ᠠᠯᠲᠠᠨ ᠬᠠᠨ ᠨᠠᠰᠤ ᠪᠠᠷᠠᠭᠰᠠᠨ ᠤ ᠳᠠᠷᠠᠭ᠎ᠠ ᠵᠦᠩᠭᠡᠨ ᠬᠠᠲᠤᠨ ᠭᠤᠴᠢᠨ ᠵᠢᠯ ᠲᠦᠷᠦ ᠪᠠᠷᠢᠭᠰᠠᠨ | ᠬᠤᠭᠤᠴᠠᠭᠠᠨ ᠳᠠᠭᠠᠨ ᠮᠦᠨ ᠠᠯᠲᠠᠨ ᠬᠠᠨ ᠤ ᠲᠦᠷᠦ ᠶᠢᠨ ᠪᠣᠳᠣᠯᠭ᠎ᠠ ᠶᠢ ᠦᠷᠬᠦᠯᠵᠢᠯᠡᠨ ᠬᠡᠷᠡᠭᠵᠢᠬᠦᠯᠵᠦ᠂ ᠮᠢᠩ | ᠤᠯᠤᠰ ᠲᠠᠢ ᠨᠠᠶᠢᠷᠠᠮᠳᠠᠨ ᠠᠯᠪᠠ ᠡᠷᠭᠦᠬᠦ᠂ ᠬᠤᠳᠠᠯᠳᠤᠭ᠎ᠠ ᠬᠢᠬᠦ ᠶᠢ ᠬᠢᠴᠢᠶᠡᠩᠭᠦᠶᠢᠯᠡᠨ ᠪᠠᠷᠢᠮᠲᠠᠯᠠᠵᠤ᠂ ᠪᠤᠷᠬᠠᠨ | ᠱᠠᠰᠢᠨ ᠢ ᠳᠡᠯᠭᠡᠷᠡᠭᠦᠯᠬᠦ ᠵᠡᠷᠭᠡ ᠠᠵᠢᠯ ᠢ ᠦᠷᠭᠦᠯᠵᠢᠯᠡᠭᠦᠯᠵᠦ ᠪᠠᠶᠢᠵᠠᠢ᠃ ᠡᠶᠢᠮᠦ ᠠᠴᠠ ᠮᠢᠩ ᠤᠯᠤᠰ ᠤᠨ ᠵᠠᠰᠠᠭ ᠤᠨ | ᠭᠠᠵᠠᠷ ᠠᠴᠠ ᠲᠡᠭᠦᠨ ᠳᠤ ᠵᠦᠩ ᠱᠦᠨ ᠬᠠᠲᠤᠨ ︵ᠰᠢᠳᠤᠷᠭᠤ ᠡᠶᠡᠪᠡᠷᠬᠦᠦ ᠬᠠᠲᠤᠨ︶ ᠭᠡᠰᠡᠨ ᠡᠷᠬᠢᠮᠰᠦᠭ ᠴᠤᠯᠠ | ᠱᠠᠩᠨᠠᠵᠠᠢ᠃ ᠲᠦᠪᠡᠳ ᠤᠨ ᠳᠠᠯᠠᠢ ᠯᠠᠮᠠ ᠴᠦ ᠲᠦᠮᠡᠳ ᠲᠤ ᠢᠷᠡᠵᠦ᠂ ᠪᠤᠷᠬᠠᠨ ᠤ ᠱᠠᠰᠢᠨ ᠤᠯᠠᠮ ᠳᠡᠯᠭᠡᠷᠡᠨ | ᠬᠦᠭᠵᠢᠵᠦ ᠪᠠᠶᠢᠭᠰᠠᠨ᠃ | ᠠᠯᠲᠠᠨ ᠬᠠᠨ ᠨᠠᠰᠤ ᠪᠠᠷᠠᠭᠰᠠᠨ ᠤ ᠰᠡᠭᠦᠯᠡᠷ ᠬᠤᠶᠢᠳᠤᠬᠢ ᠶᠠᠪᠤᠳᠠᠯ ᠢ ᠪᠦᠷ ᠵᠦᠩᠭᠡᠨ ᠬᠠᠲᠤᠨ ᠭᠤᠣᠯᠲᠠᠨ | ᠬᠢᠵᠦ ᠪᠠᠶᠢᠯ᠎ᠠ ᠭᠡᠵᠦ ᠬᠢᠲᠠᠳ ᠰᠤᠳᠤᠷ ᠲᠤ ᠲᠡᠮᠳᠡᠭᠯᠡᠵᠦ ᠪᠠᠶᠢᠨ᠎ᠠ᠃ ᠮᠢᠩ ᠤᠯᠤᠰ ᠲᠤ ᠡᠯᠴᠢᠨ ᠲᠣᠮᠢᠯᠠᠵᠤ᠂ | ᠠᠯᠪᠠᠨ ᠪᠢᠴᠢᠭ ᠶᠠᠪᠤᠭᠤᠯᠬᠤ ᠳᠤ ᠪᠦᠷ ᠵᠦᠩᠭᠡᠨ ᠬᠠᠲᠤᠨ ᠭᠠᠷᠳᠠᠨ ᠬᠢᠵᠦ ᠪᠠᠶᠢᠯ᠎ᠠ ᠭᠡᠳᠡᠭ᠃ ᠡᠨᠡ ᠨᠢ ᠵᠦᠩᠭᠡᠨ | ᠬᠠᠲᠤᠨ ᠴᠢᠬᠤᠯᠠ ᠦᠢᠯᠡᠳᠦᠯ ᠦᠵᠡᠭᠦᠯᠵᠦ ᠪᠠᠶᠢᠭᠰᠠᠨ ᠭᠡᠳᠡᠭ ᠢ ᠬᠠᠷᠠᠭᠤᠯᠵᠤ ᠪᠤᠢ᠃ | ᠠᠯᠲᠠᠨ ᠬᠠᠨ ᠨᠠᠰᠤ ᠪᠠᠷᠠᠭᠰᠠᠨ ᠤ ᠳᠠᠷᠠᠭ᠎ᠠ ᠵᠦᠩᠭᠡᠨ ᠬᠠᠲᠤᠨ ᠰᠡᠩᠭᠡ ᠳᠦᠭᠦᠷᠡᠩ ᠳᠤ ᠮᠣᠷᠳᠠᠭᠰᠠᠨ᠃ | ᠢᠩᠭᠢᠭᠡᠳ ᠵᠦᠩᠭᠡᠨ ᠬᠠᠲᠤᠨ ᠬᠤᠶᠠᠳᠤᠭᠠᠷ ᠦᠶ᠎ᠡ ᠶᠢᠨ ᠱᠦᠨ ᠢ ᠸᠠᠩ ᠤᠨ ᠬᠠᠲᠤᠨ ᠪᠣᠯᠵᠠᠢ᠃ ᠵᠦᠩᠭᠡᠨ | ᠬᠠᠲᠤᠨ ᠰᠡᠩᠭᠡ ᠳᠦᠭᠦᠷᠡᠩ ᠲᠠᠢ ᠬᠤᠶᠠᠭᠤᠯᠠ ᠭᠤᠷᠪᠠᠳᠤᠭᠠᠷ ᠳᠦᠷᠢ ᠶᠢᠨ ᠳᠠᠯᠠᠢ ᠯᠠᠮᠠ ᠶᠢ ᠵᠠᠯᠠᠵᠤ ᠠᠯᠲᠠᠨ | ᠬᠠᠨ ᠤ ᠬᠤᠶᠢᠳᠤᠬᠢ ᠶᠠᠪᠤᠳᠠᠯ ᠢ ᠬᠢᠯᠭᠡᠬᠦ ᠪᠠᠷ ᠤᠷᠢᠭᠰᠠᠨ ᠳᠤ ᠳᠠᠯᠠᠢ ᠯᠠᠮᠠ 1586 ᠣᠨ ᠳᠤ ᠬᠦᠬᠡᠬᠤᠲᠠ ᠳᠤ | ᠢᠷᠡᠭᠰᠡᠨ ᠪᠠᠶᠢᠨ᠎ᠡ᠃ | 1587 ᠣᠨ ᠤ ᠦᠶ᠎ᠡ ᠳᠤ ᠭᠤᠷᠪᠠᠳᠤᠭᠠᠷ ᠳᠦᠷᠢ ᠶᠢᠨ ᠳᠠᠯᠠᠢ ᠯᠠᠮᠠ ᠬᠠᠷᠠᠴᠢᠨ ᠲᠦᠮᠡᠨ ᠤ ᠲᠦᠷᠦᠭᠦᠦ | ᠪᠠᠶᠠᠰᠬᠠᠯ ᠬᠦᠨᠳᠡᠯᠡᠨ ᠬᠠᠭᠠᠨ ᠲᠠᠢ ᠪᠣᠯᠵᠤᠵᠤ᠂ ᠱᠠᠰᠢᠨ ᠳᠡᠯᠭᠡᠷᠡᠭᠦᠯᠬᠦ ᠪᠠᠷ ᠣᠴᠢᠵᠤ᠂ ᠳᠠᠷᠠᠭ᠎ᠠ ᠵᠢᠯ ᠨᠢ | ᠬᠠᠷᠠᠴᠢᠨ ᠤ ᠵᠢᠭᠠᠰᠤᠲᠠᠢ ᠭᠡᠳᠡᠭ ᠭᠠᠵᠠᠷ ᠨᠢᠷᠸᠠᠨ ᠳᠦᠷᠢ ᠦᠵᠡᠭᠦᠯᠵᠡᠢ᠃ ᠭᠤᠷᠪᠠᠳᠤᠭᠠᠷ ᠳᠦᠷᠢ ᠶᠢᠨ ᠳᠠᠯᠠᠢ ᠯᠠᠮᠠ | ᠶᠢᠨ ᠱᠠᠷᠢᠯ ᠢ ᠬᠦᠷᠭᠡᠬᠦ ᠪᠠᠷ ᠵᠦᠩᠭᠡᠨ ᠬᠠᠲᠤᠨ ᠮᠠᠨᠤᠲᠠᠢ ᠴᠦᠷᠦᠭᠡ ᠰᠡᠴᠡᠨ ᠬᠠᠨ ᠲᠠᠢ ᠬᠤᠶᠠᠭᠤᠯᠠ ᠭᠦᠮᠪᠦᠮ | ᠬᠦᠷᠦᠭᠡᠳ ᠪᠤᠴᠠᠵᠤ ᠢᠷᠡᠵᠡᠢ᠃ | ᠰᠡᠩᠭᠡ ᠳᠦᠭᠦᠷᠡᠩ ᠬᠤᠩ ᠲᠠᠶᠢᠵᠢ ᠬᠠᠨ ᠣᠷᠣ ᠵᠠᠯᠭᠠᠮᠵᠢᠯᠠᠭᠠᠳ᠂ ᠲᠦᠷᠪᠡᠳᠡᠬᠢ ᠵᠢᠯ ᠳᠡᠭᠡᠨ ᠨᠠᠰᠤ | ᠨᠦᠭᠴᠢᠭᠰᠡᠨ ᠳᠤ ᠲᠡᠭᠦᠨ ᠤ ᠬᠦᠦ ᠨᠠᠮᠤᠲᠠᠢ ᠴᠦᠷᠦᠭᠡ ᠡᠴᠢᠭᠡ ᠶᠢᠨ ᠢᠶᠠᠨ ᠴᠤᠯᠠ ᠶᠢ ᠵᠠᠯᠭᠠᠮᠵᠢᠯᠠᠨ ᠭᠤᠷᠪᠠᠳᠤᠭᠠᠷ | ᠦᠶ᠎ᠡ ᠶᠢᠨ ᠱᠦᠨ ᠢ ᠸᠠᠩ ᠪᠣᠯᠵᠠᠢ᠃ | ᠡᠨᠡ ᠦᠶ᠎ᠡ ᠳᠤ ᠵᠦᠩᠭᠡᠨ ᠬᠠᠲᠤᠨ ᠨᠢᠭᠡᠨᠲᠠ ᠭᠤᠴᠢᠨ ᠳᠣᠯᠣᠭᠠᠨ ᠨᠠᠰᠤ ᠬᠦᠷᠴᠦ᠂ ᠨᠠᠰᠤ ᠪᠡᠶ᠎ᠠ | ᠠᠭᠰᠢᠷᠠᠭᠰᠠᠨ ᠭᠡᠮᠡᠨ ᠲᠦᠮᠡᠨ ᠴᠡᠷᠢᠭ ᠪᠣᠯᠪᠠᠰᠤᠷᠠᠭᠤᠯᠤᠨ ᠠᠰ ᠲᠠᠭᠠᠨ ᠬᠤᠲᠠ ᠴᠣᠭᠴᠠᠯᠠᠨ ᠰᠠᠭᠤᠵᠤ ᠪᠠᠶᠢᠪᠠ᠃ | ᠡᠭᠦᠨ ᠳᠤ ᠮᠢᠩ ᠤᠯᠤᠰ ᠤᠨ ᠲᠠᠯ᠎ᠠ ᠨᠢ ᠤᠮᠠᠷᠠᠲᠤ ᠶᠤᠸᠠᠨ ᠤᠯᠤᠰ ᠤᠨ ᠲᠠᠯ᠎ᠠ ᠳᠤ ᠠᠷᠠᠯᠵᠢᠶ᠎ᠠ ᠬᠤᠳᠠᠯᠳᠤᠭ᠎ᠠ | ᠨᠡᠪᠲᠡᠷᠡᠬᠦ ᠶᠢ ᠡᠷᠬᠢᠯᠡᠨ ᠮᠡᠳᠡᠬᠦ ᠬᠦᠮᠦᠨ ᠦᠭᠡᠢ ᠪᠣᠯᠬᠤ ᠠᠴᠠ ᠪᠣᠯᠭᠤᠮᠵᠢᠯᠠᠵᠤ᠂ ᠮᠤᠩᠭᠤᠯ ᠤᠨ ᠪᠠᠶᠢᠳᠠᠯ ᠢ | ᠲᠣᠭᠲᠠᠪᠤᠷᠢᠵᠢᠭᠤᠯᠬᠤ ᠶᠢᠨ ᠲᠦᠯᠦᠭᠡ ᠲᠠᠬᠢᠨ ᠬᠦᠮᠦᠨ ᠲᠣᠮᠢᠯᠠᠨ ᠴᠦᠷᠦᠭᠡ ᠶᠢ ᠢᠳᠬᠠᠵᠤ᠄《 ᠬᠠᠲᠤᠨ ᠢᠶᠠᠷ | ᠡᠵᠡᠨ ᠲᠦᠷᠦ ᠳᠤ ᠭᠤᠷᠪᠠᠨ ᠦᠶ᠎ᠡ ᠰᠢᠳᠤᠷᠭᠤ ᠳᠠᠭᠠᠭᠰᠠᠨ ᠪᠦᠯᠦᠭᠡ᠃ ᠴᠢ ᠬᠡᠷᠪᠡ ᠲᠡᠭᠦᠨ ᠯᠦᠭᠡ ᠤᠷᠤᠭᠯᠠᠪᠠᠰᠤ | ᠸᠠᠩ ᠡᠷᠭᠦᠮᠵᠢᠯᠡᠮᠤᠢ》ᠭᠡᠰᠡᠨ ᠳᠤ ᠴᠦᠷᠦᠭᠡ ᠲᠡᠷᠡ ᠳᠠᠷᠤᠢ ᠳᠤᠨᠢ ᠪᠤᠰᠤᠳ ᠳᠠᠲᠠᠪᠤᠷᠢ ᠨᠠᠷ ᠢᠶᠠᠨ ᠦᠯᠳᠡᠨ | ᠵᠠᠶᠢᠯᠠᠭᠤᠯᠵᠤ᠂ ᠵᠦᠩᠭᠡᠨ ᠬᠠᠲᠤᠨ ᠲᠠᠢ ᠦᠷᠦᠭᠡ ᠪᠠᠨ ᠬᠠᠮᠲᠤᠳᠬᠠᠵᠠᠢ᠃ | ᠵᠦᠩᠭᠡᠨ ᠬᠠᠲᠤᠨ ᠮᠦᠨ ᠤᠤᠯ ᠤᠨ ᠶᠣᠰᠤᠭᠠᠷ ᠮᠢᠩ ᠤᠯᠤᠰ ᠯᠤᠭ᠎ᠠ ᠶᠢᠨ ᠬᠠᠷᠢᠯᠴᠠᠭ᠎ᠠ ᠶᠠᠪᠤᠯᠴᠠᠭ᠎ᠠ | ᠶᠢᠨ ᠤᠴᠢᠷ ᠢ ᠬᠠᠮᠢᠶᠠᠷᠤᠭᠰᠠᠨ ᠳᠤ ᠮᠢᠩ ᠤᠯᠤᠰ ᠤᠨ《 ᠲᠦᠷᠦ ᠶᠢᠨ ᠣᠯᠠᠨ ᠢᠶᠠᠷ ᠢᠶᠠᠨ ᠪᠠᠶᠠᠰᠤᠯᠴᠠᠨ | ᠬᠠᠷᠢᠯᠴᠠᠨ ᠪᠠᠶᠠᠷ ᠬᠦᠷᠭᠡᠬᠦ ᠳᠤ ᠬᠦᠷᠴᠡᠢ 》᠃ | 1587 ᠣᠨ ᠳᠤ ᠮᠢᠩ ᠤᠯᠤᠰ ᠤᠨ ᠵᠠᠰᠠᠭ ᠤᠨ ᠭᠠᠵᠠᠷ ᠨᠠᠮᠤᠳᠠᠢ ᠴᠦᠷᠦᠭᠡ ᠶᠢ ᠱᠦᠨ ᠢ ᠸᠠᠩ | ᠡᠷᠭᠦᠮᠵᠢᠯᠡᠵᠦ᠂ ᠵᠦᠩᠭᠡᠨ ᠬᠠᠲᠤᠨ ᠢ《 ᠵᠦᠩ ᠱᠦᠨ ᠬᠠᠲᠤᠨ 》 ᠡᠷᠭᠦᠮᠵᠢᠯᠡᠪᠡ᠃ ᠮᠢᠩ ᠤᠯᠤᠰ ᠤᠨ | ᠵᠠᠰᠠᠭ ᠤᠨ ᠭᠠᠵᠠᠷ ᠵᠦᠩᠭᠡᠨ ᠬᠠᠲᠤᠨ ᠢ ᠨᠡᠶᠢᠲᠡ ᠭᠤᠷᠪᠠ ᠤᠳᠠᠭ᠎ᠠ《 ᠵᠦᠩ ᠱᠦᠨ ᠬᠠᠲᠤᠨ》ᠡᠷᠭᠦᠮᠵᠢᠯᠡᠭᠰᠡᠨ | ᠭᠡᠵᠦ ᠮᠢᠩ ᠤᠯᠤᠰ ᠤᠨ ᠲᠡᠤᠬᠡ ᠰᠤᠳᠤᠷ ᠲᠤ ᠲᠡᠮᠳᠡᠭᠯᠡᠵᠦ ᠪᠣᠢ᠃ | ᠵᠦᠩᠭᠡᠨ ᠬᠠᠲᠤᠨ ᠤᠷᠢᠳ ᠬᠤᠵᠢᠳ ᠭᠤᠷᠪᠠᠨ ᠦᠶ᠎ᠡ ᠶᠢᠨ ᠱᠦᠨ ᠢ ᠸᠠᠩ ᠤᠨ ᠬᠠᠲᠤᠨ ᠪᠣᠯᠵᠤ᠂ | ᠤᠮᠠᠷᠠᠲᠤ ᠶᠣᠸᠠᠨ ᠤᠯᠤᠰ ᠤᠨ ᠡᠯ᠎ᠠ ᠠᠶᠢᠮᠠᠭ ᠪᠦᠯᠦᠭ ᠤᠨ ᠳᠤᠮᠲᠠ ᠲᠤᠶᠢᠯ ᠤᠨ ᠦᠨᠳᠦᠷ ᠢᠲᠡᠭᠡᠯ ᠬᠦᠨᠳᠦ ᠪᠠ | ᠤᠷᠢᠶᠠᠯᠠᠨ ᠳᠠᠶᠢᠴᠢᠯᠠᠬᠤ ᠬᠦᠴᠦᠨ ᠲᠠᠢ ᠪᠠᠶᠢᠪᠠ᠃ ᠲᠡᠷᠡ ᠴᠡᠷᠢᠭ ᠤᠨ ᠡᠷᠬᠡ ᠶᠢ ᠬᠠᠪᠰᠤᠷᠤᠨ ᠪᠠᠷᠢᠵᠦ᠂ | ᠠᠷᠠᠯᠵᠢᠶ᠎ᠠ ᠬᠤᠳᠠᠯᠳᠤᠭᠠᠨ ᠤ ᠶᠠᠪᠤᠳᠠᠯ ᠢ ᠭᠤᠣᠯᠴᠢᠯᠠᠨ ᠠᠳᠬᠤᠭᠠᠳ᠂ ᠮᠢᠩ ᠤᠯᠤᠰ ᠲᠠᠢ《 ᠯᠦᠩ ᠴᠢᠩ ᠤᠨ | ᠡᠪᠰᠡᠯ》ᠶᠣᠰᠤᠭᠠᠷ ᠦᠷᠭᠦᠯᠵᠢᠯᠡᠨ ᠨᠦᠬᠦᠷᠰᠡᠭ ᠶᠠᠪᠤᠯᠴᠠᠬᠤ ᠶᠢ ᠶᠣᠰᠤᠴᠢᠯᠠᠨ ᠵᠣᠷᠢᠵᠤ ᠪᠠᠶᠢᠭᠰᠠᠨ ᠪᠦᠭᠡᠳ | ᠨᠠᠶᠢᠷᠠᠮᠳᠠᠯ ᠤᠨ ᠭᠡᠷ᠎ᠡ ᠲᠣᠭᠲᠠᠭᠠᠯ ᠢ ᠵᠦᠷᠢᠴᠡᠵᠦ ᠳᠤᠷ᠎ᠠ ᠲᠠᠪᠠ ᠪᠠᠷ ᠢᠶᠠᠨ ᠪᠤᠯᠢᠶᠠᠨ ᠳᠡᠭᠡᠷᠡᠮᠳᠡᠯᠭᠡ ᠬᠢᠭᠰᠡᠳ ᠢ | ᠬᠠᠶᠢᠷ᠎ᠠ ᠨᠠᠶᠢᠷ ᠦᠭᠡᠢ ᠬᠦᠨᠳᠦ ᠰᠢᠳᠭᠡᠵᠦ ᠪᠠᠶᠢᠵᠠᠢ᠃ | ᠲᠡᠭᠡᠪᠡᠯ ᠵᠦᠩᠭᠡᠨ ᠬᠠᠲᠤᠨ ᠤ ᠦᠶ᠎ᠡ ᠳᠤ ᠪᠤᠷᠬᠠᠨ ᠱᠠᠰᠢᠨ ᠤ ᠴᠢᠬᠤᠯᠠ ᠨᠢᠭᠡ ᠰᠤᠳᠤᠷ ᠪᠣᠯᠬᠤ《 | ᠭᠠᠨᠵᠤᠤᠷ》 ᠢ ᠣᠷᠴᠢᠭᠤᠯᠤᠭᠰᠠᠨ ᠪᠠᠶᠢᠨ᠎ᠠ᠃ ᠪᠤᠷᠬᠠᠨ ᠱᠠᠰᠢᠨ ᠤ ᠨᠣᠮ ᠰᠤᠳᠤᠷ ᠣᠯᠠᠨ ᠪᠤᠢ᠂ ᠲᠦᠪᠡᠳ ᠠᠴᠠ | ᠤᠯᠠᠮᠵᠢᠯᠠᠭᠰᠠᠨ ᠪᠤᠷᠬᠠᠨ ᠱᠠᠰᠢᠨ ᠪᠣᠯ ᠬᠤᠶᠠᠷ ᠶᠡᠭᠡ ᠨᠣᠮ ᠢᠶᠠᠷ ᠪᠦᠬᠦ ᠪᠤᠷᠬᠠᠨ ᠱᠠᠰᠢᠨ ᠤ ᠶᠣᠰᠤ ᠶᠢ | ᠬᠤᠷᠢᠶᠠᠩᠭᠤᠶᠢᠯᠠᠵᠤ ᠪᠠᠶᠢᠳᠠᠭ᠃《 ᠭᠠᠨᠵᠤᠤᠷ》ᠰᠤᠳᠤᠷ ᠲᠤ ᠱᠠᠭᠵᠠᠮᠤᠨᠢ ᠶᠢᠨ ᠦᠭᠡ ᠪᠣᠯᠣᠨ ᠪᠤᠷᠬᠠᠨ ᠤ ᠰᠠᠬᠢᠯ | ᠰᠠᠨᠸᠠᠷ ᠢ ᠪᠢᠴᠢᠵᠦ ᠪᠠᠶᠢᠳᠠᠭ᠃《 ᠳ᠋ᠠᠨᠵᠤᠤᠷ》 ᠲᠤ ᠱᠠᠭᠵᠠᠮᠤᠨᠢ ᠠᠴᠠ ᠬᠤᠶᠢᠰᠢᠬᠢ ᠪᠤᠷᠬᠠᠨ ᠱᠠᠰᠢᠨ ᠤ ᠲᠣᠮᠤ | ᠡᠷᠳᠡᠮᠳᠡᠨ ᠮᠡᠷᠭᠡᠳ ᠤᠨ ᠵᠤᠬᠢᠶᠠᠯ ᠪᠦᠳᠦᠭᠡᠯ ᠢ ᠪᠢᠴᠢᠵᠦ ᠣᠷᠣᠭᠤᠯᠤᠭᠰᠠᠨ ᠪᠠᠶᠢᠳᠠᠭ᠃《 ᠭᠠᠨᠵᠤᠤᠷ》 ᠢ ᠠᠯᠲᠠᠨ | ᠬᠠᠨ ᠳᠠᠯᠠᠢ ᠯᠠᠮᠠ ᠲᠠᠢ ᠠᠭᠤᠯᠵᠠᠭᠰᠠᠨ ᠤ ᠰᠡᠭᠦᠯᠡᠷ ᠵᠠᠯᠠᠵᠤ ᠠᠪᠴᠢᠷᠠᠭᠠᠳ᠂ ᠵᠦᠩᠭᠡᠨ ᠬᠠᠲᠤᠨ ᠤ ᠤᠳᠤᠷᠢᠳᠤᠯᠭ᠎ᠠ | ᠳᠣᠣᠷ᠎ᠠ ᠡᠬᠢᠯᠡᠨ ᠣᠷᠴᠢᠭᠤᠯᠵᠤ᠂ ᠯᠢᠭᠳᠡᠨ ᠬᠤᠳᠤᠭᠳᠤ ᠬᠠᠭᠠᠨ ᠤ ᠦᠶ᠎ᠡ ᠳᠤ ᠬᠦᠷᠦᠭᠡᠳ ᠪᠦᠬᠦ ᠨᠣᠮ ᠢ | ᠬᠦᠷᠪᠡᠭᠦᠯᠵᠦ ᠳᠠᠭᠤᠰᠬᠠᠭᠰᠠᠨ ᠪᠠᠶᠢᠨ᠎ᠠ᠃《 ᠭᠠᠨᠵᠤᠤᠷ》 ᠤᠨ ᠣᠷᠴᠢᠭᠤᠯᠤᠭᠳᠠᠭᠰᠠᠨ ᠶᠠᠪᠤᠳᠠᠯ ᠨᠢ ᠪᠤᠷᠬᠠᠨ ᠤ | ᠱᠠᠰᠢᠨ ᠮᠤᠩᠭᠤᠯ ᠣᠷᠣᠨ ᠳᠤ ᠨᠡᠩ ᠦᠷᠭᠡᠨ ᠬᠡᠪᠴᠢᠶ᠎ᠡ ᠪᠠᠷ ᠤᠯᠠᠮᠵᠢᠯᠠᠭᠳᠠᠨ ᠲᠠᠷᠬᠠᠬᠤ ᠳᠤ ᠮᠠᠰᠢ ᠴᠢᠬᠤᠯᠠ | ᠦᠢᠯᠡᠳᠦᠯ ᠭᠠᠷᠭᠠᠵᠠᠢ᠃ | ᠭᠤᠷᠪᠠᠳᠤᠭᠠᠷ ᠳᠦᠷᠢ ᠶᠢᠨ ᠳᠠᠯᠠᠢ ᠯᠠᠮᠠ ᠨᠢᠷᠸᠠᠨ ᠳᠦᠷᠢ ᠦᠵᠡᠭᠦᠯᠦᠭᠰᠡᠨ ᠤ ᠳᠠᠷᠠᠭ᠎ᠠ ᠵᠢᠯ ᠨᠢ ᠰᠡᠩᠭᠡ | ᠳᠦᠭᠦᠷᠡᠩ ᠤᠨ ᠬᠦᠦ ᠰᠦᠮᠡᠷ ᠲᠠᠶᠢᠵᠢ ᠶᠢᠨ ᠭᠡᠷ ᠲᠤ ᠲᠦᠷᠪᠡᠳᠦᠭᠡᠷ ᠳᠦᠷᠢ ᠶᠢᠨ ᠳᠠᠯᠠᠢ ᠯᠠᠮᠠ ᠲᠣᠳᠤᠷᠠᠭᠰᠠᠨ | ᠪᠠᠶᠢᠨ᠎ᠠ᠂ ᠲᠡᠭᠦᠨ ᠤ ᠨᠡᠷ᠎ᠡ ᠶᠢ ᠶᠣᠨᠳᠤᠨᠵᠠᠮᠰᠤ ᠭᠡᠳᠡᠭ᠃ | ᠰᠡᠭᠦᠯᠡᠷ ᠨᠢ ᠨᠠᠮᠤᠲᠠᠢ ᠴᠦᠷᠦᠭᠡ ᠰᠡᠴᠡᠨ ᠬᠠᠨ ᠪᠣᠯᠤᠨ ᠵᠦᠩᠭᠡᠨ ᠬᠠᠲᠤᠨ ᠬᠤᠶᠠᠭᠤᠯᠠ ᠲᠡᠷᠡ ᠬᠦᠦ ᠶᠢ | ᠬᠦᠬᠡᠬᠤᠲᠠ ᠳᠤ ᠠᠪᠴᠢᠷᠠᠵᠤ᠂ ᠰᠢᠷᠡᠭᠡᠳᠦ ᠵᠤᠤ ᠶᠢᠨ ᠰᠢᠷᠡᠭᠡᠨ ᠳᠤ ᠰᠠᠭᠤᠯᠭᠠᠭᠠᠳ᠂ ᠠᠷᠪᠠᠨ ᠭᠤᠷᠪᠠᠲᠠᠢ ᠳᠤᠨᠢ | ᠲᠦᠪᠡᠳ ᠲᠤ ᠮᠣᠷᠳᠠᠭᠤᠯᠵᠠᠢ᠃ ᠡᠨᠡ ᠬᠡᠷᠡᠭ ᠲᠤ ᠵᠦᠩᠭᠡᠨ ᠬᠠᠲᠤᠨ ᠪᠠᠰᠠ ᠮᠠᠰᠢ ᠶᠡᠭᠡ ᠡᠭᠦᠷᠭᠡ ᠬᠦᠢᠴᠡᠳᠭᠡᠭᠰᠡᠨ᠃ | ᠰᠡᠭᠦᠯᠡᠷ ᠨᠢ ᠶᠣᠨᠳᠤᠨᠵᠠᠮᠰᠤ ᠲᠦᠪᠡᠳ ᠲᠤ ᠬᠤᠷᠢᠨ ᠬᠡᠳᠦᠲᠠᠶᠢᠬᠡᠨ ᠨᠢᠷᠸᠠᠨ ᠳᠦᠷᠢ ᠦᠵᠡᠭᠦᠯᠵᠡᠢ᠃ | ᠠᠯᠲᠠᠨ ᠬᠠᠨ ᠵᠦᠩᠭᠡᠨ ᠬᠠᠲᠤᠨ ᠬᠤᠶᠠᠷ ᠪᠤᠷᠬᠠᠨ ᠱᠠᠰᠢᠨ ᠢ ᠳᠡᠯᠭᠡᠷᠡᠭᠦᠯᠬᠦ ᠠᠵᠢᠯᠯᠠᠭ᠎ᠠ ᠶᠢ | ᠡᠬᠢᠯᠡᠭᠦᠯᠦᠭᠰᠡᠨ ᠠᠴᠠ ᠬᠤᠶᠢᠰᠢ ᠲᠦᠪᠡᠳ ᠠᠴᠠ ᠮᠠᠨᠽᠤᠰᠢᠷᠢ ᠬᠤᠳᠤᠭᠳᠤ᠂ ᠮᠠᠶᠢᠳᠠᠷᠢ ᠬᠤᠳᠤᠭᠳᠤ ᠭᠡᠬᠦ ᠵᠡᠷᠭᠡ | ᠶᠢᠨ ᠣᠯᠠᠨ ᠬᠤᠳᠤᠭᠳᠤ ᠬᠤᠪᠢᠯᠭᠠᠨ ᠢ ᠮᠤᠩᠭᠤᠯ ᠣᠷᠣᠨ ᠳᠤ ᠵᠠᠯᠠᠵᠤ᠂ ᠪᠤᠷᠬᠠᠨ ᠨᠣᠮ ᠤᠩᠰᠢᠭᠤᠯᠵᠤ᠂ ᠰᠦᠮ᠎ᠡ | ᠪᠠᠷᠢᠵᠤ᠂ ᠪᠤᠷᠬᠠᠨ ᠤ ᠬᠦᠷᠦᠭ ᠵᠢᠷᠤᠭ ᠪᠦᠳᠦᠭᠡᠬᠦ ᠵᠡᠷᠭᠡ ᠣᠯᠠᠨ ᠠᠵᠢᠯ ᠢ ᠬᠢᠭᠰᠡᠨ ᠪᠠᠶᠢᠵᠠᠢ᠃ | ᠭᠤᠷᠪᠠᠳᠤᠭᠠᠷ ᠳᠦᠷᠢ ᠶᠢᠨ ᠳᠠᠯᠠᠢ ᠯᠠᠮᠠ ᠲᠦᠮᠡᠳ ᠲᠤ ᠢᠷᠡᠭᠰᠡᠨ ᠤ ᠰᠡᠭᠦᠯᠡᠷ ᠬᠠᠯᠬ᠎ᠠ ᠶᠢᠨ ᠠᠪᠠᠲᠠᠢ | ᠬᠠᠨ ᠬᠦᠬᠡᠬᠤᠲᠠ ᠳᠤ ᠢᠷᠡᠵᠦ᠂ ᠵᠦᠩᠭᠡᠨ ᠬᠠᠲᠤᠨ ᠲᠠᠢ ᠠᠭᠤᠯᠵᠠᠨ᠂ ᠬᠠᠯᠬ᠎ᠠ ᠳᠤ ᠪᠤᠷᠬᠠᠨ ᠱᠠᠰᠢᠨ ᠢ ᠵᠠᠯᠠᠵᠤ | ᠪᠠᠶᠢᠭᠰᠠᠨ᠃ ᠡᠨᠡ ᠲᠣᠬᠠᠢ ᠲᠡᠤᠬᠡ ᠨᠠᠮᠲᠠᠷ ᠲᠤ᠄ | ᠬᠠᠯᠬ᠎ᠠ ᠲᠦᠮᠡᠨ ᠤ ᠡᠵᠡᠨ ᠪᠣᠯᠣᠭᠰᠠᠨ ᠠᠪᠠᠲᠠᠢ ᠰᠠᠶᠢᠨ ᠬᠠᠭᠠᠨ | ᠬᠤᠲᠠᠯᠠ ᠶᠢᠨ ᠡᠵᠡᠨ ᠭᠡᠭᠡᠨ ᠬᠠᠭᠠᠨ ᠠᠪᠠᠭ᠎ᠠ ᠶᠤᠭᠠᠨ ᠦᠢᠯᠡᠳᠦᠭᠰᠡᠨ ᠱᠠᠰᠢᠨ ᠨᠣᠮ ᠳᠤ ᠣᠷᠤᠨ | ᠬᠤᠳᠤᠭᠳᠤ ᠳᠠᠯᠠᠢ ᠯᠠᠮᠠ ᠳᠤᠷ ᠬᠦᠰᠡᠭᠦᠢ ᠰᠡᠳᠬᠢᠯ ᠤᠨ ᠡᠭᠦᠳᠡᠨ ᠠᠴᠠ ᠮᠦᠷᠭᠦᠨ | ᠬᠤᠷᠢᠶᠠᠬᠤ ᠪᠤᠶᠠᠨ ᠪᠠᠷᠠᠮᠢᠳ ᠲᠣᠭᠠᠯᠠᠰᠢ ᠦᠭᠡᠢ ᠴᠠᠭᠯᠠᠰᠢ ᠦᠭᠡᠢ ᠬᠦᠷᠭᠡᠵᠦ ᠢᠷᠡᠬᠦ ᠶᠢᠨ ᠤᠷᠢᠲᠠ ᠠᠴᠠ | | ᠬᠤᠪᠢᠯᠭᠠᠨ ᠳᠠᠯᠠᠢ ᠯᠠᠮᠠ ᠶᠢᠨ ᠵᠡᠭᠦᠳᠦᠨ ᠳᠤ ᠬᠦᠷᠡᠩ ᠡᠷᠢᠶᠡᠨ ᠪᠠᠷᠰ ᠪᠣᠯᠣᠨ ᠰᠠᠨᠳᠠᠯᠢ | ᠳᠠᠯᠠᠢ ᠯᠠᠮᠠ ᠦᠷᠦᠰᠢᠶᠡᠵᠦ ᠠᠪᠠᠲᠠᠢ ᠰᠠᠶᠢᠨ ᠬᠠᠭᠠᠨ ᠳᠤ ᠸᠴᠢᠷᠠᠢ ᠬᠠᠭᠠᠨ ᠴᠤᠯᠠ ᠰᠣᠶᠣᠷᠬᠠᠪᠠᠢ᠂ | ᠲᠡᠷᠡ ᠪᠤᠳᠢᠰᠠᠩ ᠤᠨ ᠬᠤᠪᠢᠯᠭᠠᠨ ᠵᠦᠩᠭᠡᠨ ᠬᠠᠲᠤᠨ ᠪᠡᠷᠭᠡᠨ ᠳᠡᠭᠡᠨ ᠮᠦᠷᠭᠦᠵᠦ ᠵᠣᠯᠭᠠᠯᠳᠤᠪᠠᠢ ᠭᠡᠵᠦ | ᠪᠢᠴᠢᠵᠦ ᠪᠠᠶᠢᠨ᠎ᠠ᠃ | ᠵᠦᠩᠭᠡᠨ ᠬᠠᠲᠤᠨ ᠠᠯᠲᠠᠨ ᠬᠠᠨ ᠤ ᠬᠢᠭᠰᠡᠨ ᠱᠠᠰᠢᠨ ᠤ ᠠᠵᠢᠯᠯᠠᠭ᠎ᠠ ᠨᠢ ᠪᠠᠷᠠᠭᠤᠨ ᠭᠤᠷᠪᠠᠨ | ᠲᠦᠮᠡᠨ ᠢᠶᠠᠷ ᠪᠠᠷᠠᠬᠤ ᠦᠭᠡᠢ ᠵᠡᠭᠦᠨ ᠭᠤᠷᠪᠠᠨ ᠲᠦᠮᠡᠨ᠂ ᠴᠠᠬᠠᠷ᠂ ᠬᠠᠯᠬ᠎ᠠ ᠳᠤ ᠪᠠᠰᠠ ᠱᠠᠰᠢᠨ ᠳᠡᠯᠭᠡᠷᠡᠬᠦᠯᠬᠦ | ᠦᠷᠨᠢᠯᠲᠡ ᠶᠢ ᠪᠤᠢ ᠪᠣᠯᠭᠠᠭᠰᠠᠨ ᠪᠠᠶᠢᠨ᠎ᠠ᠃ | ᠡᠳᠡᠭᠡᠷ ᠣᠯᠠᠨ ᠠᠵᠢᠯᠯᠠᠭ᠎ᠠ ᠠᠴᠠ ᠵᠦᠩᠭᠡᠨ ᠬᠠᠲᠤᠨ ᠲᠦᠮᠡᠳ ᠤᠨ ᠭᠤᠷᠪᠠᠨ ᠬᠠᠨ ᠤ ᠦᠶ᠎ᠡ ᠳᠤ ᠲᠦᠷᠦ | ᠱᠠᠰᠢᠨ ᠤ ᠲᠠᠯ᠎ᠠ ᠪᠠᠷ ᠶᠠᠮᠠᠷ ᠰᠢᠭ᠋ ᠵᠢᠳᠭᠦᠯ ᠭᠠᠷᠭᠠᠭᠰᠠᠨ ᠢ ᠣᠶᠢᠯᠠᠭᠠᠵᠤ ᠪᠣᠯᠣᠨ᠎ᠠ᠃ |