶ ᠶᠢᠨ ᠠᠮᠠ ᠶᠢᠨ ᠨᠢᠭᠲᠠᠴᠠ ᠨᠢ ᠶᠡᠷᠦᠩᠬᠡᠶ ᠳᠡᠭᠡᠨ ᠨᠡᠯᠢᠶᠡᠳ ᠳᠤᠤᠷ᠎ᠠ | ᠲᠦᠪᠰᠢᠨ ᠳᠤ ᠣᠷᠣᠰᠢᠵᠤ ᠪᠠᠶᠢᠨ᠎ᠠ︔ ᠠᠷᠴᠠ ᠨᠠᠷᠠᠰᠤᠨ ᠤ ᠦᠰᠦᠲᠦ ᠬᠤᠷᠣᠬᠠᠶ ᠶᠢᠨ ᠵᠠᠷᠢᠮ ᠠᠪᠠᠭᠠᠯᠳᠠᠶ ᠨᠢ | ᠨᠢᠭᠡᠨᠲᠡ ᠢᠳᠡᠰᠢ ᠠᠪᠴᠤ ᠡᠬᠢᠯᠡᠵᠡᠶ᠂ ᠲᠣᠰ ᠤᠳᠠᠭᠠᠨ ᠤ ᠬᠢᠨᠠᠨ ᠬᠡᠮᠵᠢᠯᠲᠡ ᠳᠤ ᠬᠤᠷᠣᠬᠠᠶ ᠶᠢᠨ ᠰᠠᠭᠤᠷᠢ | ᠪᠠᠶᠢᠬᠤ ᠶᠢ ᠬᠠᠷᠠᠬᠠᠨ ᠣᠯᠵᠤ ᠮᠡᠳᠡᠭᠰᠡᠨ ᠥᠬᠡᠶ᠃ ᠵᠠᠯᠭᠠᠭᠠᠳ᠂ ᠣᠶ ᠰᠢᠭᠤᠶ ᠶᠢᠨ ᠰᠡᠷᠭᠡᠶᠢᠯᠡᠯᠲᠡ ᠶᠢᠨ ᠥᠷᠲᠡᠭᠡ | ᠬᠢᠨᠠᠨ ᠬᠡᠮᠵᠢᠬᠦ ᠡᠷᠴᠢᠮ ᠢᠶᠠᠨ ᠦᠷᠭᠦᠯᠵᠢᠯᠡᠨ ᠴᠢᠩᠭᠠᠳᠬᠠᠵᠤ᠂ ᠬᠤᠷᠣᠬᠠᠶ ᠶᠢᠨ ᠪᠠᠶᠢᠳᠠᠯ ᠤᠨ ᠬᠥᠭᠵᠢᠯᠲᠡ ᠶᠢᠨ | ᠪᠠᠶᠢᠳᠠᠯ ᠢ ᠨᠢᠭᠲᠠ ᠠᠩᠬᠠᠷᠴᠤ᠂ ᠬᠤᠷᠣᠬᠠᠶ ᠶᠢᠨ ᠪᠠᠶᠢᠳᠠᠯ ᠤᠨ ᠰᠡᠷᠡᠮᠵᠢ ᠶᠢᠨ ᠮᠡᠳᠡᠭᠡ ᠵᠠᠩᠭᠢ ᠶᠢ ᠴᠠᠭ | ᠲᠤᠬᠠᠶ ᠳᠤᠨᠢ ᠨᠡᠶᠢᠲᠡᠯᠡᠵᠦ᠂ ᠣᠶ ᠰᠢᠭᠤᠶ ᠶᠢᠨ ᠬᠥᠨᠥᠭᠡᠯᠲᠡᠶ ᠠᠮᠢᠳᠤ ᠪᠣᠳᠠᠰ ᠢ ᠰᠢᠨᠵᠢᠯᠡᠬᠦ ᠤᠬᠠᠭᠠᠨᠴᠢ ᠪᠠᠷ | ᠰᠡᠷᠭᠡᠶᠢᠯᠡᠨ ᠵᠠᠰᠠᠬᠤ ᠳᠤ ᠦᠨᠳᠦᠰᠦ ᠪᠠᠷᠢᠮᠲᠠ ᠬᠠᠩᠭᠠᠵᠤ᠂ ᠣᠶ ᠰᠢᠭᠤᠶ ᠶᠢᠨ ᠠᠮᠢ ᠠᠬᠤᠶ ᠶᠢᠨ ᠰᠢᠰᠲ᠋ᠧᠮ ᠤᠨ | ᠲᠣᠭᠲᠠᠭᠤᠨ ᠪᠠ ᠡᠷᠡᠭᠦᠯ ᠮᠡᠨᠳᠦ ᠶᠢ ᠪᠥᠬᠦ ᠬᠦᠴᠦᠨ ᠢᠶᠠᠷ ᠢᠶᠠᠨ ᠪᠠᠲᠤᠯᠠᠨ᠎ᠠ᠃ | | | | | | | | |