ᠲᠡᠭᠷᠢ ᠬᠦᠢᠳᠡᠷᠡᠨ᠎ᠡ
ᠨᠡᠶᠢᠲᠡᠯᠡᠭᠰᠡᠨ ᠴᠠᠭ᠄
2023/12/5
    ᠥᠨᠥᠳᠥᠷ ᠠᠴᠠ 7᠎ ᠤ ᠡᠳᠤᠷ ᠪᠤᠯᠳᠠᠯ᠎ᠠ᠂ ᠰᠢᠨ᠎ᠡ ᠨᠢᠭᠡᠨ ᠡᠬᠡᠯᠵᠢᠨ ᠤ ᠬᠦᠢᠳᠡᠨ ᠠᠭᠤᠷ ᠠᠮᠢᠰᠬᠤᠯ ᠤᠨ ᠨᠥᠯᠥᠭᠡ ᠪᠠᠷ᠂ ᠮᠠᠨ ᠤ ᠤᠯᠤᠰ ᠤᠨ ᠤᠮᠠᠷᠠᠳᠤ ᠤᠷᠤᠨ ᠤ ᠶᠡᠬᠡᠩᠬᠢ ᠨᠤᠳᠤᠭ ᠤᠨ ᠳᠤᠯᠠᠭᠠᠨ ᠤ ᠬᠡᠮᠵᠢᠶ᠎ᠡ ᠪᠠᠭᠤᠷᠠᠨ᠎ᠠ᠂ ᠡᠭᠦᠨ ᠳᠤ ᠦᠪᠦᠷ ᠮᠤᠩᠭᠤᠯ᠂ ᠵᠡᠬᠦᠨ ᠬᠤᠶᠢᠳᠤ ᠤᠷᠤᠨ ᠵᠡᠷᠭᠡ ᠭᠠᠵᠠᠷ ᠤᠨ ᠳᠤᠯᠠᠭᠠᠨ ᠤ ᠬᠡᠮᠵᠢᠶ᠎ᠡ 4᠎ ᠠᠴᠠ 8 ᠭᠷᠠᠳᠦ᠋ᠰ ᠪᠠᠭᠤᠷᠠᠵᠤ᠂ ᠢᠯᠠᠩᠭᠤᠶ᠎ᠠ ᠦᠪᠦᠷ ᠮᠤᠩᠭᠤᠯ ᠤᠨ ᠵᠡᠬᠦᠨ ᠪᠡᠶ᠎ᠡ᠂ ᠬᠠᠷᠠᠮᠦ᠋ᠷᠡᠨ ᠵᠡᠷᠭᠡ ᠭᠠᠵᠠᠷ ᠤᠨ ᠳᠤᠯᠠᠭᠠᠨ ᠤ ᠬᠡᠮᠵᠢᠶ᠎ᠡ 10᠎ ᠠᠴᠠ 14 ᠭᠷᠠᠳᠦ᠋ᠰ ᠪᠠᠭᠤᠷᠠᠵᠤ᠂ ᠭᠡᠰᠡᠭ ᠭᠠᠵᠠᠷ ᠤᠨ ᠪᠠᠭᠤᠷᠠᠯᠲᠠ ᠶᠢᠨ ᠬᠡᠮᠵᠢᠶ᠎ᠡ 14 ᠭᠷᠠᠳᠦ᠋ᠰ ᠢ ᠳᠠᠪᠠᠭ᠋ᠤ ᠪᠣᠯᠣᠨ᠎ᠠ᠃ ᠪᠠᠷᠠᠭᠤᠨ ᠬᠤᠶᠢᠳᠤ ᠤᠷᠤᠨ ᠤ ᠵᠡᠬᠦᠨ ᠪᠡᠶ᠎ᠡ᠂ ᠦᠪᠦᠷ ᠮᠤᠩᠭᠤᠯ ᠤᠨ ᠲᠤᠮᠳᠡ ᠵᠡᠬᠦᠨ ᠪᠡᠶ᠎ᠡ᠂ ᠤᠮᠠᠷᠠᠳᠤ ᠤᠷᠤᠨ ᠵᠡᠷᠭᠡ ᠭᠠᠵᠠᠷ ᠲᠤ 4᠎ ᠠᠴᠠ 6 ᠲᠡᠰ ᠤᠨ ᠰᠠᠯᠬᠢ ᠰᠠᠯᠬᠢᠯᠡᠵᠦ᠂ ᠬᠡᠰᠡᠭ ᠭᠠᠵᠠᠷ ᠲᠤ 9᠎ ᠠᠴᠠ 10 ᠲᠡᠰ ᠤᠨ ᠰᠠᠯᠬᠢ ᠰᠠᠯᠬᠢᠯᠠᠨ᠎ᠠ᠃ ᠪᠠᠷᠠᠭᠤᠨ ᠬᠤᠶᠢᠳᠤ ᠤᠷᠤᠨ ᠤ ᠵᠡᠬᠦᠨ ᠪᠡᠶ᠎ᠡ᠂ ᠦᠪᠦᠷ ᠮᠤᠩᠭᠤᠯ ᠤᠨ ᠲᠤᠮᠳᠡ ᠵᠡᠬᠦᠨ ᠪᠡᠶ᠎ᠡ ᠶᠢᠨ ᠭᠡᠰᠡᠭ ᠭᠠᠵᠠᠷ ᠲᠤ ᠰᠢᠷᠦᠢ ᠲᠤᠭᠤᠰᠤ ᠳᠡᠭᠳᠡᠬᠦ ᠪᠤᠯᠤᠨ᠎ᠡ᠃ ᠲᠠᠷᠠᠭ᠎ᠠ ᠨᠢ 8᠎ ᠠᠴᠠ 9᠎ ᠤ ᠡᠳᠤᠷ ᠪᠤᠯᠳᠠᠯ᠎ᠠ ᠪᠠᠰᠠ ᠨᠢᠭᠡᠨ ᠤᠳᠠᠭᠠᠨ ᠤ ᠬᠦᠢᠳᠡᠨ ᠠᠭᠤᠷ ᠠᠮᠢᠰᠬᠤᠯ ᠮᠠᠨ ᠤ ᠤᠯᠤᠰ ᠤᠨ ᠤᠮᠠᠷᠠᠳᠤ ᠤᠷᠤᠨ ᠢ ᠨᠦᠯᠦᠬᠡᠯᠡᠬᠦ ᠪᠤᠯᠤᠨ᠎ᠡ᠃
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号