ᠵᠦᠩᠭᠡᠨ ᠬᠠᠲᠤᠨ ᠤ ᠡᠳᠡᠭᠡᠷ ᠠᠵᠢᠯᠯᠠᠭ᠎ᠠ ᠶᠢ ᠨᠣᠮ ᠰᠤᠳᠤᠷ ᠲᠤ ᠶᠡᠭᠡ ᠦᠨᠳᠦᠷ ᠦᠨᠡᠯᠡᠳᠡᠭ᠂ ᠲᠡᠭᠡᠪᠡᠯ | ᠡᠳᠡᠭᠡᠷ ᠠᠵᠢᠯᠯᠠᠭ᠎ᠠ ᠨᠢ ᠴᠣᠬᠤᠮ ᠶᠠᠮᠠᠷ ᠰᠢᠭ᠋ ᠭᠠᠪᠢᠶ᠎ᠠ ᠵᠢᠳᠭᠦᠯ᠂ ᠣᠰᠤᠯ ᠠᠳᠡᠯ ᠲᠠᠢ ᠪᠣᠯ︖ | ᠵᠦᠩᠭᠡᠨ ᠬᠠᠲᠤᠨ ᠢ ᠮᠤᠩᠭᠤᠯ ᠲᠡᠤᠬᠡᠨ ᠪᠢᠴᠢᠭ ᠲᠤ ᠦᠨᠳᠦᠷ ᠦᠨᠡᠯᠡᠵᠦ᠂ ᠰᠢᠯᠤᠭᠤᠨ ᠴᠠᠭᠠᠨ | ᠪᠣᠳᠢᠰᠸᠠ ᠶᠢᠨ ᠲᠦᠷᠦᠯᠲᠡᠨ ᠭᠡᠳᠡᠭ᠃ ᠬᠢᠲᠠᠳ ᠰᠤᠳᠤᠷ ᠲᠤ ᠴᠦ ᠲᠡᠭᠦᠨ ᠢ ᠶᠡᠭᠡ ᠭᠤᠶᠣ ᠲᠦᠷᠦᠭᠰᠡᠨ᠂ | ᠬᠦᠮᠦᠨ ᠤ ᠰᠠᠨᠠᠭ᠎ᠠ ᠶᠢ ᠣᠶᠢᠯᠠᠭᠠᠳᠠᠭ᠂ ᠨᠠᠶᠢᠷᠲᠠᠢ ᠰᠠᠶᠢᠨ ᠶᠠᠪᠤᠯᠴᠠᠵᠤ ᠴᠢᠳᠠᠳᠠᠭ᠂ ᠤᠯᠤᠰ ᠪᠠᠷᠤᠭ ᠭᠠᠷ ᠲᠠᠭᠠᠨ | ᠡᠵᠡᠮᠰᠢᠭᠰᠡᠨ ᠠᠶᠢᠬᠤᠪᠲᠤᠷ ᠬᠠᠲᠤᠨ ᠪᠠᠶᠢᠭᠰᠠᠨ ᠭᠡᠳᠡᠭ᠃ | ᠡᠶᠢᠮᠦ ᠠᠴᠠ《 ᠯᠦᠩ ᠴᠢᠩ ᠤᠨ ᠬᠡᠯᠡᠯᠴᠡᠭᠡᠷ》ᠲᠣᠭᠲᠠᠭᠰᠠᠨ ᠤ ᠰᠡᠭᠦᠯᠡᠷ ᠮᠢᠩ ᠤᠯᠤᠰ ᠤᠨ ᠬᠢᠯᠢ ᠶᠢᠨ | ᠲᠦᠰᠢᠮᠡᠳ ᠴᠡᠷᠢᠭ ᠳᠦᠴᠢᠨ ᠵᠢᠯ ᠠᠮᠤᠷ ᠵᠢᠮᠦᠷ ᠠᠮᠢᠳᠤᠷᠠᠯ᠎ᠠ ᠭᠡᠳᠡᠭ᠃ ᠡᠭᠦᠨ ᠢᠶᠠᠷ ᠦᠵᠡᠬᠦ ᠳᠤ ᠵᠦᠩᠭᠡᠨ | ᠬᠠᠲᠤᠨ ᠲᠣᠬᠠᠢ ᠶᠢᠨ ᠦᠶ᠎ᠡ ᠳᠡᠭᠡᠨ ᠡᠷᠬᠡ ᠰᠦᠷ ᠲᠠᠢ᠂ ᠪᠠᠶᠢᠷᠢ ᠰᠠᠭᠤᠷᠢ ᠦᠨᠳᠦᠷ ᠮᠦᠷᠲᠡᠭᠡᠨ ᠦᠯᠡᠮᠵᠢ ᠭᠠᠪᠢᠶ᠎ᠠ | ᠵᠢᠳᠭᠦᠯ ᠭᠠᠷᠭᠠᠵᠤ ᠪᠠᠶᠢᠭᠰᠠᠨ ᠭᠡᠵᠦ ᠦᠵᠡᠵᠦ ᠪᠣᠯᠣᠨ᠎ᠠ᠃ | ᠡᠭᠦᠨ ᠳᠤ ᠬᠢᠲᠠᠳ ᠲᠠᠢ ᠬᠠᠷᠢᠯᠴᠠᠭᠰᠠᠨ᠂ ᠲᠦᠪᠡᠳ ᠲᠠᠢ ᠬᠠᠷᠢᠯᠴᠠᠭᠰᠠᠨ᠂ ᠬᠢᠲᠠᠳ ᠠᠴᠠ ᠡᠷᠳᠡᠨᠢᠰ | ᠣᠯᠣᠭᠰᠠᠨ᠂ ᠲᠦᠪᠡᠳ ᠠᠴᠠ ᠭᠤᠷᠪᠠᠨ ᠡᠷᠳᠡᠨᠢ ᠣᠯᠣᠭᠰᠠᠨ ᠵᠡᠷᠭᠡ ᠨᠢ ᠮᠤᠩᠭᠤᠯᠴᠤᠳ ᠤᠨ ᠨᠡᠶᠢᠭᠡᠮ ᠳᠤ ᠶᠠᠮᠠᠷ | ᠦᠢᠯᠡᠳᠦᠯ ᠦᠵᠡᠭᠦᠯᠦᠭᠰᠡᠨ ᠪᠣᠯ︖ | ᠢᠳᠡᠪᠬᠢ ᠰᠠᠶᠢᠨ ᠦᠢᠯᠡᠳᠦᠯ ᠢ ᠳᠤᠷᠠᠳᠪᠠᠯ᠄ | ᠮᠢᠩ ᠤᠯᠤᠰ ᠲᠠᠢ ᠬᠠᠷᠢᠴᠠᠵᠤ᠂ ᠠᠷᠠᠯᠵᠢᠶ᠎ᠠ ᠨᠡᠪᠲᠡᠷᠡᠭᠡᠳ ᠪᠠᠷᠠᠭᠤᠨ ᠭᠤᠷᠪᠠᠨ ᠲᠦᠮᠡᠨ ᠮᠢᠩ ᠠᠴᠠ ᠶᠡᠭᠡ | ᠠᠷᠪᠢᠨ ᠡᠳ᠋ ᠪᠠᠶᠠᠯᠢᠭ ᠢ ᠣᠯᠣᠭᠰᠠᠨ ᠢᠶᠠᠷ ᠪᠠᠷᠠᠬᠤ ᠦᠭᠡᠢ᠂ ᠲᠤᠬᠠᠢ ᠶᠢᠨ ᠦᠶ᠎ᠡ ᠶᠢᠨ ᠮᠤᠩᠭᠤᠯ ᠤᠨ ᠵᠡᠭᠦᠨ ᠪᠠᠶ᠎ᠡ | ᠶᠢᠨ ᠴᠠᠬᠠᠷ ᠵᠡᠷᠭᠡ ᠶᠢᠨ ᠲᠦᠮᠡᠨ ᠨᠦᠭᠦᠳ ᠲᠠᠢ ᠳᠠᠮ ᠢᠶᠠᠷ ᠠᠷᠠᠯᠵᠢᠶ᠎ᠠ ᠬᠢᠵᠦ᠂ ᠶᠡᠭᠡ ᠬᠡᠮᠵᠢᠶᠡᠨ ᠤ ᠡᠳ᠋ ᠠᠰᠢᠭ | ᠣᠯᠵᠤ ᠪᠠᠶᠢᠭᠰᠠᠨ᠃ ᠬᠠᠯᠬ᠎ᠠ ᠲᠦᠮᠡᠨ ᠪᠣᠶᠣ ᠣᠶᠢᠷᠠᠳᠴᠤᠳ ᠴᠦ ᠡᠳᠡᠨᠦᠰ ᠲᠠᠢ ᠬᠦᠬᠡᠬᠤᠲᠠ ᠣᠷᠣᠨ ᠢᠶᠠᠷ | ᠳᠠᠮᠵᠢᠨ ᠠᠷᠠᠯᠵᠢᠶ᠎ᠠ ᠬᠤᠳᠠᠯᠳᠤᠭᠠᠨ ᠤ ᠠᠰᠢᠭ ᠬᠤᠨᠵᠢᠪᠤᠷᠢ ᠣᠯᠵᠣ ᠪᠠᠶᠢᠭᠰᠠᠨ᠃ | ᠡᠨᠡ ᠨᠢ ᠲᠡᠷᠡ ᠦᠶ᠎ᠡ ᠶᠢᠨ ᠮᠤᠩᠭᠤᠯᠴᠤᠳ ᠤᠨ ᠨᠡᠶᠢᠭᠡᠮ ᠳᠤ ᠠᠪᠴᠤ ᠬᠡᠯᠡᠪᠡᠯ ᠡᠳ᠋ ᠪᠤᠳᠠᠰ ᠤᠨ | ᠭᠠᠴᠢᠭ ᠢ ᠲᠤᠭᠤᠯᠵᠤ᠂ ᠠᠮᠢᠳᠤᠷᠠᠯ ᠢᠶᠠᠨ ᠳᠡᠭᠡᠭᠰᠢᠯᠡᠭᠦᠯᠦᠨ ᠪᠠᠶᠠᠯᠢᠭᠵᠢᠭᠤᠯᠬᠤ ᠳᠤ ᠠᠰᠢᠭᠲᠠᠢ ᠲᠠᠯ᠎ᠠ ᠪᠠᠶᠢᠭᠰᠠᠨ | ᠨᠢ ᠯᠠᠪᠲᠠᠢ᠃ | ᠡᠭᠦᠨ ᠤ ᠬᠠᠮᠲᠤ ᠪᠠᠷᠠᠭᠤᠨ ᠭᠤᠷᠪᠠᠨ ᠲᠦᠮᠡᠨ ᠤ ᠤᠯᠤᠰ ᠲᠦᠷᠦ ᠶᠢᠨ ᠡᠷᠬᠡ ᠰᠠᠭᠤᠷᠢ ᠶᠢ | ᠳᠡᠭᠡᠭᠰᠢᠯᠡᠭᠦᠯᠵᠦ᠂ ᠮᠦᠨ ᠢᠩᠭᠢᠭᠰᠡᠨ ᠠᠴᠠ ᠡᠨᠡ ᠣᠷᠤᠨ ᠳᠤ ᠲᠦᠷᠦ ᠱᠠᠰᠢᠨ ᠢ ᠬᠤᠣᠰᠯᠠᠭᠤᠯᠤᠭᠰᠠᠨ ᠬᠠᠤᠯᠢ | ᠴᠠᠭᠠᠵᠠ ᠳᠤᠭᠳᠠᠭᠠᠬᠤ᠂ ᠨᠡᠶᠢᠭᠡᠮ ᠤᠨ ᠡᠮᠬᠢ ᠲᠢᠭᠯᠢᠮ ᠢ ᠰᠠᠶᠢᠵᠢᠷᠠᠭᠤᠯᠤᠭᠰᠠᠨ ᠲᠠᠯ᠎ᠠ ᠲᠠᠢ᠃ | ᠪᠤᠷᠬᠠᠨ ᠱᠠᠰᠢᠨ ᠢ ᠬᠦᠯᠢᠶᠡᠨ ᠠᠪᠴᠤ᠂ ᠪᠤᠷᠬᠠᠨ ᠱᠠᠰᠢᠨ ᠤ ᠲᠤᠭ᠎ᠠ ᠦᠭᠡᠢ ᠣᠯᠠᠨ ᠨᠣᠮ ᠰᠤᠳᠤᠷ ᠢ | ᠮᠤᠩᠭᠤᠯᠴᠢᠯᠠᠵᠤ᠂ ᠮᠤᠩᠭᠤᠯᠴᠤᠳ ᠢ ᠡᠨᠡᠳᠬᠡᠭ ᠲᠦᠪᠡᠳ ᠵᠡᠷᠭᠡ ᠶᠢᠨ ᠳᠡᠯᠡᠬᠡᠢ ᠶᠢᠨ ᠰᠤᠶᠤᠯᠴᠢ | ᠦᠨᠳᠦᠰᠦᠲᠡᠨ ᠨᠦᠭᠦᠳ ᠲᠠᠢ ᠬᠠᠷᠢᠴᠠᠭᠤᠯᠵᠤ᠂ ᠳᠡᠯᠡᠬᠡᠢ ᠳᠤ ᠬᠠᠨᠳᠤᠭᠤᠯᠵᠤ᠂ ᠲᠤᠬᠠᠢ ᠶᠢᠨ ᠦᠶ᠎ᠡ ᠶᠢᠨ ᠡᠨᠡᠳᠭᠡᠭ | ᠲᠦᠪᠡᠳ ᠤᠨ ᠤᠳᠠᠭᠠᠨ ᠣᠨ ᠤ ᠪᠤᠷᠬᠠᠨ ᠱᠠᠰᠢᠨ ᠤ ᠨᠣᠮ ᠰᠤᠳᠤᠷ ᠢᠶᠠᠷ ᠳᠠᠮᠵᠢᠵᠤ᠂ ᠲᠡᠳᠡᠨ ᠤ ᠶᠡᠭᠡ ᠣᠯᠠᠨ | ᠡᠷᠳᠡᠮ ᠤᠬᠠᠭᠠᠨ ᠢ ᠰᠤᠷᠤᠭᠰᠠᠨ᠃ ᠪᠤᠷᠬᠠᠨ ᠤ ᠨᠣᠮ ᠤᠨ ᠠᠭᠤᠯᠭ᠎ᠠ ᠶᠢ ᠲᠠᠪᠤᠨ ᠶᠡᠭᠡ ᠤᠬᠠᠭᠠᠨ ᠭᠡᠳᠡᠭ᠃ | ᠡᠭᠦᠨ ᠳᠤ ᠭᠦᠨ ᠤᠬᠠᠭᠠᠨ᠂ ᠠᠨᠠᠭᠠᠬᠤ ᠤᠬᠠᠭᠠᠨ᠂ ᠣᠳᠣᠨ ᠣᠷᠣᠨ ᠤ ᠤᠬᠠᠭᠠᠨ᠂ ᠤᠷᠠᠨ ᠵᠤᠬᠢᠶᠠᠯ ᠵᠡᠷᠭᠡ ᠪᠤᠢ᠃ | ᠡᠨᠡ ᠨᠢ ᠮᠤᠩᠭᠤᠯᠴᠤᠳ ᠢ ᠳᠡᠯᠡᠭᠡᠢ ᠶᠢᠨ ᠪᠣᠯᠪᠠᠰᠤᠨ᠂ ᠡᠨᠡᠳᠬᠡᠭ ᠲᠦᠪᠡᠳ ᠤᠨ ᠪᠣᠯᠪᠠᠰᠤᠨ ᠲᠠᠢ ᠲᠠᠨᠢᠯᠴᠠᠬᠤ ᠳᠤ | ᠮᠠᠰᠢ ᠶᠡᠭᠡ ᠠᠴᠢ ᠲᠤᠰᠠ ᠦᠵᠡᠭᠦᠯᠵᠡᠢ᠃ | ᠠᠵᠤ ᠠᠬᠤᠢ ᠶᠢᠨ ᠲᠠᠯ᠎ᠠ ᠪᠠᠷ ᠠᠪᠴᠤ ᠬᠡᠯᠡᠬᠦ ᠳᠤ ᠬᠢᠲᠠᠳ ᠲᠠᠢ ᠬᠠᠷᠢᠯᠴᠠᠭᠰᠠᠨ ᠠᠴᠠ ᠬᠢᠲᠠᠳ ᠠᠴᠠ | ᠣᠯᠠᠨ ᠬᠦᠮᠦᠨ ᠠᠪᠴᠢᠷᠠᠵᠤ᠂ ᠬᠦᠬᠡᠬᠤᠲᠠ ᠲᠦᠮᠡᠳ ᠤᠨ ᠲᠠᠯ᠎ᠠ ᠳᠤ ᠲᠠᠷᠢᠶᠠᠯᠠᠬᠤ ᠲᠤᠰᠬᠤᠨ ᠪᠠᠶᠢᠭᠤᠯᠵᠤ᠂ | ᠰᠡᠭᠦᠯᠡᠷ ᠨᠢ ᠠᠷᠠᠯᠵᠢᠶ᠎ᠠ ᠬᠤᠳᠠᠯᠳᠤᠭ᠎ᠠ ᠨᠡᠪᠲᠡᠷᠡᠭᠦᠯᠵᠦ᠂ ᠮᠤᠩᠭᠤᠯ ᠣᠷᠣᠨ ᠳᠤ ᠡᠳ᠋ ᠪᠠᠶᠠᠯᠢᠭ ᠬᠠᠩᠭᠠᠵᠤ | ᠦᠭᠬᠦᠭᠰᠡᠨ᠃ | ᠭᠡᠬᠦ ᠳᠤ ᠨᠦᠭᠦᠭᠡ ᠲᠠᠯ᠎ᠠ ᠪᠠᠷ ᠠᠪᠴᠤ ᠬᠡᠯᠡᠬᠦ ᠳᠤ ᠪᠠᠰᠠ ᠮᠠᠭᠤ ᠲᠠᠢ ᠲᠠᠯ᠎ᠠ ᠪᠠᠶᠢᠭᠰᠠᠨ ᠢ ᠦᠭᠡᠶᠢᠰᠭᠡᠵᠦ | ᠪᠣᠯᠬᠤ ᠦᠭᠡᠢ᠃ | ᠲᠡᠷᠡ ᠦᠶ᠎ᠡ ᠳᠤ ᠮᠢᠩ ᠤᠯᠤᠰ ᠤᠨ ᠲᠠᠯ᠎ᠠ ᠠᠴᠠ ᠮᠤᠩᠭᠤᠯ ᠳᠤ ᠬᠠᠭᠠᠴᠠᠭᠤᠯᠵᠤ ᠲᠦᠷᠦ ᠶᠢᠨ ᠪᠣᠳᠤᠯᠭ᠎ᠠ | ᠶᠠᠪᠤᠭᠤᠯᠵᠤ᠂ ᠠᠯᠲᠠᠨ ᠬᠠᠨ ᠵᠡᠷᠭᠡ ᠶᠢᠨ ᠭᠠᠵᠠᠷ ᠣᠷᠣᠨ ᠤ ᠨᠣᠶᠠᠳ ᠢ ᠳᠡᠮᠵᠢᠵᠦ᠂ ᠲᠡᠳᠡᠨᠦᠰ ᠲᠤ ᠠᠷᠠᠯᠵᠢᠶᠠᠨ ᠤ | ᠠᠰᠢᠭ ᠬᠤᠨᠵᠢᠪᠤᠷᠢ ᠦᠭᠴᠦ᠂ ᠬᠠᠷᠢᠨ ᠮᠤᠩᠭᠤᠯ ᠤᠨ ᠶᠡᠭᠡ ᠬᠠᠭᠠᠨ ᠪᠣᠯᠬᠤ ᠲᠦᠮᠡᠨ ᠵᠠᠰᠠᠭᠲᠤ ᠬᠠᠭᠠᠨ᠂ ᠯᠢᠭᠳᠡᠨ | ᠬᠤᠳᠤᠭᠲᠤ ᠬᠠᠭᠠᠨ ᠵᠡᠷᠭᠡ ᠮᠤᠩᠭᠤᠯ ᠤᠨ ᠶᠡᠭᠡ ᠬᠠᠭᠠᠨ ᠢ ᠬᠠᠶᠠᠭᠠᠨ ᠳᠤᠨᠢ ᠬᠠᠶᠠᠵᠤ᠂ ᠮᠤᠩᠭᠤᠯ ᠤᠨ ᠬᠤᠭᠤᠷᠤᠨᠳᠤ | ᠨᠢ ᠰᠠᠯᠭᠠᠵᠤ ᠪᠠᠶᠢᠭᠰᠠᠨ᠃ | ᠠᠯᠲᠠᠨ ᠬᠠᠨ ᠪᠠ ᠵᠦᠩᠬᠡᠨ ᠬᠠᠲᠤᠨ ᠡᠨᠡ ᠬᠦ ᠠᠷᠠᠯᠵᠢᠶᠠᠨ ᠤ ᠬᠠᠷᠢᠯᠴᠠᠭ᠎ᠠ ᠲᠤᠭᠳᠠᠭᠰᠠᠨ ᠠᠴᠠ ᠪᠣᠯᠵᠤ | ᠪᠠᠷᠠᠭᠤᠨ ᠭᠤᠷᠪᠠᠨ ᠲᠦᠮᠡᠨ ᠤ ᠭᠠᠵᠠᠷ ᠣᠷᠣᠨ ᠤ ᠡᠷᠬᠡ ᠨᠢ ᠴᠢᠩᠭᠠᠷᠠᠵᠤ᠂ ᠮᠤᠩᠭᠤᠯ ᠤᠨ ᠶᠡᠭᠡ ᠬᠠᠭᠠᠨ ᠤ ᠡᠷᠬᠡ | ᠨᠢ ᠤᠯᠠᠮ ᠰᠤᠯᠠᠷᠠᠭᠰᠠᠨ᠃ ᠡᠨᠡ ᠨᠢ ᠮᠢᠩ ᠤᠯᠤᠰ ᠤᠨ ᠲᠠᠯ᠎ᠠ ᠠᠴᠠ ᠠᠪᠴᠤ ᠪᠠᠶᠢᠭᠰᠠᠨ ᠮᠤᠩᠭᠤᠯ ᠢ ᠪᠤᠲᠠᠷᠠᠭᠠᠨ | ᠰᠠᠯᠭᠠᠬᠤ᠂ ᠬᠠᠭᠠᠨ ᠡᠷᠬᠡ ᠶᠢ ᠨᠢ ᠰᠤᠯᠠᠷᠠᠭᠤᠯᠬᠤ ᠭᠡᠰᠡᠨ ᠣᠷᠣᠯᠳᠣᠯᠭ᠎ᠠ ᠲᠠᠢ ᠨᠡᠶᠢᠴᠡᠵᠦ᠂ ᠮᠤᠩᠭᠤᠯ ᠹᠸᠤᠳᠠᠯ ᠤᠨ | ᠪᠤᠲᠠᠷᠠᠯ ᠢ ᠤᠯᠠᠮ ᠬᠦᠨᠵᠡᠭᠡᠶᠢᠷᠡᠭᠦᠯᠵᠦ ᠪᠦᠬᠦᠶᠢᠯᠡ ᠮᠤᠩᠭᠤᠯ ᠤᠨ ᠨᠡᠶᠢᠭᠡᠮ ᠤᠨ ᠪᠤᠲᠠᠷᠠᠯ ᠤᠨ ᠪᠠᠶᠢᠲᠠᠯ ᠢ ᠤᠯᠠᠮ | ᠬᠦᠨᠵᠡᠭᠡᠶᠢᠷᠡᠭᠦᠯᠦᠭᠰᠡᠨ ᠪᠠᠶᠢᠨ᠎ᠠ᠃ | ᠲᠦᠪᠡᠳ ᠲᠠᠢ ᠬᠠᠷᠢᠯᠴᠠᠵᠤ᠂ ᠪᠤᠷᠬᠠᠨ ᠱᠠᠰᠢᠨ ᠢ ᠬᠦᠯᠢᠶᠠᠨ ᠠᠪᠤᠭᠰᠠᠨ ᠤᠴᠢᠷ ᠳᠡᠭᠡᠷ᠎ᠡ ᠮᠦᠨ ᠴᠦ | ᠡᠶᠢᠮᠦ ᠲᠠᠯ᠎ᠠ ᠳᠣᠪᠤᠶᠢᠮ᠎ᠠ ᠮᠡᠳᠡᠭᠳᠡᠵᠦ ᠪᠤᠢ᠃ ᠠᠯᠲᠠᠨ ᠬᠠᠨ ᠦᠪᠡᠷ ᠤᠨ ᠪᠡᠶ᠎ᠡ ᠪᠠᠨ ᠬᠤᠪᠢᠯᠠᠢ ᠬᠠᠭᠠᠨ ᠲᠠᠢ ᠠᠳᠠᠯᠢ | ᠪᠦᠬᠦ ᠮᠤᠩᠭᠤᠯ ᠤᠨ ᠶᠡᠭᠡ ᠬᠠᠭᠠᠨ ᠪᠣᠯᠭᠠᠨ ᠡᠷᠭᠦᠵᠦ᠂ ᠮᠤᠩᠭᠤᠯ ᠤᠨ ᠶᠡᠭᠡ ᠬᠠᠭᠠᠨ ᠢ ᠰᠢᠬᠠᠵᠤ ᠠᠯᠪᠠᠳᠠᠵᠤ | ᠪᠠᠶᠢᠭᠠᠳ ᠲᠦᠰᠢᠶᠡᠳᠦ ᠰᠡᠴᠡᠨ ᠬᠠᠭᠠᠨ ᠴᠤᠯᠠ ᠠᠪᠴᠤ᠂ ᠰᠡᠭᠦᠯᠡᠷ ᠨᠢ ᠳᠠᠯᠠᠢ ᠯᠠᠮᠠ ᠠᠴᠠ ᠬᠤᠲᠠᠯᠠ ᠡᠰᠷᠦᠨ | ᠶᠡᠭᠡ ᠬᠦᠴᠦᠨᠲᠦ ᠴᠡᠭᠷᠡᠸᠡᠷᠳᠢ ᠨᠣᠮ ᠤᠨ ᠬᠠᠭᠠᠨ ᠴᠤᠯᠠ ᠣᠯᠣᠭᠰᠠᠨ᠃ ᠮᠤᠩᠭᠤᠯ ᠤᠨ ᠶᠡᠭᠡ ᠬᠠᠭᠠᠨ ᠢ ᠬᠠᠶᠠᠭᠠᠨ | ᠳᠤᠨᠢ ᠬᠠᠶᠠᠭᠠᠳ᠂ ᠳᠠᠯᠠᠢ ᠯᠠᠮᠠ ᠠᠴᠠ ᠶᠡᠭᠡ ᠬᠠᠭᠠᠨ ᠴᠤᠯᠠ ᠠᠪᠴᠤ᠂ ᠮᠤᠩᠭᠤᠯ ᠤᠨ ᠶᠡᠭᠡ ᠬᠠᠭᠠᠨ ᠲᠠᠢ | ᠵᠡᠷᠭᠡᠴᠡᠭᠰᠡᠨ ᠬᠠᠭᠠᠨ ᠪᠣᠯᠵᠤ᠂ ᠲᠡᠭᠷᠢ ᠶᠢᠨ ᠲᠣᠣᠷ᠎ᠠ ᠨᠢᠭᠡ ᠯᠠ ᠬᠠᠭᠠᠨ ᠪᠠᠶᠢᠬᠤ ᠶᠣᠰᠤ ᠶᠢ ᠡᠪᠳᠡᠵᠦ ᠡᠬᠢᠯᠡᠵᠡᠢ᠃ | | ᠰᠡᠭᠦᠯᠡᠷ ᠨᠢ ᠠᠯᠲᠠᠨ ᠬᠠᠨ ᠤ ᠠᠵᠢᠯᠯᠠᠭ᠎ᠠ ᠶᠢ ᠳᠠᠭᠤᠷᠢᠶᠠᠵᠤ᠂ ᠠᠪᠠᠲᠠᠢ ᠵᠡᠷᠭᠡ ᠮᠤᠩᠭᠤᠯ ᠤᠨ ᠣᠯᠠᠨ | ᠠᠷᠪᠢᠨ ᠹᠸᠤᠳᠠᠯᠴᠤᠳ ᠬᠠᠭᠠᠨ ᠴᠤᠯᠠ ᠠᠪᠤᠭᠰᠠᠨ᠃ ᠮᠤᠩᠭᠤᠯ ᠤᠨ ᠭᠠᠭᠴᠠ ᠬᠠᠭᠠᠨ ᠪᠠᠶᠢᠭᠰᠠᠨ ᠪᠠᠶᠢᠳᠠᠯ | ᠡᠴᠦᠰᠯᠡᠵᠦ᠂ ᠣᠯᠠᠨ ᠠᠷᠪᠢᠨ ᠬᠠᠭᠠᠨ ᠭᠠᠷᠴᠤ ᠢᠷᠡᠭᠰᠡᠨ ᠠᠴᠠ ᠮᠤᠩᠭᠤᠯ ᠤᠨ ᠹᠸᠤᠳᠠᠯ ᠤᠨ ᠪᠤᠲᠠᠷᠠᠯ ᠢ ᠤᠯᠠᠮ | ᠭᠦᠨᠵᠡᠭᠡᠶᠢᠷᠡᠭᠦᠯᠦᠭᠰᠡᠨ᠃ | ᠡᠶᠢᠮᠦ ᠠᠴᠠ ᠠᠷᠠᠯᠵᠢᠶ᠎ᠠ ᠬᠤᠳᠠᠯᠳᠤᠭ᠎ᠠ ᠨᠡᠪᠲᠡᠷᠡᠭᠦᠯᠦᠭᠰᠡᠨ ᠪᠠ ᠪᠤᠷᠬᠠᠨ ᠨᠣᠮ ᠢ ᠠᠪᠴᠢᠷᠠᠭᠰᠠᠨ ᠨᠢ ᠪᠦᠷ | ᠡᠶᠡᠷᠬᠦ ᠲᠠᠯ᠎ᠠ ᠲᠠᠢ ᠮᠦᠷᠲᠡᠭᠡᠨ ᠪᠠᠰᠠ ᠰᠦᠬᠡᠷᠭᠦ ᠲᠠᠯ᠎ᠠ ᠲᠠᠢ᠃ ᠮᠦᠨ ᠡᠶᠢᠮᠦ ᠰᠦᠬᠡᠷᠬᠦ ᠲᠠᠯ᠎ᠠ ᠪᠠᠶᠢᠭᠰᠠᠨ ᠠᠴᠠ | ᠮᠤᠩᠭᠤᠯ ᠤᠨ ᠶᠡᠭᠡ ᠬᠠᠭᠠᠨ ᠤ ᠡᠷᠬᠡ ᠰᠤᠯᠠᠷᠠᠵᠤ᠂ ᠵᠦᠩᠭᠡᠨ ᠬᠠᠲᠤᠨ ᠠᠴᠠ ᠰᠡᠭᠦᠯᠡᠷ ᠬᠤᠷᠢᠭᠠᠳ ᠵᠢᠯ ᠪᠣᠯᠤᠭᠠᠳ | ᠰᠠᠷᠨᠢᠨ ᠪᠤᠲᠠᠷᠠᠭᠰᠠᠨ ᠮᠤᠩᠭᠤᠯᠴᠤᠳ ᠠᠷᠤ ᠠᠷᠤ ᠠᠴᠠ ᠪᠠᠨ ᠮᠠᠨᠵᠤ ᠶᠢᠨ ᠠᠶᠢᠰᠢᠨ ᠬᠢᠤᠷᠤ ᠳᠤ ᠣᠷᠣᠵᠤ | ᠦᠭᠭᠦᠭᠰᠡᠨ ᠪᠠᠶᠢᠳᠠᠭ᠃ |