ᠤᠯᠤᠰ ᠤᠨ ᠨᠠᠰᠤᠲᠠᠶᠢᠴᠤᠳ ᠢ ᠬᠠᠯᠠᠮᠵᠢᠯᠠᠬᠤ ᠲᠥᠷᠥ ᠶᠢᠨ ᠪᠣᠳᠣᠯᠭ᠎ᠠ ᠶᠢ ᠢᠳᠡᠪᠬᠢᠲᠡᠶ ᠴᠤᠤᠷᠢᠶᠠᠲᠤᠵᠤ᠂ ᠭᠡᠷ | ᠬᠤᠷᠢᠶᠠᠯᠠᠯ ᠤᠨ ᠨᠠᠰᠤᠲᠠᠶᠢᠴᠤᠳ ᠤᠨ ᠠᠮᠢᠳᠤᠷᠠᠯ ᠤᠨ ᠶᠠᠰᠤ ᠴᠢᠨᠠᠷ ᠢ ᠳᠡᠭᠡᠭᠰᠢᠯᠡᠭᠦᠯᠬᠦ ᠶᠢᠨ ᠲᠥᠯᠥᠭᠡ᠃ 4 | ᠰᠠᠷ᠎ᠠ ᠶᠢᠨ 9 ᠤ ᠡᠳᠦᠷ ᠤᠨ ᠦᠳᠡ ᠶᠢᠨ ᠡᠮᠦᠨ᠎ᠡ᠂ ᠵᠢᠤ ᠶᠤᠸᠠᠨ ᠲᠣᠭᠤᠷᠢᠭ ᠤᠨ ᠠᠷᠠᠳ ᠤᠨ ᠶᠠᠪᠤᠳᠠᠯ ᠤᠨ | ᠲᠣᠪᠴᠢᠶ᠎ᠠ᠂ ᠰᠠᠶᠢᠬᠠᠨ ᠵᠡᠭᠡᠯᠢ ᠭᠤᠳᠤᠮᠵᠢ ᠪᠣᠯᠤᠨ ᠭᠦᠸᠧ ᠶᠤᠸᠠᠨ ᠭᠡᠷ ᠬᠤᠷᠢᠶᠠᠯᠠᠯ ᠤᠨ ᠬᠠᠮᠲᠤᠷᠠᠨ ᠡᠷᠭᠢᠯᠡᠭᠰᠡᠨ | ᠬᠤᠶᠠᠳᠤᠭᠠᠷ ᠬᠤᠭᠤᠴᠠᠭᠠᠨ ᠤ《 ᠵᠢᠷᠭᠠᠨ ᠴᠡᠩᠬᠡᠯ ᠲᠠᠢ ᠠᠰᠠᠷᠠᠨ ᠰᠤᠪᠢᠯᠠᠵᠤ ᠥᠨᠢ ᠤᠳᠠᠭᠠᠨ ᠬᠠᠨᠢ | ᠪᠣᠯᠬᠤ》ᠪᠤᠭᠤᠷᠤᠯ ᠦᠰᠦ ᠪᠠᠷ ᠵᠢᠰᠦ ᠴᠢᠷᠠᠶ ᠪᠠᠨ ᠰᠣᠯᠢᠵᠤ ᠰᠡᠳᠬᠢᠴᠡ ᠪᠠᠨ ᠰᠡᠷᠭᠦᠭᠡᠬᠦ ᠠᠵᠢᠯᠯᠠᠭ᠎ᠠ ᠭᠦᠸᠧ | ᠶᠤᠸᠠᠨ ᠭᠡᠷ ᠬᠤᠷᠢᠶᠠᠯᠠᠯ ᠳᠤ ᠤᠷᠤᠭᠰᠢᠲᠠᠶ ᠶᠠᠪᠤᠭᠳᠠᠵᠤ᠂《 ᠲᠣᠭᠲᠠᠭᠰᠠᠨ ᠴᠡᠭ ᠤᠨ ᠦᠢᠯᠡᠴᠢᠯᠡᠭᠡ + ᠬᠡᠷ ᠲᠤᠨᠢ | ᠬᠦᠷᠴᠦ ᠦᠢᠯᠡᠴᠢᠯᠡᠬᠦ 》ᠬᠤᠤᠰ ᠵᠠᠭᠪᠤᠷ ᠢᠶᠠᠷ ᠨᠠᠰᠤ ᠠᠬᠢᠭᠰᠠᠨ ᠰᠠᠭᠤᠭᠠᠯᠢ ᠠᠷᠠᠳ ᠲᠤ ᠬᠠᠶᠢᠷ᠎ᠠ ᠬᠠᠯᠠᠮᠵᠢ | ᠬᠦᠷᠭᠡᠵᠡᠶ᠃ | | | | ᠠᠵᠢᠯᠯᠠᠭ᠎ᠠ ᠶᠢᠨ ᠠᠭᠤᠯᠭ᠎ᠠ ᠨᠢ ᠭᠤᠤᠯᠳᠠᠭᠤ ᠲᠥᠪᠯᠡᠷᠡᠭᠦᠯᠦᠨ ᠦᠰᠦ ᠵᠠᠰᠠᠬᠤ ᠦᠢᠯᠡᠴᠢᠯᠡᠭᠡ ᠪᠣᠯᠤᠨ᠎ᠠ᠂ | ᠢᠯᠠᠩᠭᠤᠶ᠎ᠠ ᠠᠳᠠᠯᠢ ᠪᠤᠰᠤ ᠨᠠᠰᠤᠲᠠᠳ ᠲᠤ ᠴᠢᠭᠯᠡᠭᠦᠯᠦᠨ ᠵᠦᠷᠢᠶᠡᠴᠢᠯᠡᠭᠰᠡᠨ ᠰᠦᠢᠳᠬᠡᠯ ᠬᠤᠷᠢᠶᠠᠬᠤ ᠲᠥᠷᠥ ᠶᠢᠨ | ᠪᠣᠳᠣᠯᠭ᠎ᠠ ᠲᠣᠭᠲᠠᠭᠠᠪᠠ : 60 ᠨᠠᠰᠤᠨ ᠠᠴᠠ ᠳᠡᠭᠡᠭᠰᠢᠬᠢ ᠨᠠᠰᠤᠲᠠᠶᠢᠴᠤᠳ ᠦᠰᠦ ᠵᠠᠰᠠᠬᠤ ᠳᠤ ᠵᠠᠰᠠᠭ ᠤᠨ | ᠣᠷᠳᠣᠨ ᠤ ᠨᠥᠬᠦᠪᠥᠷᠢ ᠶᠢ 8 ᠲᠥᠭᠦᠷᠢᠭ ᠭᠥᠷᠳᠡᠵᠦ᠂ ᠬᠤᠪᠢ ᠬᠥᠮᠦᠨ ᠵᠥᠪᠬᠡᠨ 2 ᠲᠥᠭᠦᠷᠢᠭ ᠤᠨ ᠬᠤᠪᠢ ᠶᠢᠨ | ᠰᠦᠢᠳᠬᠡᠯ ᠬᠡᠷᠡᠭᠰᠡᠨ᠎ᠡ︔ 60 ᠨᠠᠰᠤᠨ ᠠᠴᠠ ᠳᠡᠭᠡᠭᠰᠢᠬᠢ ᠨᠠᠭᠠᠳᠤ ᠵᠠᠬ᠎ᠠ ᠶᠢᠨ ᠠᠮᠢᠳᠤᠷᠠᠯ ᠤᠨ ᠪᠠᠲᠤᠯᠠᠭ᠎ᠠ᠂ | ᠣᠨᠴᠠ ᠬᠦᠴᠢᠷᠳᠡᠯᠲᠡᠶ᠂ ᠣᠨᠴᠠᠭᠠᠶ ᠬᠡᠷ ᠪᠦᠯᠢ ᠶᠢᠨ ᠨᠠᠰᠤᠲᠠᠳ ᠦᠨ᠎ᠡ ᠲᠥᠯᠥᠪᠦᠷᠢ ᠥᠬᠡᠶ ᠪᠠᠷ ᠦᠰᠦ ᠵᠠᠰᠠᠵᠤ | ᠪᠣᠯᠤᠨ᠎ᠠ︔ 60 ᠨᠠᠰᠤᠨ ᠠᠴᠠ ᠳᠡᠭᠡᠭᠰᠢᠬᠢ ᠵᠡᠮᠳᠡᠭ᠂ ᠴᠢᠳᠠᠯ ᠲᠡᠩᠬᠡᠭᠡ ᠥᠬᠡᠶ ᠪᠣᠯᠤᠭᠰᠠᠨ ᠨᠠᠰᠤᠲᠠᠨ ᠳᠤ | ᠴᠢᠭᠯᠡᠭᠦᠯᠦᠨ᠂ ᠪᠠᠰᠠ ᠦᠨ᠎ᠡ ᠲᠥᠯᠥᠪᠦᠷᠢ ᠥᠬᠡᠶ ᠪᠠᠷ ᠬᠡᠷ ᠲᠤᠨᠢ ᠬᠦᠷᠴᠦ ᠦᠰᠦ ᠵᠠᠰᠠᠬᠤ ᠦᠢᠯᠡᠴᠢᠯᠡᠭᠡ | ᠬᠠᠩᠭᠠᠵᠤ᠂ ᠬᠡᠷᠡᠭᠴᠡᠭᠡ ᠱᠠᠭᠠᠷᠳᠠᠯᠭ᠎ᠠ ᠲᠠᠢ ᠨᠠᠰᠤᠲᠠᠨ ᠨᠢᠭᠡᠪᠦᠷᠢ ᠳᠤ ᠴᠥᠮ ᠲᠥᠬᠦᠮ ᠦᠢᠯᠡᠴᠢᠯᠡᠭᠡ ᠬᠦᠷᠲᠡᠭᠡᠬᠦ ᠶᠢ | ᠦᠨᠡᠨ ᠬᠦ ᠪᠠᠲᠤᠯᠠᠨ᠎ᠠ᠃ | ᠭᠠᠭᠴᠠᠭᠠᠷ ᠰᠠᠭᠤᠭ᠎ᠠ᠂ ᠥᠨᠳᠥᠷ ᠨᠠᠰᠤᠲᠠᠶ᠂ ᠬᠥᠳᠡᠯᠵᠦ ᠪᠠᠷᠢᠬᠤ ᠳᠤ ᠳᠥᠭᠦᠮ ᠦᠭᠡᠢ ᠤᠨᠴᠠᠭᠠᠢ | ᠬᠥᠮᠦᠰ ᠲᠤ ᠴᠢᠭᠯᠡᠭᠦᠯᠦᠨ᠂《 ᠭᠡᠷ ᠬᠤᠷᠢᠶᠠᠯᠠᠯ ᠤᠨ ᠠᠵᠢᠯᠲᠠᠨ + ᠦᠰᠦ ᠵᠠᠰᠠᠭᠴᠢ 》 ᠶᠢᠨ ᠦᠢᠯᠡᠴᠢᠯᠡᠭᠡᠨ ᠤ | ᠪᠠᠭ᠎ᠠ ᠠᠩᠭᠢ ᠶᠢ ᠵᠣᠬᠢᠶᠠᠨ ᠪᠠᠶᠢᠭᠤᠯᠤᠨ ᠡᠷᠦᠬᠡ ᠳᠤ ᠬᠦᠷᠴᠦ ᠦᠢᠯᠡᠴᠢᠯᠡᠨ᠎ᠡ᠃ ᠠᠵᠢᠯᠲᠠᠳ ᠤᠷᠢᠳᠴᠢᠯᠠᠨ | ᠲᠤᠤᠷᠴᠢᠯᠠᠨ ᠵᠢᠭᠰᠠᠭᠠᠬᠤ ᠪᠠᠷ ᠳᠡᠮᠵᠢᠨ ᠬᠡᠷᠡᠭᠴᠡᠭᠡ ᠱᠠᠭᠠᠷᠳᠠᠯᠭ᠎ᠠ ᠶᠢᠨ ᠡᠬᠡ ᠲᠠᠩᠰᠠ ᠶᠢ ᠪᠠᠶᠢᠭᠤᠯᠵᠤ᠂ ᠪᠣᠯᠵᠣᠬᠤ | ᠴᠠᠭ ᠤᠨ ᠶᠣᠰᠣᠭᠠᠷ ᠲᠤᠰᠬᠠᠶ ᠮᠡᠷᠭᠡᠵᠢᠯ ᠤᠨ ᠪᠠᠭᠠᠵᠢ ᠪᠠᠨ ᠠᠪᠴᠤ ᠬᠦᠷᠴᠦ᠂ ᠦᠰᠦ ᠬᠠᠶᠢᠴᠢᠯᠠᠬᠤ ᠶᠠᠪᠤᠴᠠ ᠳᠤ | ᠨᠠᠰᠤᠲᠠᠶᠢᠴᠤᠳ ᠲᠠᠢ ᠰᠡᠳᠬᠢᠯ ᠢᠶᠠᠨ ᠳᠤᠯᠠᠭᠠᠴᠠᠭᠤᠯᠤᠨ ᠶᠠᠷᠢᠯᠴᠠᠬᠤ ᠶᠢ ᠴᠢᠬᠤᠯᠠᠴᠢᠯᠠᠨ᠂ ᠠᠮᠢᠳᠤᠷᠠᠯ ᠤᠨ | ᠬᠡᠷᠡᠭᠴᠡᠭᠡ ᠶᠢ ᠬᠠᠮᠲᠤ ᠳᠤᠨᠢ ᠣᠶᠢᠯᠠᠭᠠᠵᠠᠶ᠃ ᠡᠨᠡ ᠤᠳᠠᠭᠠᠨ ᠤ ᠠᠵᠢᠯᠯᠠᠭ᠎ᠠ ᠶᠢᠨ ᠬᠤᠭᠤᠴᠠᠭᠠᠨ ᠳᠤ ᠶᠠᠪᠤᠵᠤ | ᠰᠠᠭᠤᠬᠤ ᠳᠤ ᠳᠥᠭᠦᠮ ᠦᠭᠡᠢ 3 ᠨᠠᠰᠤᠲᠠᠨ ᠳᠤ ᠦᠰᠦ ᠵᠠᠰᠠᠬᠤ ᠦᠢᠯᠡᠴᠢᠯᠡᠭᠡ ᠬᠠᠩᠭᠠᠵᠤ᠂ ᠭᠠᠳᠠᠭᠰᠢ | ᠭᠠᠷᠬᠤ ᠳᠤ ᠳᠥᠭᠦᠮ ᠦᠭᠡᠢ ᠨᠠᠰᠤᠲᠠᠨ ᠢ ᠴᠤ ᠠᠷᠢᠭᠤᠨ ᠴᠡᠪᠡᠷ ᠳᠦᠷᠢ ᠲᠠᠢ ᠪᠣᠯᠭᠠᠵᠠᠶ᠃ | ᠲᠣᠰ ᠤᠳᠠᠭᠠᠨ ᠤ ᠨᠠᠰᠤᠲᠠᠳ ᠢ ᠬᠠᠪᠰᠤᠷᠤᠨ ᠦᠰᠦ ᠬᠠᠶᠢᠴᠢᠯᠠᠬᠤ ᠠᠵᠢᠯᠯᠠᠭ᠎ᠠ ᠨᠢ ᠭᠡᠷ ᠬᠤᠷᠢᠶᠠᠯᠠᠯ ᠤᠨ | ᠨᠠᠰᠤᠲᠠᠳ ᠲᠤ ᠳᠥᠭᠦᠮ ᠳᠥᠲᠡ᠂ ᠪᠣᠳᠠᠲᠤ ᠠᠰᠢᠭ ᠬᠦᠷᠲᠡᠭᠡᠬᠦ ᠠᠮᠢᠳᠤᠷᠠᠯ ᠤᠨ ᠦᠢᠯᠡᠴᠢᠯᠡᠭᠡ ᠬᠠᠩᠭᠠᠭᠰᠠᠨ ᠢᠶᠠᠷ | ᠪᠠᠷᠠᠬᠤ ᠥᠬᠡᠶ ᠪᠠᠰᠠ ᠭᠡᠷ ᠬᠤᠷᠢᠶᠠᠯᠠᠯ ᠪᠣᠯᠤᠨ ᠰᠠᠭᠤᠭᠠᠯᠢ ᠠᠷᠠᠳ ᠤᠨ ᠬᠤᠭᠤᠷᠣᠨᠳᠣᠬᠢ ᠬᠠᠶᠢᠷ᠎ᠠ ᠰᠡᠳᠬᠢᠯᠭᠡ ᠶᠢ | ᠨᠡᠮᠡᠭᠳᠡᠭᠦᠯᠪᠡ᠃ ᠬᠤᠶᠢᠰᠢᠳᠠ᠂ ᠭᠦᠸᠧ ᠶᠤᠸᠠᠨ ᠭᠡᠷ ᠬᠤᠷᠢᠶᠠᠯᠠᠯ《 ᠨᠠᠰᠤᠲᠠᠶᠢᠴᠤᠳ ᠢ ᠬᠠᠯᠠᠮᠵᠢᠯᠠᠵᠤ᠂ ᠭᠡᠷ | ᠬᠤᠷᠢᠶᠠᠯᠠᠯ ᠳᠤ ᠦᠢᠯᠡᠴᠢᠯᠡᠬᠦ 》ᠣᠶᠢᠯᠠᠭᠠᠭᠳᠠᠬᠤᠨ ᠢ ᠦᠷᠭᠦᠯᠵᠢᠯᠡᠨ ᠪᠠᠷᠢᠮᠲᠠᠯᠠᠵᠤ᠂ ᠨᠠᠩ ᠣᠯᠠᠨ ᠬᠡᠯᠪᠡᠷᠢ | ᠶᠠᠩᠵᠤ ᠶᠢᠨ ᠨᠠᠰᠤᠲᠠᠶᠢᠴᠤᠳ ᠢ ᠲᠤᠰᠠᠯᠠᠬᠤ ᠠᠵᠢᠯᠯᠠᠭ᠎ᠠ ᠶᠢ ᠤᠬᠠᠭᠠᠯᠠᠵᠤ᠂ ᠨᠠᠰᠤᠲᠠᠶᠢᠴᠤᠳ ᠤᠨ ᠠᠮᠢᠳᠤᠷᠠᠯ ᠤᠨ | ᠶᠠᠰᠤ ᠴᠢᠨᠠᠷ ᠪᠠ ᠵᠣᠯ ᠵᠢᠷᠭᠠᠯ ᠤᠨ ᠵᠢᠭᠠᠯᠲᠠ ᠲᠤᠭ᠎ᠠ ᠶᠢ ᠲᠠᠰᠤᠷᠠᠯᠲᠠ ᠥᠬᠡᠶ ᠳᠡᠭᠡᠭᠰᠢᠯᠡᠭᠦᠯᠵᠦ᠂ ᠲᠡᠳᠡᠨ ᠳᠤ ᠭᠡᠷ | ᠬᠤᠷᠢᠶᠠᠯᠠᠯ ᠠᠴᠠ ᠨᠠᠩ ᠣᠯᠠᠨ ᠬᠠᠶᠢᠷ᠎ᠠ ᠬᠠᠯᠠᠮᠵᠢ ᠶᠢ ᠮᠡᠳᠡᠷᠡᠭᠦᠯᠦᠨ᠎ᠡ᠃ | | | | | | | | |