ᠳᠡᠭᠡᠷᠡᠬᠢ ᠶᠠᠷᠢᠭᠰᠠᠨ ᠦᠢᠯᠡ ᠬᠡᠷᠡᠭ ᠤᠳ ᠤᠨ ᠰᠡᠭᠦᠯ ᠤᠨ ᠬᠡᠳᠦᠨ ᠴᠢᠬᠤᠯᠠ ᠦᠢᠯᠡ ᠬᠡᠷᠡᠭ ᠲᠤ | ᠵᠦᠩᠬᠡᠨ ᠬᠠᠲᠤᠨ ᠪᠡᠶᠡᠴᠢᠯᠡᠨ ᠣᠷᠣᠯᠴᠠᠵᠤ ᠴᠢᠬᠤᠯᠠ ᠡᠭᠦᠷᠭᠡ ᠭᠦᠢᠴᠡᠳᠭᠡᠵᠦ ᠪᠠᠶᠢᠭᠰᠠᠨ᠃ ᠵᠠᠯᠭᠠᠭᠠᠳ ᠵᠦᠩᠬᠡᠨ | ᠬᠠᠲᠤᠨ ᠤ ᠠᠮᠢᠳᠤᠷᠠᠯ᠂ ᠵᠢᠳᠭᠦᠯ ᠤᠨ ᠲᠤᠬᠠᠢ ᠶᠠᠷᠢᠶ᠎ᠠ᠃ | 1558ᠣᠨ ᠳᠤ ᠠᠯᠲᠠᠨ ᠬᠠᠨ ᠣᠶᠢᠷᠠᠳ ᠲᠦᠮᠡᠨ ᠳᠤ ᠴᠡᠷᠢᠭᠯᠡᠵᠡᠢ᠃ ᠠᠯᠲᠠᠨ ᠬᠠᠨ ᠣᠶᠢᠷᠠᠳ ᠤᠨ | ᠭᠤᠣᠯ ᠪᠣᠯᠬᠤ ᠠᠶᠢᠮᠠᠭ ᠨᠠᠢᠮᠠᠨ ᠮᠢᠩᠭᠠᠨ ᠬᠤᠶᠢᠳ ᠤᠨ ᠨᠣᠶᠠᠨ ᠮᠠᠨᠢ ᠮᠢᠩᠭᠠᠲᠤ ᠶᠢ ᠠᠯᠠᠵᠤ᠂ ᠬᠠᠷᠢᠶ᠎ᠠ ᠢᠷᠭᠡᠳ ᠢ | ᠨᠢ ᠣᠯᠵᠠᠯᠠᠭᠰᠠᠨ᠃ ᠡᠨᠡ ᠦᠶ᠎ᠡ ᠳᠤ ᠮᠠᠨᠢ ᠮᠢᠩᠭᠠᠲᠤ ᠶᠢᠨ ᠡᠬᠡᠨᠡᠷ ᠵᠢᠬᠡᠬᠡᠨ ᠠᠭ᠎ᠠ ︵ᠲᠡᠷᠡ ᠦᠶ᠎ᠡ ᠳᠤ ᠠᠭ᠎ᠠ | ᠭᠡᠰᠡᠨ ᠦᠭᠡ ᠪᠣᠯ ᠨᠣᠶᠠᠳ ᠤᠨ ᠬᠠᠳᠤᠨ ᠤ ᠬᠦᠨᠳᠦᠳᠭᠡᠯ ᠳᠠᠭᠤᠳᠠᠯᠭ᠎ᠠ︶ ᠦᠪᠡᠷ ᠤᠨ ᠢᠶᠠᠨ ᠦᠬᠢᠨ ᠢᠶᠠᠨ ᠠᠯᠲᠠᠨ | ᠬᠠᠨ ᠳᠤ ᠵᠦᠩᠭᠡ ᠡᠷᠭᠦᠯ᠎ᠡ ᠭᠡᠳᠡᠭ᠃ ᠲᠡᠷᠡ ᠦᠶ᠎ᠡ ᠳᠤ ᠵᠦᠩᠭᠡ ᠡᠷᠭᠦᠯ᠎ᠡ ᠭᠡᠳᠡᠭ ᠨᠢ ᠪᠠᠷᠢ ᠪᠣᠯᠭᠠᠯ᠎ᠠ᠂ ᠬᠠᠲᠤᠨ | ᠪᠣᠯᠭᠠᠵᠤ ᠡᠷᠭᠦᠯ᠎ᠡ ᠭᠡᠰᠡᠨ ᠤᠳᠬ᠎ᠠ ᠲᠠᠢ᠃ | 1558ᠣᠨ ᠳᠤ ᠠᠯᠲᠠᠨ ᠬᠠᠨ ᠰᠢᠷ᠎ᠠ ᠣᠶᠢᠭᠤᠷᠴᠣᠳ ᠠᠴᠠ ᠠᠯᠪᠠ ᠭᠤᠪᠴᠢᠭᠤᠷ ᠬᠤᠷᠢᠶᠠᠵᠤ ᠤᠷᠢᠳᠤ | ᠡᠮᠦᠨ᠎ᠡ ᠳᠣᠭᠲᠠᠭᠰᠠᠨ ᠬᠠᠷᠢᠴᠠᠭ᠎ᠠ ᠪᠠᠨ ᠪᠠᠬᠢᠵᠢᠬᠦᠯᠬᠦ ᠶᠢᠨ ᠲᠦᠯᠦᠭᠡ ᠦᠪᠡᠷ ᠤᠨ ᠪᠡᠶ᠎ᠡ ᠪᠠᠷ ᠢᠶᠠᠨ ᠶᠡᠭᠡ ᠴᠡᠷᠢᠭ | ᠳᠠᠶᠢᠴᠢᠯᠠᠵᠤ ᠪᠠᠷᠠᠭᠤᠨᠰᠢ ᠳᠠᠶᠢᠯᠠᠪᠠ᠃ ᠣᠶᠢᠷᠠᠳᠴᠤᠳ ᠯᠤᠭ᠎ᠠ ᠤᠷᠢᠳᠤ ᠶᠢᠨ ᠨᠠᠶᠢᠷ ᠢᠶᠠᠨ ᠰᠡᠷᠭᠦᠭᠡᠬᠦ ᠶᠢᠨ | ᠲᠦᠯᠦᠭᠡ ᠬᠢᠷᠠᠭᠤᠳ ᠨᠠᠷ ᠤᠨ ᠲᠦᠷᠦᠭᠦᠦ ᠵᠢᠭᠡᠭᠡᠨ ᠠᠭ᠎ᠠ ᠶᠢᠨ ᠳᠡᠷᠭᠡᠳᠡ ᠬᠤᠶᠠᠷ ᠲᠦᠰᠢᠮᠡᠯ ᠢᠶᠠᠨ ᠵᠠᠷᠤᠵᠦ | ᠶᠠᠪᠤᠭᠤᠯᠤᠭᠠᠳ ᠬᠡᠤᠬᠡᠨ ᠢ ᠨᠢ ᠭᠤᠶᠣᠯᠭᠠᠪᠠ᠂ ᠡᠭᠦᠨ ᠳᠤ ᠵᠢᠭᠡᠭᠡᠨ ᠠᠭ᠎ᠠ ᠶᠡᠬᠡᠳᠡ ᠪᠠᠶᠠᠷᠯᠠᠨ ᠬᠡᠤᠬᠡᠨ ᠢᠶᠠᠨ ᠠᠯᠲᠠᠨ | ᠬᠠᠨ ᠢ ᠵᠦᠩᠭᠡ ᠡᠷᠭᠦᠵᠦ ᠬᠠᠲᠤᠨ ᠪᠣᠯᠭᠠᠵᠤ ᠦᠭᠴᠡᠢ᠃ ᠲᠡᠷᠡᠴᠢᠯᠡᠨ ᠠᠯᠲᠠᠨ ᠬᠠᠨ ᠪᠠᠰᠠ ᠦᠪᠡᠷ ᠤᠨ ᠦᠬᠢᠨ | ᠢᠶᠠᠨ ᠵᠢᠭᠡᠭᠡᠨ ᠠᠭ᠎ᠠ ᠶᠢᠨ ᠬᠦᠪᠡᠭᠦᠨ ᠭᠦᠯᠦᠭᠡᠴᠢ ᠲᠠᠶᠢᠱᠢ ᠳᠤ ᠪᠡᠷᠢ ᠪᠣᠯᠭᠠᠨ ᠪᠠᠭᠤᠯᠭᠠᠵᠤ ᠦᠭᠬᠦᠭᠡᠳ ᠬᠤᠶᠠᠷ | ᠡᠳᠡᠭᠡᠳ ᠡᠪᠰᠡᠭᠰᠡᠨ ᠪᠠᠶᠢᠨ᠎ᠠ᠃ | ᠡᠭᠦᠨ ᠤ ᠳᠠᠷᠠᠭ᠎ᠠ ᠠᠯᠲᠠᠨ ᠬᠠᠨ 1568 ᠣᠨ ᠳᠤ ᠲᠠᠬᠢᠨ ᠨᠢᠭᠡ ᠤᠳᠠᠭ᠎ᠠ ᠣᠶᠢᠷᠠᠳ ᠲᠤ ᠠᠶᠠᠯᠠᠵᠠᠢ᠃ | ᠡᠨᠡ ᠤᠳᠠᠭ᠎ᠠ ᠶᠢᠨ ᠲᠠᠶᠢᠨ ᠳᠤ ᠵᠦᠩᠭᠡᠨ ᠬᠠᠲᠤᠨ ᠢᠶᠠᠨ ᠳᠠᠭᠠᠭᠤᠯᠵᠤ ᠶᠠᠪᠤᠵᠠᠢ᠃ ᠵᠦᠩᠭᠡᠨ ᠬᠠᠲᠤᠨ ᠡᠨᠡ | ᠠᠶᠠᠨ ᠳᠤ ᠤᠤᠭᠠᠨ ᠬᠦᠦ ᠪᠤᠳᠠᠰᠢᠷᠢ ᠪᠠᠨ ᠲᠦᠷᠦᠭᠰᠡᠨ ᠪᠠᠶᠢᠨ᠎ᠡ᠃ ᠢᠩᠭᠢᠭᠡᠳ ᠠᠶᠠᠨ ᠤ ᠵᠠᠮ ᠳᠠᠭᠠᠨ | ᠮᠢᠯᠢᠶᠠᠭᠤᠳ ᠤᠨ ᠬᠤᠷᠢᠮ ᠬᠢᠵᠦ ᠬᠦᠦ ᠳᠡᠭᠡᠨ ᠪᠤᠳᠠᠰᠢᠷᠢ ᠭᠡᠰᠡᠨ ᠨᠡᠷ᠎ᠡ ᠦᠭᠭᠦᠭᠰᠡᠨ᠂ ᠮᠦᠨ ᠴᠦ ᠣᠶᠢᠷᠠᠳ | ᠲᠦᠮᠡᠨ ᠢ ᠪᠣᠳᠠᠰᠢᠷᠢ ᠳᠤ ᠦᠮᠴᠢᠯᠡᠭᠦᠯᠵᠦ ᠦᠭᠬᠦᠯ᠎ᠡ ᠭᠡᠳᠡᠭ᠃ ᠢᠩᠭᠢᠭᠡᠳ ᠵᠢᠬᠡᠭᠡᠨ ᠠᠭ᠎ᠠ ᠶᠢᠨ ᠬᠦᠦ ᠶᠢ | ᠴᠢᠩᠭᠢᠰ ᠤᠨ ᠵᠢᠷᠤᠮ ᠢᠶᠠᠷ ᠲᠠᠶᠢᠱᠢ ᠡᠷᠭᠦᠮᠵᠢᠯᠡᠵᠡᠢ᠃ ᠵᠦᠩᠭᠡᠨ ᠬᠠᠲᠤᠨ ᠤ ᠲᠦᠷᠬᠦᠮ ᠨᠢ ᠣᠶᠢᠷᠠᠳ ᠤᠴᠢᠷ ᠠᠴᠠ | ᠬᠦᠦ ᠳᠡᠭᠡᠨ ᠣᠶᠢᠷᠠᠳ ᠲᠦᠮᠡᠨ ᠢ ᠦᠮᠴᠢᠯᠡᠭᠦᠯᠵᠦ ᠦᠭᠬᠦᠭᠰᠡᠨ ᠪᠠᠶᠢᠬ᠎ᠠ᠃ | ᠵᠦᠩᠬᠡᠨ ᠬᠠᠲᠤᠨ ᠠᠯᠲᠠᠨ ᠬᠠᠨ ᠲᠠᠢ ᠪᠠᠷᠤᠭ ᠬᠤᠷᠢᠨ ᠬᠡᠳᠦᠨ ᠵᠢᠯ ᠬᠠᠮᠲᠤ ᠠᠮᠢᠳᠣᠷᠠᠭᠰᠠᠨ᠃ ᠠᠯᠲᠠᠨ | ᠬᠠᠨ 1582 ᠣᠨ ᠳᠤ ᠨᠠᠰᠤ ᠪᠠᠷᠠᠭᠰᠠᠨ᠂ ᠡᠨᠡ ᠦᠶ᠎ᠡ ᠬᠦᠷᠲᠡᠯ᠎ᠡ ᠠᠯᠲᠠᠨ ᠬᠠᠨ ᠤ ᠬᠠᠲᠤᠨ ᠪᠠᠶᠢᠭᠰᠠᠨ᠃ | | ᠲᠡᠭᠡᠭᠡᠪᠡᠯ ᠲᠤᠤᠷ᠎ᠠ ᠪᠢᠳᠡ ᠵᠦᠩᠭᠡᠨ ᠬᠠᠲᠤᠨ ᠠᠯᠲᠠᠨ ᠬᠠᠨ ᠢ ᠳᠠᠮᠵᠢᠵᠤ᠂ ᠤᠯᠤᠰ ᠲᠦᠷᠦ ᠪᠠ | ᠱᠠᠰᠢᠨ ᠤ ᠲᠠᠯ᠎ᠠ ᠪᠠᠷ ᠶᠠᠮᠠᠷ ᠦᠢᠯᠡ ᠠᠵᠢᠯᠯᠠᠭ᠎ᠠ ᠭᠦᠢᠴᠡᠳᠭᠡᠭᠰᠡᠨ ᠢ ᠬᠡᠯᠡᠯᠴᠡᠶᠠ᠃ | ᠵᠦᠩᠭᠡᠨ ᠬᠠᠲᠤᠨ ᠠᠯᠲᠠᠨ ᠬᠠᠨ ᠢ ᠲᠡᠮᠵᠢᠵᠦ ᠬᠤᠶᠠᠷ ᠶᠡᠭᠡ ᠠᠵᠢᠯ ᠬᠢᠵᠡᠢ᠃ ᠲᠦᠮᠡᠳ ᠲᠦᠮᠡᠨ ᠤ | ᠭᠤᠷᠪᠠᠨ ᠦᠶ᠎ᠡ ᠶᠢᠨ ᠬᠠᠭᠠᠳ ᠠᠯᠲᠠᠨ ᠬᠠᠨ᠂ ᠳᠦᠭᠦᠷᠡᠩ ᠰᠡᠩᠭᠡ ᠬᠠᠨ ᠪᠣᠯᠣᠨ ᠨᠠᠮᠤᠲᠠᠢ ᠴᠦᠷᠦᠭᠡ ᠰᠡᠴᠡᠨ | ᠬᠠᠨ ᠨᠠᠷ ᠬᠢᠲᠠᠳ ᠪᠣᠯᠣᠨ ᠲᠦᠪᠡᠳ ᠲᠠᠢ ᠬᠠᠷᠢᠴᠠᠵᠤ᠂ ᠡᠷᠳᠡᠨᠢ ᠡᠷᠢᠵᠦ ᠶᠠᠪᠤᠵᠠᠢ᠃ ᠡᠷᠳᠡᠨᠢ ᠡᠷᠢᠬᠦ ᠶᠠᠪᠤᠳᠠᠯ ᠳᠤ | ᠵᠦᠩᠭᠡᠨ ᠬᠠᠲᠤᠨ ᠪᠡᠶ᠎ᠡ ᠪᠠᠷ ᠢᠶᠠᠨ ᠣᠷᠣᠯᠴᠠᠵᠤ᠂ ᠴᠢᠬᠤᠯᠠ ᠦᠢᠯᠡᠳᠦᠯ ᠦᠵᠡᠭᠦᠯᠵᠦ ᠪᠠᠶᠢᠭᠰᠠᠨ᠃ ᠡᠨᠡ ᠬᠤᠶᠠᠷ | ᠲᠠᠯ᠎ᠠ ᠶᠢᠨ ᠤᠴᠢᠷ ᠨᠢ ᠵᠦᠩᠭᠡᠨ ᠬᠠᠲᠤᠨ ᠤ ᠨᠢᠭᠡ ᠨᠠᠰᠤᠨ ᠤ ᠠᠮᠢᠳᠣᠷᠠᠯ ᠲᠠᠢ ᠮᠠᠰᠢ ᠬᠤᠯᠪᠣᠭᠳᠠᠯᠳᠠᠢ᠃ | ᠨᠢᠭᠡ ᠳᠤ ᠮᠢᠩ ᠤᠯᠤᠰ ᠲᠠᠢ ᠠᠷᠠᠯᠵᠢᠶᠠᠨ ᠤ ᠬᠠᠷᠢᠴᠠᠭ᠎ᠠ ᠪᠠᠶᠢᠭᠤᠯᠵᠤ᠂ ᠡᠳ᠋ ᠡᠷᠳᠡᠨᠢᠰ ᠣᠷᠣᠭᠤᠯᠤᠭᠰᠠᠨ | ᠃ ᠡᠨᠡ ᠦᠶ᠎ᠡ ᠶᠢ ᠠᠯᠳᠠᠨ ᠬᠠᠨ ᠮᠢᠩ ᠤᠯᠤᠰ ᠲᠠᠢ ᠬᠤᠶᠠᠷ ᠶᠡᠭᠡ ᠤᠯᠤᠰ ᠲᠦᠷᠦ ᠶᠢᠨ ᠴᠣᠭᠴᠠ ᠶᠢᠨ | ᠬᠤᠪᠢ ᠪᠠᠷ ᠮᠢᠩ ᠤᠯᠤᠰ ᠤᠨ ᠲᠠᠯ᠎ᠠ ᠠᠴᠠ ᠨᠡᠩ ᠣᠯᠠᠨ ᠨᠡᠷ᠎ᠡ ᠱᠠᠩ ᠠᠪᠴᠤ᠂ ᠬᠤᠳᠠᠯᠳᠤᠭᠠᠨ ᠤ ᠵᠠᠬ᠎ᠠ ᠨᠡᠭᠡᠭᠡᠵᠦ | ᠂ ᠰᠠᠨᠠᠭᠰᠠᠨ ᠳᠤᠷᠠᠲᠠᠢ ᠪᠠᠨ ᠪᠦᠷ ᠣᠯᠵᠣ ᠠᠪᠤᠯ᠎ᠠ ᠭᠡᠳᠡᠭ᠃ ᠮᠤᠩᠭᠤᠯᠴᠤᠳ ᠲᠣᠬᠠᠢ ᠶᠢᠨ ᠦᠶ᠎ᠡ ᠳᠤ ᠬᠢᠲᠠᠳ | ᠣᠷᠣᠨ ᠲᠠᠢ ᠮᠠᠶᠢᠮᠠᠢ ᠬᠢᠭᠡᠳ ᠣᠯᠠᠨ ᠲᠠᠩᠰᠤᠭ ᠪᠠᠶᠠᠯᠢᠭ ᠢ ᠣᠯᠵᠣ ᠠᠪᠳᠠᠭ ᠠᠴᠠ ᠬᠢᠲᠠᠳ ᠠᠴᠠ ᠡᠷᠳᠡᠨᠢ ᠣᠯᠣᠯ᠎ᠠ | ᠭᠡᠵᠦ᠂ ᠡᠳ᠋ ᠡᠷᠳᠡᠨᠢᠰ ᠦᠢᠯᠡᠳᠴᠦ ᠴᠢᠳᠠᠳᠠᠭ ᠢᠶᠠᠷ ᠨᠢ ᠬᠢᠲᠠᠳ ᠢ ᠤᠷᠠᠨ ᠤᠯᠠᠭᠠᠨ ᠬᠢᠲᠠᠳ ᠭᠡᠳᠡᠭ᠃ ᠡᠭᠦᠨ ᠤ | ᠲᠦᠯᠦᠭᠡ ᠠᠯᠲᠠᠨ ᠬᠠᠨ ᠳᠦᠴᠢᠨ ᠵᠢᠯ ᠤᠨ ᠴᠢᠷᠮᠠᠶᠢᠯᠭ᠎ᠠ ᠭᠠᠷᠭᠠᠭᠰᠠᠨ᠂ ᠠᠯᠲᠠᠨ ᠬᠠᠨ ᠤ ᠡᠨᠡ ᠠᠵᠢᠯᠯᠠᠭ᠎ᠠ ᠳᠤ | ᠵᠦᠩᠭᠡᠨ ᠬᠠᠲᠤᠨ ᠶᠡᠭᠡ ᠦᠢᠯᠡᠳᠦᠯ ᠦᠵᠡᠭᠦᠯᠵᠡᠢ᠃ | ᠮᠤᠩᠭᠤᠯ ᠤᠨ ᠬᠠᠭᠠᠨᠲᠦ ᠲᠦᠷᠦ1368 ᠣᠨ ᠳᠤ ᠬᠢᠲᠠᠳ ᠣᠷᠣᠨ ᠳᠠᠬᠢ ᠨᠣᠶᠠᠷᠬᠠᠯ ᠢᠶᠠᠨ ᠠᠯᠳᠠᠵᠤ᠂ | ᠬᠢᠲᠠᠳ ᠣᠷᠣᠨ ᠠᠴᠠ ᠤᠬᠤᠷᠢᠵᠤ ᠭᠠᠷᠤᠭᠰᠠᠨ ᠤ ᠰᠡᠭᠦᠯᠡᠷ ᠮᠢᠩ ᠤᠯᠤᠰ ᠲᠠᠢ ᠲᠠᠶᠢᠨ ᠪᠠᠶᠢᠯᠳᠤᠭᠠᠨ ᠤ | ᠬᠠᠷᠢᠴᠠᠭ᠎ᠠ ᠲᠠᠢ ᠪᠠᠶᠢᠭᠰᠠᠨ᠂ ᠬᠤᠳᠠᠯᠳᠤᠭ᠎ᠠ ᠠᠷᠠᠯᠵᠢᠶ᠎ᠠ ᠳᠡᠮᠡᠢ ᠰᠠᠶᠢᠨ ᠶᠠᠪᠤᠭᠳᠠᠵᠤ ᠲᠡᠶᠢᠯᠬᠦ ᠦᠭᠡᠢ ᠪᠠᠶᠢᠵᠠᠢ᠃ | | ᠰᠡᠭᠦᠯᠡᠷ ᠨᠢ ᠳᠠᠶᠠᠨ ᠬᠠᠭᠠᠨ ᠤ ᠦᠶ᠎ᠡ ᠳᠤ ᠡᠯᠴᠢᠨ ᠬᠠᠷᠢᠯᠴᠠᠭ᠎ᠠ᠂ ᠠᠷᠠᠯᠵᠢᠶ᠎ᠠ ᠬᠤᠳᠠᠯᠳᠤᠭ᠎ᠠ ᠪᠠᠷᠤᠭ | ᠳᠠᠰᠣᠷᠠᠬᠤ ᠰᠢᠬᠠᠭᠤ ᠪᠣᠯᠣᠭᠰᠠᠨ᠃ ᠳᠠᠶᠠᠨ ᠬᠠᠭᠠᠨ ᠤ ᠰᠡᠭᠦᠯᠡᠷ ᠴᠦ ᠡᠶᠢᠮᠦᠷᠭᠦᠦ ᠪᠠᠶᠢᠳᠠᠯ ᠦᠷᠭᠦᠯᠵᠢᠯᠡᠭᠰᠡᠭᠡᠷ | ᠪᠠᠶᠢᠭᠰᠠᠨ᠃ ᠮᠤᠩᠭᠤᠯᠴᠤᠳ ᠳᠠᠩ ᠴᠣᠯᠭᠤᠢ ᠮᠠᠯ ᠠᠵᠤ ᠠᠬᠤᠢ ᠶᠢᠨ ᠠᠮᠢᠳᠤᠷᠠᠯ ᠬᠢᠳᠡᠭ ᠤᠴᠢᠷ ᠠᠴᠠ ᠬᠢᠲᠠᠳ | ᠣᠷᠣᠨ ᠲᠠᠢ ᠶᠡᠭᠡ ᠣᠯᠠᠨ ᠠᠷᠠᠯᠵᠢᠶ᠎ᠠ ᠬᠤᠳᠠᠯᠳᠤᠭ᠎ᠠ ᠬᠢᠬᠦ ᠱᠠᠭᠠᠷᠳᠠᠯᠭ᠎ᠠ ᠲᠠᠢ ᠪᠠᠶᠢᠳᠠᠭ᠃ ᠵᠢᠱᠢᠶᠡᠯᠡᠪᠡᠯ ᠲᠣᠷᠭ᠎ᠠ | ᠳᠤᠷᠳᠤᠩ᠂ ᠲᠡᠮᠦᠷᠯᠢᠭ ᠪᠦᠲᠦᠭᠡᠭᠳᠡᠭᠦᠨ ᠪᠠ ᠴᠠᠢ ᠵᠡᠷᠭᠡ ᠭᠠᠳᠠᠨ᠎ᠠ ᠠᠴᠠ ᠣᠷᠣᠭᠤᠯᠬᠤ ᠴᠢᠬᠤᠯᠠᠲᠠᠢ | ᠦᠢᠯᠡᠳᠪᠦᠷᠢᠯᠡᠯ ᠠᠮᠢᠳᠤᠷᠠᠯ ᠤᠨ ᠴᠢᠬᠤᠯᠠ ᠬᠡᠷᠡᠭᠴᠡᠭᠡᠲᠡᠢ ᠵᠦᠢᠯ᠃ | ᠡᠨᠡ ᠮᠠᠶ᠋ᠢᠭ ᠤᠨ ᠬᠠᠷᠢᠴᠠᠭ᠎ᠠ ᠭᠠᠭᠴᠠ ᠮᠤᠩᠭᠤᠯᠴᠤᠳ ᠲᠤ ᠪᠢᠰᠢ᠂ ᠮᠤᠩᠭᠤᠯᠴᠤᠳ ᠠᠴᠠ ᠡᠮᠦᠨ᠎ᠡ ᠡᠨᠡ | ᠨᠤᠲᠤᠭ ᠤᠨ ᠡᠵᠡᠨ ᠪᠠᠶᠢᠭᠰᠠᠨ ᠪᠤᠰᠤᠳ ᠨᠡᠭᠦᠳᠡᠯᠴᠢᠨ ᠠᠶᠢᠮᠠᠭ ᠤᠳ ᠴᠦ ᠡᠶᠢᠮᠦ ᠮᠠᠶ᠋ᠢᠭ ᠤᠨ ᠬᠠᠷᠢᠯᠴᠠᠭ᠎ᠠ ᠬᠢᠬᠦ | ᠱᠠᠭᠠᠷᠳᠠᠯᠭ᠎ᠠ ᠲᠠᠢ ᠪᠠᠶᠢᠭᠰᠠᠨ᠃ ᠲᠡᠭᠡᠪᠡᠯ ᠳᠠᠶᠠᠨ ᠬᠠᠭᠠᠨ ᠤ ᠦᠶ᠎ᠡ ᠳᠤ ᠡᠶᠢᠮᠦ ᠠᠷᠠᠯᠵᠢᠶ᠎ᠠ ᠬᠤᠳᠠᠯᠳᠤᠭ᠎ᠠ | ᠳᠠᠰᠣᠷᠠᠭᠰᠠᠨ ᠪᠠᠶᠢᠳᠠᠯ ᠢ ᠡᠴᠦᠰᠯᠠᠭᠦᠯᠵᠦ᠂ ᠬᠢᠲᠠᠳ ᠲᠠᠢ ᠠᠷᠠᠯᠵᠢᠶ᠎ᠠ ᠬᠢᠬᠦ ᠶᠢᠨ ᠲᠦᠯᠦᠭᠡ ᠠᠯᠲᠠᠨ ᠬᠠᠨ ᠠᠷᠪᠠᠨ | ᠵᠢᠷᠭᠤᠳᠤᠭᠠᠷ ᠵᠠᠭᠤᠨ ᠤ ᠭᠤᠴᠢᠭᠠᠳ ᠣᠨ ᠠᠴᠠ ᠳᠠᠯᠠᠭᠠᠳ ᠣᠨ ᠬᠦᠷᠲᠡᠯ᠎ᠡ ᠳᠦᠴᠢ ᠭᠠᠷᠤᠢ ᠵᠢᠯ ᠴᠢᠷᠮᠠᠶᠢᠵᠤ᠂ | ᠡᠴᠦᠰ ᠲᠡᠭᠡᠨ ᠵᠣᠷᠢᠯᠭ᠎ᠠ ᠳᠠᠭᠠᠨ ᠬᠦᠷᠦᠭᠰᠡᠨ᠃ | ᠲᠡᠭᠡᠪᠡᠯ ᠡᠨᠡ ᠬᠠᠷᠢᠯᠴᠠᠭᠠᠨ ᠳᠤ ᠠᠯᠳᠠᠨ ᠬᠠᠨ ᠤ ᠲᠠᠯ᠎ᠠ ᠨᠢ ᠮᠢᠩ ᠤᠯᠤᠰ ᠲᠠᠢ ᠠᠷᠠᠯᠵᠢᠶ᠎ᠠ ᠬᠢᠶ᠎ᠡ ᠭᠡᠵᠦ | ᠱᠠᠭᠠᠷᠳᠠᠬᠤ ᠳᠤ ᠮᠢᠩ ᠤᠯᠤᠰ ᠤᠨ ᠲᠠᠯ᠎ᠠ ᠶᠢᠨ ᠬᠢᠨᠢ ᠡᠨᠡ ᠱᠠᠭᠠᠷᠳᠠᠯᠭ᠎ᠠ ᠶᠢ ᠵᠦᠪᠰᠢᠶᠡᠷᠡᠬᠦ ᠦᠭᠡᠢ ᠠᠴᠠ ᠪᠣᠯᠵᠤ | ᠬᠤᠭᠤᠷᠤᠨᠳᠤ ᠪᠠᠨ ᠳᠠᠶᠢᠰᠤᠩᠨᠠᠵᠤ᠂ ᠤᠷᠲᠤ ᠬᠤᠭᠤᠴᠠᠭ᠎ᠠ ᠪᠠᠶᠢᠯᠳᠤᠵᠤ ᠪᠠᠶᠢᠭᠰᠠᠨ᠃ | 1550ᠣᠨ ᠤ ᠦᠶ᠎ᠡ ᠳᠤ ᠠᠯᠲᠠᠨ ᠬᠠᠨ ᠤ ᠴᠡᠷᠢᠭ ᠳ᠋ᠠᠲ᠋ᠦ᠋ᠩ ᠤᠨ ᠬᠢᠯᠢ ᠪᠠᠷ ᠣᠷᠣᠵᠤ᠂ ᠳᠠᠬᠢᠨ | ᠵᠡᠭᠦᠨᠰᠢ ᠶᠠᠪᠤᠭᠠᠳ ᠮᠣᠯᠳᠤᠰᠢ ᠶᠢᠨ ᠬᠠᠭᠠᠯᠭ᠎ᠠ ᠪᠠᠷ ᠡᠮᠦᠨᠡᠰᠢ ᠣᠷᠣᠵᠤ᠂ ᠪᠡᠭᠡᠵᠢᠩ ᠤᠨ ᠠᠨ ᠳ᠋ᠢᠩ ᠮᠧᠨ | ᠬᠠᠭᠠᠯᠭ᠎ᠠ ᠪᠠᠷ ᠣᠷᠣᠵᠤ ᠰᠦᠷᠲᠡᠭᠦᠯᠦᠭᠰᠡᠨ ᠠᠴᠠ ᠮᠠᠶᠢᠮᠠᠢ ᠬᠢᠵᠦ ᠡᠬᠢᠯᠡᠭᠰᠡᠨ᠂ ᠭᠡᠪᠡᠴᠦ ᠨᠢᠭᠡ ᠯᠠ ᠵᠢᠯ ᠬᠢᠭᠡᠳ | ᠪᠦᠳᠦᠭᠡᠭᠰᠡᠨ ᠦᠭᠡᠢ ᠲᠠᠬᠢᠨ ᠬᠠᠭᠠᠭᠳᠠᠭᠰᠠᠨ᠃ ᠬᠠᠮᠤᠭ ᠤᠨ ᠰᠡᠭᠦᠯ ᠳᠤᠨᠢ1571 ᠣᠨ ᠬᠦᠷᠦᠭᠡᠳ ᠳᠠᠶᠢᠴᠢᠩ | ᠡᠵᠡᠢ ᠶᠢᠨ ᠤᠴᠠᠷᠠᠯ ᠢᠶᠠᠷ ᠰᠠᠶ᠋ᠢ ᠠᠷᠠᠯᠵᠢᠶ᠎ᠠ ᠬᠤᠳᠠᠯᠳᠤᠭᠠᠨ ᠤ ᠬᠠᠷᠢᠴᠠᠭ᠎ᠠ ᠳᠣᠭᠲᠠᠭᠰᠠᠨ᠃ | ᠳᠠᠶᠢᠴᠢᠩ ᠡᠵᠡᠢ ᠭᠡᠵᠦ ᠠᠯᠲᠠᠨ ᠬᠠᠨ ᠤ ᠠᠴᠢ ᠬᠦᠦ ᠪᠠᠨᠬᠠᠨᠠᠵᠠᠢ ᠶᠢ ᠬᠡᠯᠡᠵᠦ ᠪᠤᠢ᠃ ᠪᠠᠨᠬᠠᠨᠠᠵᠠᠢ | ᠲᠦᠴᠢᠵᠢᠨ ᠦᠬᠢᠨ ᠢ ᠡᠬᠡᠨᠡᠷ ᠪᠣᠯᠭᠠᠨ ᠠᠪᠤᠭᠰᠠᠨ ᠪᠠᠶᠢᠵᠠᠢ᠃ ᠠᠯᠲᠠᠨ ᠬᠠᠨ ᠵᠢᠭᠡ ᠦᠬᠢᠨ ᠢᠶᠠᠨ ᠣᠷᠳᠤᠰ ᠲᠤ | ᠪᠠᠭᠤᠯᠭᠠᠨ ᠦᠭᠬᠦᠭᠰᠡᠨ ᠪᠣᠯᠪᠠᠴᠤ ᠬᠤᠵᠢᠮ ᠨᠢ ᠬᠠᠷᠢᠨ ᠬᠦᠴᠦ ᠪᠠᠷ ᠪᠤᠯᠢᠶᠠᠨ ᠠᠪᠴᠢᠷᠠᠭᠰᠠᠨ ᠪᠠᠶᠢᠯ᠎ᠠ᠃ | ᠢᠩᠭᠢᠭᠡᠳ ᠣᠷᠳᠤᠰ ᠬᠢᠯᠢᠩᠨᠡᠨ ᠠᠯᠲᠠᠨ ᠬᠠᠨ ᠢ ᠳᠣᠪᠲᠤᠯᠤᠭᠰᠠᠨ ᠢ ᠠᠯᠲᠠᠨ ᠬᠠᠨ ᠪᠠᠨᠬᠠᠨᠠᠵᠠᠢ ᠶᠢᠨ ᠭᠡᠷᠭᠡᠢ | ᠲᠦᠴᠢᠵᠢᠨ ᠢ ᠣᠷᠳᠤᠰ ᠲᠤ ᠦᠭᠴᠡᠢ᠃ ᠡᠨᠡ ᠤᠴᠢᠷ ᠲᠤ ᠪᠠᠨᠬᠠᠨᠠᠵᠠᠢ ᠠᠭᠤᠷᠯᠠᠨ ᠮᠢᠩ ᠤᠯᠤᠰ ᠲᠤ ᠤᠷᠪᠠᠵᠤ | ᠣᠴᠢᠵᠠᠢ᠃ | 《ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ》 ᠳᠤ ᠮᠢᠩ ᠤᠯᠤᠰ ᠤᠨ ᠵᠠᠰᠠᠭ ᠤᠨ ᠭᠠᠵᠠᠷ ᠠᠯᠲᠠᠨ | ᠬᠠᠨ ᠳᠤ ᠡᠯᠴᠢ ᠵᠠᠷᠤᠵᠤ《 ᠡᠷᠬᠡᠳᠦ ᠪᠤᠭᠳᠠ ᠭᠡᠭᠡᠨ ᠬᠠᠭᠠᠨ ᠠᠶᠢᠯᠠᠳᠬᠠᠨ ᠰᠣᠶᠣᠷᠬᠠᠮᠤ᠂ ᠡᠨᠡ ᠬᠤᠲᠠ ᠶᠢ | ᠬᠤᠷᠢᠶᠠᠵᠤ ᠠᠪᠬᠤ ᠪᠠᠨ ᠲᠦᠷᠭᠡᠨ ᠳᠣᠭᠲᠠᠮᠤ᠂ ᠡᠷᠬᠡ ᠬᠦᠦ ᠶᠢ ᠴᠢᠨᠢ ᠦᠭᠬᠦᠭᠡᠳ ᠨᠠᠶᠢᠷᠠᠮᠳᠤᠵᠤ ᠡᠩᠬᠡᠵᠢᠵᠤ | ᠬᠢᠲᠠᠳ ᠮᠤᠩᠭᠤᠯ ᠤᠨ ᠲᠦᠷᠦ ᠵᠣᠬᠢᠴᠠ ᠢᠷ᠎ᠡ ᠰᠠᠩ ᠭᠠᠷᠭᠠᠶ᠎ᠠ》ᠭᠡᠮᠡᠨ ᠬᠡᠯᠡᠭᠦᠯᠦᠭᠰᠡᠨ ᠨᠢ ᠭᠡᠵᠦ ᠲᠡᠮᠳᠡᠭᠯᠡᠵᠦ | ᠪᠠᠶᠢᠳᠠᠭ ᠨᠢ ᠬᠢᠲᠠᠳ ᠰᠤᠳᠤᠷ ᠪᠢᠴᠢᠭ ᠤᠨ ᠲᠡᠮᠳᠡᠭᠯᠡᠯ ᠲᠠᠢ ᠠᠳᠠᠯᠢ ᠪᠠᠶᠢᠨ᠎ᠠ᠃ | ᠠᠷᠠᠯᠵᠢᠶ᠎ᠠ ᠶᠢᠨ ᠬᠠᠷᠢᠴᠠᠭ᠎ᠠ ᠶᠢᠨ ᠠᠭᠤᠯᠭ᠎ᠠ ᠨᠢ ᠬᠡᠳᠦᠨ ᠲᠠᠯ᠎ᠠ ᠲᠠᠢ᠃ | ᠨᠢᠭᠡ ᠳᠤ᠂ ᠡᠷᠭᠦᠮᠵᠢ ᠣᠯᠭᠤᠭᠰᠠᠨ᠃ ᠮᠢᠩ ᠤᠯᠤᠰ ᠤᠨ ᠲᠠᠯ᠎ᠠ ᠠᠴᠠ ᠪᠠᠷᠠᠭᠤᠨ ᠭᠤᠷᠪᠠᠨ ᠲᠦᠮᠡᠨ ᠤ | ᠳᠣᠲᠣᠷᠠᠬᠢ ᠬᠠᠮᠤᠭ ᠤᠨ ᠬᠦᠴᠦ ᠨᠦᠯᠦᠭᠡ ᠶᠡᠬᠡᠲᠡᠢ ᠠᠯᠲᠠᠨ ᠬᠠᠨ ᠳᠤ ᠱᠦᠨ ᠢ ᠸᠠᠩ ︵ᠰᠢᠳᠤᠷᠭᠤ ᠸᠠᠩ︶ | ᠭᠡᠰᠡᠨ ᠴᠣᠯᠠ ᠣᠯᠭᠤᠭᠰᠠᠨ᠂ ᠮᠤᠩᠭᠤᠯᠴᠤᠳ ᠲᠡᠷᠡ ᠦᠶ᠎ᠡ ᠳᠤ ᠰᠦᠢ ᠸᠠᠩ ᠭᠡᠳᠡᠭ᠃ ᠣᠷᠳᠤᠰ ᠤᠨ | ᠲᠦᠷᠦᠭᠦᠴᠦᠦᠯ ᠪᠣᠶᠣ ᠶᠦᠩᠰᠢᠶᠠᠪᠤ ᠶᠢᠨ ᠲᠦᠷᠦᠭᠦᠴᠦᠳ ᠲᠤ ᠳ᠋ᠦᠳᠦ᠋ ᠪᠣᠶᠣ ᠵᠠᠩᠵᠤᠨ ᠭᠡᠬᠦ ᠶᠠᠩᠵᠤ ᠪᠦᠷᠢ ᠶᠢᠨ | ᠴᠣᠯᠠ ᠣᠯᠭᠤᠭᠰᠠᠨ᠂ ᠡᠨᠡ ᠴᠤᠯᠠ ᠶᠢ ᠣᠯᠣᠭᠰᠠᠨ ᠬᠦᠮᠦᠰ ᠵᠠᠪᠠᠯ ᠠᠯᠪᠠ ᠪᠠᠷᠢᠨ᠎ᠠ᠂ ᠳᠠᠷᠤᠢ ᠲᠡᠷᠡ ᠦᠶ᠎ᠡ ᠳᠤ | ᠠᠷᠠᠯᠵᠢᠶ᠎ᠠ ᠬᠢᠬᠦ ᠡᠷᠬᠡ ᠣᠯᠭᠤᠨ᠎ᠠ ᠭᠡᠰᠡᠨ ᠦᠭᠡ᠃ | ᠬᠤᠶᠠᠷ ᠲᠤ᠂ ᠵᠠᠬ᠎ᠠ ᠳᠠᠭᠠᠤ ᠣᠷᠣᠨ ᠳᠤ ᠠᠷᠠᠯᠵᠢᠶ᠎ᠠ ᠮᠠᠶᠢᠮᠠᠢ ᠶᠢᠨ ᠭᠠᠵᠠᠷ ᠭᠠᠷᠭᠠᠭᠰᠠᠨ᠃ ᠮᠢᠩ | ᠤᠯᠤᠰ ᠤᠨ ᠦᠶ᠎ᠡ ᠳᠤ ᠶᠢᠰᠦᠨ ᠪᠠᠯᠭᠠᠰᠤ ᠭᠡᠵᠦ ᠪᠠᠶᠢᠭᠰᠠᠨ᠂ ᠪᠠᠰᠠ ᠶᠢᠰᠦᠨ ᠬᠢᠵᠠᠭᠠᠷ ᠭᠡᠳᠡᠭ᠃ ᠬᠠᠮᠤᠭ ᠤᠨ | ᠵᠡᠭᠦᠨ ᠬᠢᠵᠠᠭᠠᠷ ᠨᠢ ᠯᠢᠶᠤᠤᠳᠦ᠋ᠩ ᠬᠢᠵᠠᠭᠠᠷ᠂ ᠵᠢᠵᠸᠣ ᠬᠢᠵᠠᠭᠠᠷ᠂ ᠪᠠᠷᠠᠭᠤᠨᠰᠢ ᠪᠣᠯ ᠰᠢᠤᠸᠠᠹᠤ᠂ ᠳ᠋ᠠᠲ᠋ᠦ᠋ᠩ᠂ ᠱᠠᠨᠰᠢ | ᠂ ᠶᠠᠨ ᠰᠦᠢ᠂ ᠨᠢᠩᠰᠢᠶᠠ᠂ ᠭᠦᠢᠶᠤᠸᠠᠨ᠂ ᠭᠠᠨᠰᠤ ᠵᠡᠷᠭᠡ ᠬᠢᠵᠠᠭᠠᠷ ᠪᠠᠶᠢᠭᠰᠠᠨ᠃ | 1571ᠣᠨ ᠳᠤ ᠯᠦᠩ ᠴᠢᠩ ᠤᠨ ᠬᠡᠯᠡᠯᠴᠡᠭᠡᠷ ᠳᠣᠭᠲᠠᠭᠰᠠᠨ ᠤ ᠰᠡᠭᠦᠯᠡᠷ ᠳᠣᠯᠣᠭᠠᠨ ᠪᠠᠯᠭᠠᠰᠤᠨ ᠤ | ᠳᠠᠭᠠᠤ ᠪᠠᠷᠤᠭ ᠬᠡᠳᠦᠨ ᠠᠷᠪᠠᠨ ᠵᠠᠬ᠎ᠠ ᠭᠠᠷᠭᠠᠵᠤ᠂ ᠮᠤᠩᠭᠤᠯ ᠬᠢᠲᠠᠳ ᠤᠨ ᠬᠤᠭᠤᠷᠤᠨᠳᠤ ᠠᠷᠠᠯᠵᠢᠶ᠎ᠠ ᠨᠡᠪᠲᠡᠷᠡᠬᠦ | ᠪᠣᠯᠣᠭᠰᠠᠨ ᠪᠠᠶᠢᠨ᠎ᠠ᠃ ᠴᠢᠩᠭᠢᠪᠡᠯ ᠡᠨᠡ ᠮᠠᠶ᠋ᠢᠭ ᠤᠨ ᠠᠷᠠᠯᠵᠢᠶ᠎ᠠ ᠨᠡᠪᠲᠡᠷᠡᠭᠰᠡᠨ ᠤᠴᠢᠷ ᠢ ᠬᠢᠲᠠᠳ ᠰᠣᠷᠪᠤᠯᠵᠢ | ᠪᠢᠴᠢᠭ ᠲᠤ ᠪᠦᠷ ᠵᠦᠩᠬᠡᠨ ᠬᠠᠲᠤᠨ ᠤ ᠭᠠᠪᠢᠶ᠎ᠠ᠂ ᠵᠦᠩᠬᠡᠨ ᠬᠠᠲᠤᠨ ᠤ ᠰᠠᠨᠠᠭ᠎ᠠ ᠪᠠᠷ ᠬᠢᠭᠰᠡᠨ ᠭᠡᠵᠦ ᠲᠡᠮᠳᠡᠭᠯᠡᠵᠦ | ᠪᠤᠢ᠃ ᠠᠯᠲᠠᠨ ᠬᠠᠨ ᠶᠡᠭᠡ ᠪᠠᠭ᠎ᠠ ᠤᠴᠢᠷ ᠢ ᠪᠦᠷ ᠵᠦᠩᠭᠡᠨ ᠬᠠᠲᠤᠨ ᠲᠠᠢ ᠪᠠᠨ ᠵᠦᠪᠯᠡᠵᠦ ᠪᠠᠶᠢᠭᠰᠠᠨ ᠭᠡᠳᠡᠭ᠃ | | ᠠᠯᠲᠠᠨ ᠬᠠᠨ ᠨᠠᠰᠤ ᠨᠦᠭᠴᠢᠭᠰᠡᠨ ᠤ ᠰᠡᠭᠦᠯᠡᠷ ᠵᠦᠩᠭᠡᠨ ᠬᠠᠲᠤᠨ ᠤᠯᠤᠰ ᠭᠡᠷ ᠤᠨ ᠶᠡᠭᠡ ᠡᠷᠬᠡ ᠶᠢ | ᠪᠠᠷᠢᠵᠤ ᠂ ᠠᠯᠲᠠᠨ ᠬᠠᠨ ᠤ ᠨᠡᠭᠡᠭᠡᠭᠰᠡᠨ ᠦᠢᠯᠡᠰ ᠢ ᠵᠠᠯᠭᠠᠮᠵᠢᠯᠠᠨ ᠠᠪᠴᠠᠢ᠃ ᠰᠡᠩᠭᠡ ᠳᠦᠭᠦᠷᠡᠩ ᠬᠤᠩ ᠲᠠᠶᠢᠵᠢ᠂ | ᠨᠠᠮᠤᠲᠠᠢ ᠴᠦᠷᠦᠭᠡ ᠶᠢᠨ ᠦᠶ᠎ᠡ ᠳᠤ ᠮᠢᠩ ᠤᠯᠤᠰ ᠲᠠᠢ ᠠᠷᠠᠯᠵᠢᠶ᠎ᠠ ᠨᠡᠪᠲᠡᠷᠡᠨ᠂ ᠪᠢᠴᠢᠭ ᠶᠠᠪᠤᠭᠤᠯᠬᠤ ᠳᠠᠭᠠᠨ | ᠴᠦᠷᠦᠭᠡ ᠶᠢᠨ ᠨᠡᠷ᠎ᠡ ᠶᠢ ᠵᠦᠩᠭᠡᠨ ᠬᠠᠲᠤᠨ ᠤ ᠨᠡᠷ᠎ᠡ ᠲᠠᠢ ᠵᠡᠷᠭᠡᠴᠡᠭᠦᠯᠦᠨ ᠪᠢᠴᠢᠳᠡᠭ ᠪᠠᠶᠢᠭᠰᠠᠨ᠃ ᠬᠢᠲᠠᠳ ᠲᠠᠢ | ᠬᠠᠷᠢᠯᠴᠠᠵᠤ ᠡᠷᠳᠡᠨᠢᠰ ᠣᠯᠬᠤ ᠳᠤ ᠵᠦᠩᠭᠡᠨ ᠬᠠᠲᠤᠨ ᠮᠠᠰᠢ ᠶᠡᠭᠡ ᠡᠭᠦᠷᠬᠡ ᠬᠦᠢᠴᠡᠳᠭᠡᠵᠦ ᠪᠠᠶᠢᠭᠰᠠᠨ ᠪᠠᠶᠢᠵᠠᠢ᠃ | ᠡᠨᠡ ᠪᠣᠯ ᠵᠦᠩᠬᠡᠨ ᠬᠠᠲᠤᠨ ᠤ ᠬᠢᠭᠰᠡᠨ ᠨᠢᠭᠡ ᠶᠡᠭᠡ ᠠᠵᠢᠯ᠃ | ᠨᠦᠭᠦᠭᠡ ᠨᠢ ᠲᠦᠪᠡᠳ ᠲᠠᠢ ᠬᠠᠷᠢᠯᠴᠠᠵᠤ᠂ ᠭᠤᠷᠪᠠᠨ ᠡᠷᠳᠡᠨᠢ ᠶᠢ ᠵᠠᠯᠠᠭᠰᠠᠨ᠃ ᠭᠤᠷᠪᠠᠨ ᠡᠷᠳᠡᠨᠢ ᠭᠡᠳᠡᠭ | ᠪᠣᠯ ᠪᠤᠷᠬᠠᠨ᠂ ᠨᠣᠮ᠂ ᠬᠤᠸᠠᠷᠠᠭ ᠢ ᠬᠡᠯᠡᠨ᠎ᠡ᠃ ᠲᠦᠪᠡᠳ ᠲᠠᠢ ᠬᠠᠷᠢᠯᠴᠠᠵᠤ᠂ ᠪᠤᠷᠬᠠᠨ ᠱᠠᠰᠢᠨ | ᠳᠡᠯᠭᠡᠷᠡᠭᠦᠯᠦᠭᠰᠡᠨ ᠶᠠᠪᠤᠳᠠᠯ ᠳᠤ ᠵᠦᠩᠭᠡᠨ ᠬᠠᠲᠤᠨ ᠮᠦᠨ ᠴᠢᠬᠤᠯᠠ ᠡᠭᠦᠷᠭᠡ ᠬᠦᠢᠴᠡᠳᠭᠡᠵᠡᠢ᠃ | ᠠᠯᠲᠠᠨ ᠬᠠᠨ ᠮᠢᠩ ᠤᠯᠤᠰ ᠲᠠᠢ ᠨᠠᠶᠢᠷᠠᠮᠳᠠᠵᠤ᠂ ᠠᠷᠠᠯᠵᠢᠶ᠎ᠠ ᠮᠠᠶᠢᠮᠠᠢ ᠶᠢᠨ ᠬᠠᠷᠢᠴᠠᠭ᠎ᠠ | ᠪᠠᠶᠢᠭᠤᠯᠤᠭᠰᠠᠨ ᠤ ᠰᠡᠭᠦᠯᠡᠷ ᠳᠠᠷᠠᠭᠠᠴᠢ ᠶᠢᠨ ᠰᠠᠨᠠᠵᠤ ᠪᠣᠳᠤᠵᠤ ᠪᠠᠶᠢᠭᠰᠠᠨ ᠠᠵᠢᠯ ᠨᠢ ᠪᠣᠯ ᠲᠦᠪᠡᠳ ᠲᠠᠢ | ᠬᠠᠷᠢᠴᠠᠵᠤ᠂ ᠪᠤᠷᠬᠠᠨ ᠱᠠᠰᠢᠨ ᠢ ᠣᠷᠣᠭᠤᠯᠬᠤ ᠶᠠᠪᠤᠳᠠᠯ ᠪᠠᠶᠢᠵᠠᠢ᠃ ᠶᠠᠭᠤᠨ ᠳᠤ ᠪᠤᠷᠬᠠᠨ ᠱᠠᠰᠢᠨ ᠢ ᠣᠷᠣᠭᠤᠯᠬᠤ | ᠭᠡᠰᠡᠨ ᠪᠣᠢ ᠭᠡᠪᠡᠯ ᠲᠡᠤᠬᠡ ᠶᠢᠨ ᠪᠢᠴᠢᠭ ᠲᠤ ᠲᠡᠮᠳᠡᠭᠯᠡᠭᠰᠡᠨ ᠢᠶᠠᠷ ᠬᠤᠪᠢᠯᠠᠢ ᠬᠠᠭᠠᠨ ᠤ ᠦᠶ᠎ᠡ ᠠᠴᠠ ᠫᠠᠭᠪᠠ ᠯᠠᠮᠠ | ᠲᠠᠢ ᠠᠭᠤᠯᠵᠠᠵᠤ᠂ ᠲᠦᠷᠦ ᠱᠠᠰᠢᠨ ᠢ ᠬᠤᠣᠰᠯᠠᠭᠤᠯᠤᠭᠰᠠᠨ ᠲᠦᠷᠦ ᠶᠢᠨ ᠪᠣᠳᠣᠯᠭ᠎ᠠ ᠶᠢ ᠭᠡᠷᠡᠭᠵᠢᠭᠦᠯᠵᠦ ᠪᠠᠶᠢᠭᠰᠠᠨ᠂ | ᠡᠨᠡ ᠨᠢ ᠲᠣᠭᠤᠨᠲᠡᠮᠦᠷ ᠬᠠᠭᠠᠨ ᠢᠯᠠᠭᠳᠠᠵᠤ ᠬᠤᠶᠢᠰᠢ ᠤᠬᠤᠷᠢᠭᠰᠠᠨ ᠤ ᠰᠡᠭᠦᠯᠡᠷ ᠠᠯᠠᠭ᠎ᠠ ᠪᠣᠯᠣᠭᠰᠠᠨ᠃ | ᠢᠩᠭᠢᠭᠡᠳ ᠬᠤᠶᠠᠷ ᠵᠠᠭᠤ ᠰᠢᠬᠠᠮ ᠵᠢᠯ ᠳᠠᠰᠤᠷᠠᠭᠰᠠᠨ ᠱᠠᠰᠢᠨ ᠢ ᠵᠠᠯᠭᠠᠵᠤ ᠡᠪᠳᠡᠷᠡᠭᠰᠡᠨ ᠲᠦᠷᠦ ᠶᠢ ᠰᠡᠷᠭᠦᠭᠡᠶ᠎ᠡ | ᠭᠡᠰᠡᠨ ᠪᠤᠳᠤᠯ ᠡᠪᠦᠷᠯᠡᠵᠦ ᠪᠠᠶᠢᠭᠰᠠᠨ᠃ | ᠨᠦᠭᠦᠭᠡ ᠲᠠᠯ᠎ᠠ ᠪᠠᠷ ᠠᠯᠲᠠᠨ ᠬᠠᠨ ᠲᠦᠰᠢᠶᠡᠳᠦ ᠰᠡᠴᠡᠨ ᠴᠤᠯᠠ ᠠᠪᠴᠤ᠂ ᠦᠪᠡᠷ ᠢ ᠪᠠᠨ ᠬᠤᠪᠢᠯᠠᠢ ᠶᠢᠨ | ᠠᠵᠢᠯᠯᠠᠭ᠎ᠠ ᠶᠢ ᠵᠠᠯᠭᠠᠨ ᠬᠢᠵᠦ ᠪᠠᠶᠢᠨ᠎ᠡ ᠭᠡᠵᠦ ᠦᠵᠡᠵᠦ᠂ ᠦᠪᠡᠷ ᠤᠨ ᠪᠡᠶ᠎ᠡ ᠪᠠᠨ ᠬᠤᠪᠢᠯᠠᠢ ᠶᠢᠨ ᠬᠤᠪᠢᠯᠭᠠᠨ᠂ | ᠬᠤᠪᠢᠯᠠᠢ ᠬᠠᠭᠠᠨ ᠤ ᠮᠠᠶ᠋ᠢᠭ ᠢᠶᠠᠷ ᠲᠦᠷᠦ ᠵᠠᠰᠠᠭ ᠶᠠᠪᠤᠭᠤᠯᠤᠨᠡ ᠬᠡᠵᠦ ᠬᠡᠯᠡᠬᠦ ᠪᠣᠯᠣᠭᠰᠠᠨ᠃ | ᠡᠳᠡᠭᠡᠷ ᠠᠴᠠ ᠦᠵᠡᠬᠦ ᠳᠤ ᠠᠯᠲᠠᠨ ᠬᠠᠨ ᠳᠤ ᠤᠯᠤᠰ ᠲᠦᠷᠦ ᠶᠢᠨ ᠦᠨᠳᠦᠷ ᠡᠷᠬᠡ ᠶᠢ ᠣᠯᠬᠤ | ᠭᠤᠷᠢᠳᠠᠯᠭ᠎ᠠ ᠪᠠᠶᠢᠭᠰᠠᠨ ᠨᠢ ᠢᠯᠡᠷᠬᠡᠢ᠃ ᠡᠨᠡ ᠠᠵᠢᠯᠯᠠᠭ᠎ᠠ ᠳᠤᠨᠢ ᠵᠦᠩᠭᠡᠨ ᠬᠠᠲᠤᠨ ᠶᠡᠭᠡ ᠳᠡᠮᠵᠢᠯᠭᠡ ᠦᠵᠡᠭᠦᠯᠵᠦ | ᠪᠠᠶᠢᠭᠰᠠᠨ᠂ ᠡᠭᠦᠨ ᠢ ᠦᠯᠢᠭᠡᠷᠴᠢᠯᠡᠵᠦ ᠶᠠᠷᠢᠪᠠᠯ ᠡᠶᠢᠮᠦ ᠬᠡᠳᠦᠨ ᠤᠴᠢᠷ ᠪᠣᠢ᠃ | 1571ᠣᠨ ᠳᠤ ᠲᠦᠪᠡᠳ ᠤᠨ ᠠᠰᠢᠩ ᠯᠠᠮᠠ ᠢᠷᠡᠵᠦ᠂ ᠠᠯᠲᠠᠨ ᠬᠠᠨ᠂ ᠵᠦᠩᠭᠡᠨ ᠬᠠᠲᠤᠨ ᠲᠠᠢ | ᠠᠭᠤᠯᠵᠠᠵᠤ᠂ ᠱᠠᠰᠢᠨ ᠤ ᠤᠬᠠᠭᠤᠯᠭ᠎ᠠ ᠬᠢᠭᠰᠡᠨ᠂ ᠬᠠᠨ ᠬᠠᠲᠤᠨ ᠲᠠᠢ ᠠᠭᠤᠯᠵᠠᠯ᠎ᠠ ᠭᠡᠵᠦ ᠵᠡᠷᠭᠡᠴᠡᠭᠦᠯᠵᠦ | ᠲᠡᠮᠳᠡᠭᠯᠡᠵᠦ ᠪᠠᠶᠢᠳᠠᠭ᠃ ᠢᠩᠭᠢᠭᠡᠳ ᠠᠰᠢᠩ ᠯᠠᠮᠠ ᠠᠯᠲᠠᠨ ᠬᠠᠨ ᠵᠦᠩᠭᠡᠨ ᠬᠠᠲᠤᠨ ᠳᠤ ᠭᠤᠷᠪᠠᠨ ᠡᠷᠳᠡᠨᠢ᠂ ᠮᠠᠨᠢ | ᠶᠢᠨ ᠵᠢᠷᠭᠤᠭᠠᠨ ᠦᠰᠦᠭ᠂ ᠰᠠᠬᠢᠯ ᠰᠠᠨᠸᠠᠷ ᠭᠡᠬᠦ ᠵᠡᠷᠭᠡ ᠶᠢ ᠲᠠᠶᠢᠯᠪᠤᠷᠢᠯᠠᠵᠤ᠂ ᠱᠠᠰᠢᠨ ᠤ ᠤᠬᠠᠭᠤᠯᠭ᠎ᠠ ᠬᠢᠵᠡᠢ᠃ | | ᠲᠡᠭᠡᠭᠡᠳ ᠠᠯᠲᠠᠨ ᠬᠠᠨ ᠲᠦᠪᠡᠳ ᠲᠤ ᠡᠯᠴᠢᠨ ᠲᠦᠰᠢᠮᠡᠳ ᠲᠣᠮᠢᠯᠠᠵᠤ ᠳᠠᠯᠠᠢ ᠯᠠᠮᠠ ᠲᠠᠢ | ᠠᠭᠤᠯᠵᠠᠭᠤᠯᠵᠤ᠂ ᠯᠠᠮᠠ ᠨᠠᠷ ᠲᠤ ᠦᠭᠯᠢᠭᠡ ᠦᠭᠬᠦᠬᠦᠯᠵᠦ ᠪᠠᠶᠢᠭᠰᠠᠨ᠃ ᠲᠦᠪᠡᠳ ᠤᠨ ᠲᠠᠯ᠎ᠠ ᠠᠴᠠ ᠠᠯᠳᠠᠨ | ᠬᠠᠨ ᠳᠤ ᠪᠤᠷᠬᠠᠨ ᠱᠠᠰᠢᠨ ᠢ ᠰᠢᠳᠦᠬᠦ ᠳᠤ ᠬᠦᠷᠪᠡᠯ ᠬᠤᠪᠢᠯᠠᠢ ᠬᠠᠭᠠᠨ ᠲᠠᠢ ᠠᠳᠠᠯᠢ ᠲᠦᠷᠦ ᠱᠠᠰᠢᠨ ᠢ | ᠬᠤᠣᠰᠯᠠᠭᠤᠯᠤᠭᠰᠠᠨ ᠴᠡᠭᠷᠡᠸᠡᠷᠳᠢ ᠬᠠᠭᠠᠨ ︵ᠬᠦᠷᠳᠦ ᠣᠷᠴᠢᠭᠤᠯᠤᠭᠴᠢ ᠬᠠᠭᠠᠨ︶ ᠪᠣᠯᠵᠤ ᠳᠡᠶᠢᠯᠦᠨ᠎ᠡ᠂ | ᠴᠡᠭᠷᠡᠸᠡᠷᠳᠢ ᠬᠠᠭᠠᠨ ᠪᠣᠯ ᠬᠤᠶᠠᠷ ᠶᠣᠰᠤ ᠶᠢ ᠲᠡᠭᠰᠢᠲᠡ ᠶᠠᠪᠤᠭᠤᠯᠳᠠᠭ᠃ ᠲᠤᠬᠠᠶᠢᠯᠠᠪᠠᠯ ᠨᠢᠭᠡ ᠲᠠᠯ᠎ᠠ ᠪᠠᠷ | ᠶᠢᠷᠲᠢᠨᠴᠦ ᠶᠢᠨ ᠶᠣᠰᠤ ᠶᠢ ᠠᠳᠬᠤᠨ᠎ᠠ᠂ ᠨᠦᠭᠦᠭᠡ ᠲᠠᠯ᠎ᠠ ᠪᠠᠷ ᠱᠠᠰᠢᠨ ᠤ ᠶᠣᠰᠣ ᠶᠢ ᠠᠳᠬᠤᠨ᠎ᠠ᠃ ᠲᠡᠳᠡ ᠠᠯᠲᠠᠨ | ᠬᠠᠨ ᠳᠤ ᠬᠡᠷᠪᠡ ᠴᠢ ᠰᠢᠳᠦᠬᠦ ᠳᠤ ᠬᠦᠷᠪᠡᠯ ᠲᠡᠭᠷᠢ᠂ ᠣᠩᠭᠤᠳ ᠵᠡᠷᠬᠡ ᠦᠭᠡᠷ᠎ᠡ ᠶᠣᠰᠤ ᠶᠢ ᠰᠢᠳᠦᠵᠦ ᠪᠣᠯᠬᠤ | ᠦᠭᠡᠢ᠂ ᠠᠮᠢᠲᠠᠨ ᠠᠷᠢᠶᠠᠲᠠᠨ ᠢ ᠬᠤᠷᠣᠭᠠᠵᠤ ᠪᠣᠯᠬᠤ ᠦᠭᠡᠢ ᠭᠡᠬᠦ ᠵᠡᠷᠭᠡ ᠪᠠᠷ ᠮᠠᠰᠢ ᠣᠯᠠᠨ ᠪᠤᠷᠬᠠᠨ ᠤ ᠶᠣᠰᠤᠨ ᠢ | ᠤᠬᠠᠭᠤᠯᠵᠠᠢ᠃ | ᠢᠩᠭᠢᠵᠦ ᠤᠬᠠᠭᠤᠯᠤᠭᠰᠠᠨ ᠪᠠᠶᠢᠳᠠᠯ ᠲᠣᠣᠷ᠎ᠠ ᠠᠯᠲᠠᠨ ᠬᠠᠨ ᠵᠦᠩᠭᠡᠨ ᠬᠠᠲᠤᠨ ᠬᠤᠶᠠᠭᠤᠯᠠ ᠳᠠᠯᠠᠢ ᠯᠠᠮᠠ | ᠶᠢ ᠵᠠᠯᠠᠬᠤ ᠪᠠᠷ1578 ᠣᠨ ᠳᠤ ᠡᠯᠴᠢᠨ ᠲᠣᠮᠢᠯᠠᠭᠰᠠᠨ᠃ ᠡᠨᠡ ᠡᠯᠴᠢᠨ ᠨᠢ ᠬᠦᠬᠡᠨᠡᠭᠤᠷ ᠲᠤ ᠬᠦᠷᠴᠦ | ᠬᠦᠬᠡᠨᠡᠭᠤᠷ ᠤᠨ ᠵᠡᠭᠦᠨ ᠡᠮᠦᠨ᠎ᠡ ᠪᠠᠶᠢᠭ᠎ᠠ ᠣᠳᠤ ᠶᠢᠨ ᠭᠦᠩ ᠡᠾᠧ ᠰᠢᠶᠠᠨ ᠤ ᠬᠢᠵᠠᠭᠠᠷ ᠲᠤ ᠴᠠᠪᠴᠢᠶᠠᠯ ᠤᠨ | ᠰᠦᠮ᠎ᠡ ᠪᠠ ᠲᠡᠭᠦᠨ ᠠᠴᠠ ᠴᠢᠨᠠᠭᠰᠢ ᠲᠦᠪᠡᠳ ᠲᠤ ᠬᠦᠷᠴᠦ ᠭᠤᠷᠪᠠᠳᠤᠭᠠᠷ ᠳᠦᠷᠢ ᠳᠠᠯᠠᠢ ᠯᠠᠮᠠ ᠲᠠᠢ ᠠᠭᠤᠯᠵᠠᠵᠤ | ᠂ ᠲᠡᠭᠦᠨ ᠢ ᠮᠤᠩᠭᠤᠯ ᠣᠷᠣᠨ ᠳᠠᠭᠠᠨ ᠵᠠᠯᠠᠭᠰᠠᠨ ᠪᠠᠶᠢᠨ᠎ᠡ᠃ ᠢᠩᠭᠢᠭᠡᠳ1578 ᠣᠨ ᠳᠤ ᠳᠠᠯᠠᠢ ᠯᠠᠮᠠ ᠠᠯᠳᠠᠨ | ᠬᠠᠨ ᠬᠤᠶᠠᠭᠤᠯᠠ ᠠᠩᠬ᠎ᠠ ᠤᠳᠠᠭ᠎ᠠ ᠴᠠᠪᠴᠢᠶᠠᠯ ᠤᠨ ᠰᠦᠮ᠎ᠡ ᠳᠤ ᠠᠭᠤᠯᠵᠠᠭᠰᠠᠨ᠂ ᠡᠨᠡ ᠤᠳᠠᠭ᠎ᠠ ᠶᠢᠨ | ᠠᠭᠤᠯᠵᠠᠯᠲᠠ ᠪᠣᠯ ᠲᠡᠤᠬᠡᠨ ᠳᠤ ᠨᠡᠷᠡᠳᠡᠢ《 ᠴᠠᠪᠴᠢᠶᠠᠯ ᠰᠦᠮ᠎ᠡ ᠶᠢᠨ ᠠᠭᠤᠯᠵᠠᠯᠲᠠ》 ᠪᠣᠯᠣᠨ᠎ᠠ᠃ | ᠠᠯᠲᠠᠨ ᠬᠠᠨ ᠭᠤᠷᠪᠠᠨ ᠤᠳᠠᠭᠠᠨ ᠤ ᠤᠭᠳᠤᠯᠲᠠ ᠶᠢᠨ ᠠᠩᠭᠢ ᠲᠣᠮᠢᠯᠠᠵᠤ ᠦᠪᠡᠳᠡᠭᠰᠢ ᠶᠡᠭᠡ ᠨᠠᠶᠢᠷ | ᠬᠢᠵᠡᠢ ᠃ ᠡᠨᠡ ᠨᠠᠶᠢᠷ ᠲᠤ ᠠᠷᠪᠠᠨ ᠲᠦᠮᠡᠨ ᠬᠦᠮᠦᠨ ᠴᠤᠭᠯᠠᠷᠠᠭᠠᠳ ᠬᠤᠳᠤᠭᠳᠠᠢ ᠰᠡᠴᠡᠨ ᠬᠤᠩ ᠲᠠᠶᠢᠵᠢ ᠲᠠᠪᠤᠨ | ᠰᠠᠷ᠎ᠠ ᠶᠢᠨ ᠬᠦᠬᠦᠭᠡ ᠳᠣᠩᠭᠤᠳᠬᠤ ᠰᠢᠭ᠋ ᠶᠠᠷᠢᠶ᠎ᠠ ᠲᠠᠯᠪᠢᠯ᠎ᠠ ᠭᠡᠳᠡᠭ᠃ ᠡᠨᠡ ᠶᠠᠷᠢᠶᠠᠨ ᠳᠤ《 ᠮᠤᠩᠭᠤᠯᠴᠤᠳ | ᠲᠣᠭᠤᠨᠲᠡᠮᠦᠷ ᠬᠠᠭᠠᠨ ᠠᠴᠠ ᠬᠤᠶᠢᠰᠢ ᠱᠠᠰᠢᠨ ᠢᠶᠠᠨ ᠬᠠᠶᠠᠵᠤ᠂ ᠬᠢᠯᠢᠨᠴᠡ ᠨᠢᠭᠦᠯ ᠦᠢᠯᠡᠳᠴᠦ᠂ ᠲᠦᠷᠦ ᠱᠠᠰᠢᠨ | ᠡᠪᠳᠡᠷᠡᠵᠦ ᠲᠠᠰᠤᠷᠠᠭᠰᠠᠨ ᠪᠠᠶᠢᠨ᠎ᠠ᠂ ᠣᠳᠤ ᠱᠠᠰᠢᠨ ᠢ ᠵᠠᠯᠭᠠᠵᠤ ᠴᠢᠰᠤᠨ ᠳᠠᠯᠠᠢ ᠠᠴᠠ ᠰᠦᠨ ᠳᠠᠯᠠᠢ ᠳᠤ | ᠣᠷᠣᠭᠤᠯᠣᠯᠠ》ᠭᠡᠵᠦ ᠤᠷᠢᠶᠠᠯᠠᠵᠤ ᠪᠠᠶᠢᠭᠰᠠᠨ᠃ | ᠡᠨᠡ ᠴᠤᠭᠯᠠᠭᠠᠨ ᠳᠡᠭᠡᠷ᠎ᠡ ᠪᠤᠷᠬᠠᠨ ᠱᠠᠰᠢᠨ ᠢ ᠮᠠᠨᠳᠤᠭᠤᠯᠬᠤ ᠶᠢᠨ ᠲᠦᠯᠦᠭᠡ ᠯᠠᠮᠠ ᠨᠠᠷ ᠤᠨ ᠵᠡᠷᠭᠡ ᠳᠡᠰ ᠢ | ᠬᠠᠷ᠎ᠠ ᠶᠢᠨ ᠨᠠᠶᠢᠭᠡᠮ ᠤᠨ ᠨᠣᠶᠠᠳ ᠤᠨ ᠵᠡᠷᠭᠡ ᠳᠡᠰ ᠲᠠᠢ ᠲᠡᠩᠴᠡᠭᠦᠯᠦᠭᠰᠡᠨ᠃ | ᠬᠠᠤᠯᠢ ᠲᠤᠭᠲᠠᠭᠠᠭᠰᠠᠨ ᠪᠠ ᠬᠠᠷ᠎ᠠ ᠰᠢᠷ᠎ᠠ ᠶᠢᠨ ᠲᠦᠷᠦᠭᠦᠴᠦᠳ ᠬᠠᠷᠢᠯᠴᠠᠨ ᠨᠡᠷ᠎ᠡ ᠴᠤᠯᠠ | ᠦᠭᠭᠦᠯᠴᠡᠭᠰᠡᠨ᠂ ᠡᠭᠦᠨ ᠳᠤ ᠠᠯᠲᠠᠨ ᠬᠠᠨ ᠰᠣᠳᠨᠠᠮᠵᠠᠮᠰᠤ ᠳᠤ《 ᠬᠠᠮᠤᠭ ᠢ ᠮᠡᠳᠡᠭᠴᠢ ᠸᠴᠢᠷ ᠳ᠋ᠠᠷ᠎ᠠ ᠳᠠᠯᠠᠢ | ᠯᠠᠮᠠ》ᠴᠤᠯᠠ ᠡᠷᠭᠦᠪᠡ᠃ ᠡᠨᠡ ᠪᠣᠯ ᠳᠠᠷᠤᠢ ᠳᠠᠯᠠᠢ ᠯᠠᠮᠠ ᠭᠡᠰᠡᠨ ᠳᠠᠭᠤᠳᠠᠯᠭ᠎ᠠ ᠶᠢᠨ ᠵᠢᠩᠬᠢᠨᠢ ᠢᠷᠡᠯᠳᠡ ᠪᠣᠯᠣᠨ᠎ᠠ᠃ | ᠰᠣᠳᠨᠠᠮᠵᠠᠮᠰᠤ ᠪᠣᠯ ᠳᠠᠷᠤᠢ ᠭᠤᠷᠪᠠᠳᠤᠭᠠᠷ ᠳᠦᠷᠢ ᠶᠢᠨ ᠳᠠᠯᠠᠢ ᠯᠠᠮᠠ ︵ᠨᠢᠭᠡ᠂ ᠬᠤᠶᠠᠳᠤᠭᠠᠷ ᠳᠦᠷᠢ ᠶᠢᠨ ᠳᠠᠯᠠᠢ | ᠯᠠᠮᠠ ᠶᠢᠨ ᠴᠤᠯᠠ ᠶᠢ ᠰᠡᠭᠦᠯ ᠳᠤᠨᠢ ᠴᠢᠩ ᠤᠯᠤᠰ ᠤᠨ ᠡᠶᠡᠪᠡᠷ ᠵᠠᠰᠠᠭᠴᠢ ᠶᠢᠨ ᠠᠷᠪᠠᠳᠤᠭᠠᠷ ᠣᠨ ᠳᠤ ᠨᠡᠬᠡᠮᠵᠢᠯᠡᠨ | ᠡᠷᠭᠦᠮᠵᠢᠯᠡᠵᠡᠢ︶ ᠪᠣᠯᠣᠨ᠎ᠠ᠃ ᠰᠣᠳᠨᠠᠮᠵᠠᠮᠰᠤ ᠴᠦ ᠠᠯᠲᠠᠨ ᠬᠠᠨ ᠳᠤ《 ᠮᠢᠩᠭᠠᠨ ᠠᠯᠲᠠᠨ ᠬᠦᠷᠳᠦᠨ ᠢ | ᠡᠷᠭᠢᠬᠦᠯᠦᠭᠴᠢ ᠴᠡᠭᠷᠡᠸᠡᠷᠳᠢ ᠶᠢᠨ ᠠᠯᠲᠠᠨ ᠰᠡᠴᠡᠨ ᠬᠠᠭᠠᠨ》ᠭᠡᠰᠡᠨ ᠴᠤᠯᠠ ᠣᠯᠭᠤᠭᠰᠠᠨ᠃ ᠡᠨᠡ ᠴᠤᠯᠠ ᠶᠢ | ᠦᠭᠬᠦ ᠳᠤ ᠵᠦᠩᠭᠡᠨ ᠬᠠᠲᠤᠨ ᠪᠠᠰᠠ ᠶᠡᠭᠡ ᠪᠠᠶᠢᠷᠢ ᠰᠠᠭᠤᠷᠢ ᠲᠠᠢ ᠪᠠᠶᠢᠭᠰᠠᠨ ᠠᠴᠠ ᠵᠦᠩᠭᠡᠨ ᠬᠠᠲᠤᠨ ᠳᠤ ᠳ᠋ᠠᠷ᠎ᠠ | ᠡᠬᠡ ᠶᠢᠨ ᠬᠤᠪᠢᠯᠭᠠᠨ ᠠᠷᠢᠶ᠎ᠠ ᠳ᠋ᠠᠷ᠎ᠠ ᠭᠡᠳᠡᠭ ᠴᠤᠯᠠ ᠣᠯᠭᠤᠭᠰᠠᠨ᠃ | ᠢᠩᠭᠢᠭᠡᠳ ᠡᠨᠡ ᠤᠳᠠᠭᠠᠨ ᠤ ᠠᠭᠤᠯᠵᠠᠯᠲᠠ ᠶᠢᠨ ᠳᠠᠷᠠᠭ᠎ᠠ ᠳᠠᠯᠠᠢ ᠯᠠᠮᠠ ᠲᠦᠪᠡᠳ ᠲᠡᠭᠡᠨ ᠪᠤᠴᠠᠵᠤ᠂ | ᠠᠯᠲᠠᠨ ᠬᠠᠨ ᠵᠦᠩᠭᠡᠨ ᠬᠠᠲᠤᠨ ᠳᠠᠯᠠᠢ ᠯᠠᠮᠠ ᠶᠢᠨ ᠲᠦᠯᠦᠭᠡᠯᠡᠭᠴᠢ ᠮᠠᠨᠽᠤᠰᠢᠷᠢ ᠬᠤᠳᠤᠭᠳᠤ ᠶᠢ ᠳᠠᠭᠠᠭᠤᠯᠤᠭᠠᠳ | ᠬᠦᠬᠡᠬᠤᠲᠠ ᠳᠠᠭᠠᠨ ᠪᠤᠴᠠᠭᠰᠠᠨ ᠪᠠᠶᠢᠨ᠎ᠠ᠃ ᠪᠤᠴᠠᠵᠤ ᠢᠷᠡᠭᠰᠡᠨ ᠤ ᠳᠠᠷᠠᠭ᠎ᠠ ᠳᠡᠮᠡᠢ ᠤᠳᠠᠭᠰᠠᠨ ᠦᠭᠡᠢ 1582 | ᠣᠨ ᠳᠤ ᠠᠯᠲᠠᠨ ᠬᠠᠨ ᠨᠠᠰᠤ ᠪᠠᠷᠠᠵᠠᠢ᠃ | ᠠᠯᠲᠠᠨ ᠬᠠᠨ ᠵᠦᠩᠭᠡᠨ ᠬᠠᠲᠤᠨ ᠬᠢᠲᠠᠳ ᠣᠷᠤᠨ ᠲᠠᠢ ᠬᠠᠷᠢᠴᠠᠵᠤ᠂ ᠠᠷᠠᠯᠵᠢᠶ᠎ᠠ ᠬᠢᠬᠦ ᠪᠠ ᠬᠢᠲᠠᠳ | ᠲᠠᠷᠢᠶᠠᠴᠢᠳ ᠢᠶᠠᠷ ᠲᠠᠷᠢᠶ᠎ᠠ ᠲᠠᠷᠢᠭᠤᠯᠵᠤ᠂ ᠬᠤᠲᠠ ᠰᠠᠭᠤᠷᠢᠨ ᠪᠣᠢ ᠪᠣᠯᠭᠠᠵᠤ ᠡᠬᠢᠯᠡᠵᠡᠢ᠃ ᠲᠦᠪᠡᠳ ᠲᠠᠢ | ᠬᠠᠷᠢᠯᠴᠠᠵᠤ᠂ ᠪᠤᠷᠬᠠᠨ ᠤ ᠱᠠᠰᠢᠨ ᠰᠢᠲᠦᠭᠰᠡᠨ ᠠᠴᠠ ᠰᠦᠮ᠎ᠡ ᠬᠡᠶᠢᠳ ᠪᠠᠶᠢᠭᠤᠯᠵᠤ ᠡᠬᠢᠯᠡᠵᠡᠢ᠃ ᠡᠶᠢᠨ ᠬᠦ | ᠲᠦᠮᠡᠳ ᠣᠷᠣᠨ ᠳᠤ ᠬᠤᠲᠠ ᠰᠠᠭᠤᠷᠢᠨ ᠪᠣᠢ ᠪᠣᠯᠵᠠᠢ᠃ ᠵᠦᠩᠭᠡᠨ ᠬᠠᠲᠤᠨ ᠠᠯᠲᠠᠨ ᠬᠠᠨ ᠤ ᠪᠠᠶᠢᠭᠤᠯᠤᠭᠰᠠᠨ | ᠬᠦᠢ ᠬᠤᠸᠠ ᠬᠤᠲᠠ ︵ᠬᠦᠬᠡᠬᠤᠲᠠ︶ ᠲᠤ ᠰᠠᠭᠤᠵᠤ ᠪᠠᠶᠢᠭᠰᠠᠨ ᠲᠤᠯᠠ ᠬᠦᠮᠦᠰ ᠲᠡᠭᠦᠨ ᠢ ᠳᠤᠷᠠᠰᠬᠠᠬᠤ ᠶᠢᠨ | ᠲᠦᠯᠦᠭᠡ ᠬᠦᠢ ᠬᠤᠸᠠ ᠬᠤᠲᠠ ᠶᠢ ᠪᠠᠰᠠ《 ᠰᠠᠨ ᠨᠢᠶᠠᠩᠽᠢ ᠬᠤᠲᠠ》ᠭᠡᠳᠡᠭ ᠶᠤᠮ᠃ |