ᠰᠣᠷᠢᠨᠵᠢᠨ ᠰᠢᠭᠤᠷᠭ᠎ᠠ
ᠨᠡᠶᠢᠲᠡᠯᠡᠭᠰᠡᠨ ᠴᠠᠭ᠄
2023/12/4
    ᠤᠶᠢᠷ᠎ᠠ ᠶᠢᠨ ᠡᠳᠦᠷ ᠳᠡᠯᠡᠬᠡᠢ ᠶᠢᠨ ᠰᠣᠷᠢᠨᠵᠢᠨ ᠰᠢᠭᠤᠷᠭ᠎ᠠ ᠶᠢᠨ ᠨᠥᠯᠦᠭᠡ ᠪᠠᠷ᠂ ᠮᠠᠨ ᠤ ᠤᠯᠤᠰ ᠤᠨ ᠣᠯᠠᠨ ᠭᠠᠵᠠᠷ ᠲᠤ ᠬᠡᠭᠡᠨᠴᠢᠷ ᠥᠩᠭᠡ ᠲᠠᠢ ᠲᠦᠢᠯ ᠤᠨ ᠲᠤᠶᠠᠭ᠎ᠠ ᠢᠯᠡᠷᠡᠭᠰᠡᠨ ᠪᠠᠶᠢᠨ᠎ᠠ᠃     ᠲᠡᠭᠡᠪᠡᠯ ᠳᠡᠯᠡᠬᠡᠢ ᠶᠢᠨ ᠰᠣᠷᠢᠨᠵᠢᠨ ᠰᠢᠭᠤᠷᠭ᠎ᠠ ᠨᠢ ᠪᠢᠳᠡᠨ ᠤ ᠠᠮᠢᠳᠤᠷᠠᠯ ᠢ ᠬᠢᠷᠢ ᠵᠡᠷᠭᠡ ᠨᠥᠯᠦᠭᠡᠯᠡᠬᠦ ᠪᠤᠢ︖     ᠲᠤᠰᠬᠠᠢ ᠮᠡᠷᠭᠡᠵᠢᠯᠲᠡᠨ ᠬᠡᠯᠡᠬᠦ ᠳᠡᠭᠡᠨ᠂ ᠳᠡᠯᠡᠬᠡᠢ ᠶᠢᠨ ᠰᠣᠷᠢᠨᠵᠢᠨ ᠰᠢᠭᠤᠷᠭ᠎ᠠ ᠨᠢ ᠬᠦᠮᠦᠨ ᠤ ᠪᠡᠶ᠎ᠡ ᠳᠤ ᠳᠡᠮᠡᠢ ᠨᠥᠯᠦᠭᠡ ᠪᠠᠶᠢᠬᠤ ᠦᠭᠡᠢ ᠪᠣᠯᠬᠤᠷ ᠲᠡᠭᠦᠨ ᠢ ᠤᠮᠳᠤᠭᠠᠶᠢᠯᠠᠵᠤ ᠪᠣᠯᠣᠨ᠎ᠠ᠃ ᠬᠠᠷᠢᠨ ᠣᠬᠤᠷ ᠳᠣᠯᠭᠢᠶᠠᠨ᠂ ᠴᠢᠮᠡᠭᠡ ᠬᠤᠯᠪᠣᠭ᠎ᠠ ᠵᠡᠷᠭᠡ ᠳᠤ ᠨᠥᠯᠦᠭᠡ ᠲᠠᠢ᠂ ᠭᠡᠪᠡᠴᠦ ᠨᠥᠯᠦᠭᠡᠯᠡᠬᠦ ᠴᠠᠭ ᠨᠢ ᠲᠡᠶᠢᠮᠤ ᠤᠷᠲᠤ ᠪᠢᠰᠢ ᠶᠤᠮ ᠭᠡᠯ᠎ᠡ᠃    ᠲᠡᠭᠡᠪᠡᠯ ᠶᠠᠮᠠᠷ ᠦᠶ᠎ᠡ ᠳᠤ ᠲᠦᠢᠯ ᠤᠨ ᠲᠤᠶᠠᠭ᠎ᠠ ᠠᠴᠠ ᠳᠠᠭᠤ ᠱᠤᠤᠭᠢᠶᠠᠨ ᠪᠠ ᠦᠮᠡᠬᠡᠢ ᠦᠨᠦᠷ ᠭᠠᠷᠳᠠᠭ ᠪᠤᠢ︖     ᠲᠦᠢᠯ ᠤᠨ ᠲᠤᠶᠠᠭ᠎ᠠ ᠠᠴᠠ ᠥᠩᠭᠡ ᠥᠩᠭᠡ ᠶᠢᠨ ᠳᠣᠯᠭᠢᠶᠠᠨ ᠡᠭᠦᠰᠳᠡᠭ ᠪᠦᠭᠡᠦᠨ ᠪᠠᠰᠠ ᠠᠯᠳᠠᠭ ᠣᠨᠤᠭ ᠳᠠᠭᠤ ᠱᠤᠤᠭᠢᠶᠠᠨ ᠭᠠᠷᠴᠤ᠂ ᠦᠮᠡᠬᠡᠢ ᠦᠨᠦᠷ ᠦᠨᠦᠷᠲᠡᠳᠡᠭ ᠪᠠᠶᠢᠨ᠎ᠠ᠃     ᠳᠠᠷᠤᠢ 5%᠎ ᠶᠢᠨ ᠮᠠᠰᠢ ᠴᠢᠩᠭ᠎ᠠ ᠲᠦᠢᠯ ᠤᠨ ᠲᠤᠶᠠᠭ᠎ᠠ ᠠᠴᠠ ᠯᠠ ᠰᠠᠶ᠋ᠢ ᠳᠠᠭᠤ ᠱᠤᠤᠭᠢᠶᠠᠨ ᠭᠠᠷᠳᠠᠭ᠃ ᠡᠨᠡᠬᠦ ᠲᠠᠭᠤᠨ ᠢ ᠨᠢ ᠮᠠᠰᠢ ᠴᠦᠬᠡᠨ ᠬᠦᠮᠦᠨ ᠣᠯᠵᠤ ᠰᠣᠨᠣᠰᠳᠠᠭ ᠮᠥᠷᠲᠡᠭᠡᠨ ᠲᠡᠭᠦᠨ ᠠᠴᠠ ᠭᠠᠷᠤᠭᠰᠠᠨ ᠦᠮᠡᠬᠡᠢ ᠦᠨᠦᠷ ᠢ ᠨᠢ ᠴᠤ ᠲᠦᠢᠯ ᠤᠨ ᠴᠥᠬᠡᠨ ᠬᠦᠮᠦᠨ ᠯᠡ ᠣᠯᠵᠤ ᠦᠨᠦᠷᠲᠡᠳᠡᠭ ᠶᠤᠮ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号