ᠲᠡᠭᠡᠪᠡᠯ ᠵᠦᠩᠭᠡᠨ ᠬᠠᠲᠤᠨ ᠤ ᠠᠮᠢᠳᠤᠷᠠᠵᠤ ᠪᠠᠶᠢᠭᠰᠠᠨ ᠦᠶ᠎ᠡ ᠶᠢᠨ ᠲᠡᠤᠬᠡᠨ ᠠᠬᠤᠢ ᠪᠤᠶᠤ ᠮᠤᠩᠭᠤᠯ ᠤᠨ | ᠤᠯᠠᠨ ᠤᠯᠤᠰ ᠲᠦᠷᠦ ᠶᠢᠨ ᠶᠡᠷᠦᠩᠬᠡᠢ ᠪᠠᠶᠢᠳᠠᠯ ᠶᠠᠮᠠᠷ ᠪᠠᠶᠢᠭᠰᠠᠨ ᠪᠣᠢ︖ | ᠵᠦᠩᠬᠡᠨ ᠬᠠᠲᠤᠨ ᠠᠷᠪᠠᠨ ᠵᠢᠷᠭᠤᠳᠤᠭᠠᠷ ᠵᠠᠭᠤᠨ ᠤ ᠲᠠᠪᠢᠭᠠᠳ ᠣᠨ ᠠᠴᠠ ᠠᠷᠪᠠᠨ ᠳᠣᠯᠣᠳᠤᠭᠠᠷ | ᠵᠠᠭᠤᠨ ᠤ ᠡᠬᠢᠨ ᠤ ᠦᠶ᠎ᠡ ᠳᠤ ᠠᠮᠢᠳᠤᠷᠠᠵᠤ ᠪᠠᠶᠢᠵᠠᠢ᠃ ᠡᠨᠡ ᠦᠶ᠎ᠡ ᠳᠤ ᠬᠢᠲᠠᠳ ᠣᠷᠣᠨ ᠢ ᠨᠣᠶᠠᠯᠠᠵᠤ ᠪᠠᠶᠢᠭᠰᠠᠨ | ᠮᠢᠩ ᠤᠯᠤᠰ ᠤᠨ ᠰᠡᠭᠦᠯᠴᠢ ᠶᠢᠨ ᠦᠶ᠎ᠡ ᠳᠡᠭᠡᠨ ᠣᠷᠣᠭᠠᠳ ᠪᠠᠶᠢᠭᠰᠠᠨ᠂ ᠮᠤᠩᠭᠤᠯ ᠣᠷᠣᠨ ᠳᠤ ᠴᠦ ᠶᠡᠭᠡ | ᠮᠤᠩᠭᠤᠯ ᠤᠯᠤᠰ ᠤᠨ ᠰᠡᠭᠦᠯᠴᠢ ᠶᠢᠨ ᠦᠶ᠎ᠡ ᠪᠣᠯᠣᠭᠠᠳ ᠪᠠᠶᠢᠭᠰᠠᠨ᠃ ᠵᠦᠩᠬᠡᠨ ᠬᠠᠲᠤᠨ ᠨᠠᠰᠤ ᠪᠠᠷᠠᠭᠰᠠᠨ ᠠᠴᠠ | ᠳᠠᠷᠠᠭᠠᠬᠠᠨ ᠳᠡᠮᠡᠢ ᠤᠳᠠᠯ ᠦᠭᠡᠢ ᠮᠤᠩᠭᠤᠯ ᠣᠷᠣᠨ ᠪᠦᠬᠦᠨ ᠢᠶᠠᠷ ᠢᠶᠠᠨ ᠮᠠᠨᠵᠤ ᠶᠢᠨ ᠨᠣᠶᠠᠷᠬᠠᠯ ᠳᠤ ᠣᠷᠣᠵᠣ ᠴᠢᠩ | ᠤᠯᠤᠰ ᠤᠨ ᠦᠶ᠎ᠡ ᠡᠬᠢᠯᠡᠵᠡᠢ᠃ | ᠲᠡᠭᠡᠪᠡᠯ ᠡᠨᠡ ᠦᠶ᠎ᠡ ᠶᠢᠨ ᠮᠤᠩᠭᠤᠯ ᠤᠨ ᠤᠯᠤᠰ ᠲᠦᠷᠦ ᠶᠢᠨ ᠪᠠᠶᠢᠳᠠᠯ ᠢ ᠶᠠᠷᠢᠬᠤ ᠳᠤ ᠶᠠᠭᠤᠨ ᠤ ᠡᠮᠦᠨ᠎ᠡ | ᠠᠯᠲᠠᠨ ᠬᠠᠨ ᠤ ᠡᠪᠦᠭᠡ ᠳᠠᠶᠠᠨ ᠬᠠᠭᠠᠨ ᠢ ᠳᠤᠷᠠᠳᠬᠤ ᠴᠢᠬᠤᠯᠠᠲᠠᠢ ᠪᠠᠶᠢᠨ᠎ᠠ᠃ ᠳᠠᠶᠠᠨ ᠬᠠᠭᠠᠨ ᠪᠣᠯ ᠮᠣᠩᠭᠤᠯ ᠤᠨ | ᠲᠡᠤᠬᠡᠨ ᠳᠤ ᠨᠡᠷ᠎ᠡ ᠠᠯᠳᠠᠷ ᠮᠠᠨᠳᠤᠭᠰᠠᠨ ᠨᠦᠯᠦᠭᠡ ᠶᠡᠭᠡᠳᠡᠢ ᠬᠠᠭᠠᠨ᠃ ᠲᠡᠷᠡ ᠪᠠᠷ 1479-1517 ᠣᠨ ᠳᠤ | ᠶᠡᠭᠡ ᠮᠤᠩᠭᠤᠯ ᠤᠨ ᠬᠠᠭᠠᠨ ᠰᠠᠭᠤᠷᠢᠨ ᠳᠤ ᠰᠠᠭᠤᠵᠤ ᠪᠠᠶᠢᠭᠰᠠᠨ᠃ ᠳᠠᠶᠠᠨ ᠬᠠᠭᠠᠨ ᠮᠤᠩᠭᠤᠯ ᠤᠨ ᠣᠯᠠᠨ ᠠᠷᠪᠢᠨ | ᠬᠡᠰᠡᠭᠯᠡᠨ ᠡᠵᠡᠮᠰᠢᠭᠰᠡᠨ ᠹᠸᠤᠳᠠᠯ ᠤᠨ ᠬᠦᠴᠦᠨ ᠢ ᠦᠪᠡᠷ ᠤᠨ ᠡᠷᠬᠡᠰᠢᠶᠡᠯ ᠳᠡᠭᠡᠨ ᠣᠷᠣᠭᠤᠯᠵᠤ᠂ ᠠᠯᠲᠠᠨ | ᠤᠷᠤᠭ ᠤᠨ ᠪᠣᠰᠤ ᠨᠤᠶᠠᠳ ᠤᠳ ᠢ ᠨᠣᠶᠠᠷᠬᠠᠬᠤ ᠪᠠᠶᠢᠷᠢᠨ ᠠᠴᠠ ᠵᠠᠶᠢᠯᠠᠭᠤᠯᠵᠤ᠂ ᠤᠷᠢᠶᠠᠩᠬᠠᠢ ᠠᠴᠠ ᠪᠣᠰᠣᠳ | ᠲᠠᠪᠤᠨ ᠲᠦᠮᠡᠨ ᠢ ᠪᠦᠷ ᠠᠯᠲᠠᠨ ᠤᠷᠤᠭ ᠤᠨ ᠬᠢᠨ ᠳᠡᠭᠡᠨ ᠦᠮᠴᠢᠯᠡᠭᠦᠯᠵᠦ ᠦᠭᠬᠦᠭᠰᠡᠨ᠃ ᠨᠢᠭᠡ ᠯᠠ ᠦᠭᠡ ᠪᠠᠷ | ᠬᠡᠯᠡᠪᠡᠯ ᠲᠤᠬᠠᠢ ᠶᠢᠨ ᠦᠶ᠎ᠡ ᠶᠢᠨ ᠮᠤᠩᠭᠤᠯ ᠤᠨ ᠤᠯᠤᠰ ᠲᠦᠷᠦ ᠶᠢᠨ ᠲᠣᠮᠣ ᠡᠷᠬᠡ ᠶᠢ ᠪᠦᠷ ᠴᠢᠩᠭᠢᠰ ᠤᠨ ᠠᠯᠳᠠᠨ | ᠤᠷᠤᠭ ᠤᠨ ᠬᠢᠨ ᠡᠵᠡᠯᠡᠭᠰᠡᠨ ᠴᠠᠭ ᠦᠶ᠎ᠡ ᠶᠢ ᠪᠤᠢ ᠪᠣᠯᠭᠠᠭᠰᠠᠨ ᠬᠦᠮᠦᠨ ᠶᠤᠮ᠃ ᠡᠨᠡ ᠪᠣᠯ ᠳᠠᠶᠠᠨ ᠬᠠᠭᠠᠨ ᠤ | ᠨᠢᠭᠡ ᠴᠢᠬᠤᠯᠠ ᠭᠠᠪᠢᠶ᠎ᠠ ᠵᠢᠳᠭᠦᠯ᠃ | ᠳᠠᠶᠠᠨ ᠬᠠᠭᠠᠨ ᠤ ᠨᠢᠭᠡᠳᠭᠡᠯ ᠪᠣᠯᠣᠨ ᠠᠯᠲᠠᠨ ᠤᠷᠤᠭᠲᠠᠨ ᠳᠠᠭᠠᠨ ᠦᠮᠴᠢᠯᠡᠭᠦᠯᠵᠦ ᠦᠭᠬᠦᠭᠰᠡᠨ | ᠶᠠᠪᠤᠳᠠᠯ ᠨᠢ ᠲᠤᠬᠠᠢ ᠶᠢᠨ ᠦᠶ᠎ᠡ ᠶᠢᠨ ᠮᠤᠩᠭᠤᠯ ᠤᠨ ᠨᠡᠶᠢᠭᠡᠮ ᠤᠨ ᠬᠠᠭᠠᠴᠠᠯ ᠪᠤᠲᠠᠷᠠᠯ ᠤᠨ ᠪᠠᠶᠢᠳᠠᠯ ᠢ | ᠡᠴᠦᠰᠯᠠᠭᠦᠯᠵᠦ ᠴᠢᠳᠠᠭᠰᠠᠨ ᠦᠭᠡᠢ᠃ ᠤᠣᠯ ᠤᠨ ᠡᠯ᠎ᠡ ᠪᠦᠯᠦᠭ ᠤᠳ ᠦᠪᠡᠷ ᠤᠨ ᠲᠣᠯᠣᠭᠠᠢ ᠪᠠᠨ ᠦᠪᠡᠷ ᠢᠶᠠᠨ | ᠮᠡᠳᠡᠭᠰᠡᠨ᠂ ᠬᠠᠭᠠᠨ ᠡᠵᠡᠨ ᠳᠤ ᠵᠠᠬᠢᠷᠤᠭᠳᠠᠬᠤ ᠦᠭᠡᠢ ᠪᠠᠶᠢᠳᠠᠯ ᠳᠠᠶᠠᠨ ᠬᠠᠭᠠᠨ ᠪᠣᠯᠣᠨ ᠪᠤᠳᠢ ᠠᠯᠠᠭ ᠬᠤᠶᠠᠷᠬᠠᠨ | ᠬᠠᠭᠠᠨ ᠤ ᠨᠣᠶᠠᠷᠬᠠᠯ ᠦᠩᠭᠡᠷᠡᠭᠰᠡᠨ ᠤ ᠳᠠᠷᠠᠭ᠎ᠠ ᠲᠠᠬᠢᠨ ᠦᠷᠭᠦᠯᠵᠢᠯᠡᠭᠰᠡᠨ᠃ | ᠳᠠᠶᠠᠨ ᠬᠠᠭᠠᠨ ᠤ ᠦᠶ᠎ᠡ ᠠᠴᠠ ᠵᠦᠩᠭᠡᠨ ᠬᠠᠳᠤᠨ ᠤ ᠠᠮᠢᠳᠤᠷᠠᠵᠤ ᠪᠠᠶᠢᠭᠰᠠᠨ ᠦᠶ᠎ᠡ ᠳᠤ ᠮᠤᠩᠭᠤᠯ ᠨᠢ | ᠬᠡᠳᠦᠨ ᠶᠡᠭᠡ ᠤᠯᠤᠰ ᠲᠦᠷᠦ ᠶᠢᠨ ᠬᠦᠴᠦᠨ ᠳᠤ ᠬᠤᠪᠢᠶᠠᠭᠳᠠᠵᠤ ᠪᠠᠶᠢᠭᠰᠠᠨ᠃ | ᠲᠣᠣᠷ᠎ᠠ ᠲᠡᠭᠡᠪᠡᠯ ᠲᠤᠬᠠᠢ ᠶᠢᠨ ᠦᠶ᠎ᠡ ᠶᠢᠨ ᠮᠤᠩᠭᠤᠯ ᠤᠨ ᠶᠡᠷᠦᠩᠬᠡᠢ ᠪᠠᠶᠢᠳᠠᠯ ᠢ ᠲᠠᠨᠢᠯᠴᠠᠭᠤᠯᠤᠶ᠎ᠠ᠃ | ᠶᠡᠷᠦᠩᠬᠡᠢ ᠪᠦᠳᠦᠴᠡ ᠪᠠᠷ ᠨᠢ ᠠᠪᠴᠤ ᠬᠡᠯᠡᠪᠠᠯ ᠮᠤᠩᠭᠤᠯ ᠨᠢ ᠳᠠᠷᠠᠭᠠᠬᠢ ᠬᠡᠳᠦᠨ ᠶᠡᠭᠡ ᠪᠦᠯᠦᠭ ᠲᠤ | ᠬᠤᠪᠢᠶᠠᠭᠳᠠᠵᠤ ᠪᠠᠶᠢᠵᠠᠢ᠃ ᠬᠠᠭᠠᠨ ᠤ ᠬᠠᠷᠢᠶ᠎ᠠ ᠵᠢᠷᠭᠤᠭᠠᠨ ᠲᠦᠮᠡᠨ᠂ ᠴᠢᠩᠭᠢᠰ ᠬᠠᠭᠠᠨ ᠤ ᠳᠡᠭᠦᠤ ᠨᠠᠷ ᠤᠨ | ᠬᠠᠷᠢᠶ᠎ᠠ ᠢᠷᠭᠡᠳ᠂ ᠤᠷᠢᠶᠠᠩᠬᠠᠢ ᠭᠤᠷᠪᠠᠨ ᠤᠢ ︵ᠸᠧᠢ︶᠂ ᠲᠦᠷᠪᠡᠨ ᠣᠶᠢᠷᠠᠳ ᠭᠡᠬᠦ ᠲᠦᠷᠪᠡᠨ ᠲᠣᠮᠣ ᠤᠯᠤᠰ | ᠲᠦᠷᠦ ᠶᠢᠨ ᠬᠦᠴᠦᠨ ᠨᠦᠭᠦᠳ ᠪᠠᠶᠢᠭᠰᠠᠨ᠃ | ᠬᠠᠭᠠᠨ ᠤ ᠬᠠᠷᠢᠶ᠎ᠠ ᠵᠢᠷᠭᠤᠭᠠᠨ ᠲᠦᠮᠡᠨ ᠨᠢ ᠵᠡᠭᠦᠨ ᠪᠠᠷᠠᠭᠤᠨ ᠭᠠᠷ ᠬᠤᠪᠢᠶᠠᠭᠳᠠᠳᠠᠭ᠂ ᠪᠠᠷᠠᠭᠤᠨ | ᠭᠠᠷ ᠲᠤ ᠣᠷᠳᠤᠰ᠂ ᠲᠦᠮᠡᠳ᠂ ᠶᠦᠩᠰᠢᠶᠠᠪᠤ ᠭᠤᠷᠪᠠᠨ ᠲᠦᠮᠡᠨ ᠬᠠᠷᠢᠶᠠᠯᠠᠭᠳᠠᠵᠤ᠂ ᠵᠡᠭᠦᠨ ᠭᠠᠷ ᠲᠤ ᠴᠠᠬᠠᠷ᠂ | ᠤᠷᠢᠶᠠᠩᠬᠠᠢ᠂ ᠬᠠᠯᠬ᠎ᠠ ᠭᠤᠷᠪᠠᠨ ᠲᠦᠮᠡᠨ ᠬᠠᠷᠢᠶᠠᠯᠠᠭᠳᠠᠵᠤ ᠪᠠᠶᠢᠭᠰᠠᠨ᠃ | ᠪᠠᠷᠠᠭᠤᠨ ᠭᠠᠷᠤᠨ ᠭᠤᠷᠪᠠᠨ ᠲᠦᠮᠡᠨ ᠨᠢ ᠦᠨᠤ ᠶᠢᠨ ᠣᠷᠳᠤᠰ᠂ ᠬᠦᠬᠡᠬᠤᠲᠠ᠂ ᠰᠢᠯᠢ ᠶᠢᠨ ᠭᠤᠣᠯ ᠤᠨ | ᠡᠮᠦᠨ᠎ᠡ ᠵᠠᠬ᠎ᠠ᠂ ᠬᠤᠶᠢᠰᠢ ᠪᠠᠨ ᠦᠨᠤ ᠶᠢᠨ ᠲᠠᠷᠬᠠᠨ ᠮᠤᠤᠮᠢᠩᠭᠠᠨ᠂ ᠤᠷᠠᠳ ᠤᠨ ᠭᠤᠷᠪᠠᠨ ᠬᠤᠰᠢᠭᠤ ᠬᠠᠪᠢ ᠪᠠᠷ | ᠨᠤᠲᠤᠭᠯᠠᠵᠤ ᠪᠠᠶᠢᠵᠠᠢ᠃ | ᠡᠨᠡ ᠭᠤᠷᠪᠠᠨ ᠲᠦᠮᠡᠨ ᠤ ᠳᠣᠳᠤᠷ᠎ᠠ ᠣᠷᠳᠤᠰ ᠲᠦᠮᠡᠨ ᠨᠢ ᠭᠤᠣᠯᠯᠠᠬᠤ ᠲᠦᠮᠡᠨ ᠪᠠᠶᠢᠭᠰᠠᠨ᠂ | ᠡᠶᠢᠮᠦ ᠠᠴᠠ ᠳᠠᠶᠠᠨ ᠬᠠᠭᠠᠨ ᠬᠦᠤ ᠪᠠᠷᠰᠪᠣᠯᠣᠳ ᠢᠶᠠᠨ ᠪᠠᠷᠠᠭᠤᠨ ᠭᠠᠷ ᠢ ᠶᠡᠷᠦᠩᠬᠡᠶᠢᠯᠡᠨ ᠵᠠᠬᠢᠷᠤᠭᠰᠠᠨ ᠵᠢᠨᠦᠩ | ᠨᠣᠶᠠᠨ ᠡᠷᠭᠦᠮᠵᠢᠯᠡᠵᠦ᠂ ᠣᠷᠳᠤᠰ ᠲᠦᠮᠡᠨ ᠳᠤ ᠲᠣᠮᠢᠯᠠᠨ ᠣᠴᠢᠭᠤᠯᠵᠤ ᠰᠠᠭᠤᠯᠭᠠᠵᠠᠢ᠃ | ᠲᠦᠮᠡᠳ ᠲᠦᠮᠡᠨ ᠨᠢ ᠬᠦᠬᠡᠬᠤᠳᠠ ᠶᠢᠨ ᠳᠠᠯᠠᠨ ᠬᠠᠷ᠎ᠠ ᠠᠭᠤᠯᠠ ᠶᠢᠨ ᠠᠷᠤ ᠦᠪᠦᠷ ᠢᠶᠠᠷ ᠨᠤᠲᠤᠭᠯᠠᠵᠤ | ᠪᠠᠶᠢᠭᠰᠠᠨ᠃ ᠲᠦᠮᠡᠳ ᠲᠦᠮᠡᠨ ᠢ ᠠᠯᠲᠠᠢ ᠶᠢᠨ ᠠᠷᠤ ᠶᠢᠨ ᠠᠷᠪᠠᠨ ᠬᠤᠶᠠᠷ ᠰᠦᠪᠡ ᠶᠢ ᠬᠠᠳᠠᠭᠠᠯᠠᠭᠰᠠᠨ ᠲᠦᠮᠡᠳ | ᠲᠦᠮᠡᠨ ᠭᠡᠳᠡᠭ᠃ ᠠᠯᠲᠠᠢ ᠠᠭᠤᠯᠠᠨ ᠨᠢᠷᠤᠭᠤ ᠮᠤᠩᠭᠤᠯ᠂ ᠣᠷᠣᠰ᠂ ᠲᠤᠮᠳᠠᠳᠤ ᠭᠤᠷᠪᠠᠨ ᠤᠯᠤᠰ ᠤᠨ ᠠᠭᠤᠯᠵᠠᠷ | ᠪᠣᠶᠣ ᠲᠤᠮᠳᠠᠳᠤ ᠤᠯᠤᠰ ᠤᠨ ᠰᠢᠨᠵᠢᠶᠠᠩ ᠤᠨ ᠠᠷᠤ ᠠᠴᠠ ᠵᠠᠭᠦᠨᠰᠢ ᠤᠷᠤᠭᠰᠢ ᠭᠤᠪᠢ ᠰᠠᠶᠢᠬᠠᠨ ᠬᠦᠷᠲᠡᠯ᠎ᠡ | ᠦᠷᠭᠦᠯᠵᠢᠯᠡᠨ᠎ᠡ᠃ ᠳᠣᠲᠤᠷ᠎ᠠ ᠪᠠᠨ ᠮᠤᠩᠭᠤᠯ ᠠᠯᠲᠠᠢ ᠶᠢᠨ ᠨᠢᠷᠤᠭᠤ᠂ ᠭᠤᠪᠢ ᠠᠯᠲᠠᠢ ᠶᠢᠨ ᠨᠢᠷᠤᠭᠤ ᠭᠡᠵᠦ ᠬᠤᠶᠠᠷ | ᠬᠤᠪᠢᠶᠠᠭᠳᠠᠨ᠎ᠠ᠃ | ᠲᠦᠮᠡᠳ ᠲᠦᠮᠡᠨ ᠤ ᠭᠤᠣᠯᠯᠠᠬᠤ ᠪᠦᠷᠢᠯᠳᠦᠭᠦᠨ ᠨᠢ ᠶᠤᠸᠠᠨ ᠤᠯᠤᠰ ᠤᠨ ᠦᠶ᠎ᠡ ᠳᠤ ᠠᠯᠲᠠᠢ | ᠠᠭᠤᠯᠠ ᠶᠢᠨ ᠠᠷᠪᠠᠨ ᠬᠤᠶᠠᠷ ᠰᠦᠪᠡ ᠶᠢ ᠰᠠᠬᠢᠨ ᠬᠠᠮᠠᠭᠠᠯᠠᠵᠤ ᠪᠠᠶᠢᠭᠰᠠᠨ ᠲᠦᠮᠡᠨ ᠨᠦᠭᠦᠳ ᠤᠨ ᠬᠤᠶᠢᠴᠢᠰ | ᠪᠣᠯᠬᠤᠷ ᠡᠳᠡᠨᠦᠰ ᠢ ᠲᠡᠭᠡᠵᠦ ᠨᠡᠷᠡᠯᠡᠬᠦ ᠪᠣᠯᠵᠠᠢ᠃ | ᠶᠦᠩᠰᠢᠶᠠᠪᠤ ᠲᠦᠮᠡᠨ ᠪᠠᠷᠠᠭᠤᠨ ᠭᠤᠷᠪᠠᠨ ᠲᠦᠮᠡᠨ ᠤ ᠬᠠᠮᠤᠭ ᠤᠨ ᠵᠡᠭᠦᠨ ᠵᠠᠬ᠎ᠠ᠂ ᠦᠨᠦᠳᠦᠷ ᠤᠨ | ᠰᠢᠯᠢ ᠶᠢᠨ ᠭᠤᠣᠯ ᠠᠶᠢᠮᠠᠭ ᠤᠨ ᠡᠮᠦᠨ᠎ᠡ ᠵᠠᠬ᠎ᠠ᠂ ᠵᠣᠤ ᠤᠳᠠ ᠠᠶᠢᠮᠠᠭ ᠤᠨ ᠪᠠᠷᠠᠭᠤᠨ ᠪᠡᠶ᠎ᠡ ᠪᠠᠷ ᠨᠤᠲᠤᠭᠯᠠᠵᠤ | ᠪᠠᠶᠢᠭᠰᠠᠨ᠃ | ᠵᠡᠭᠦᠨ ᠭᠠᠷᠤᠨ ᠭᠤᠷᠪᠠᠨ ᠲᠦᠮᠡᠨ ᠨᠢ ᠰᠢᠯᠢ ᠶᠢᠨ ᠭᠤᠣᠯ ᠠᠶᠢᠮᠠᠭ ᠤᠨ ᠬᠤᠶᠢᠭᠤᠷ᠂ ᠬᠢᠩᠭᠠᠨ ᠳᠠᠪᠠᠭ᠎ᠠ᠂ | ᠬᠦᠯᠦᠨ ᠪᠦᠢᠷ ᠬᠤᠲᠠ᠂ ᠪᠠᠷᠠᠭᠤᠨᠰᠢ ᠪᠠᠨ ᠮᠤᠩᠭᠤᠯ ᠤᠯᠤᠰ ᠤᠨ ᠬᠠᠩᠭᠠᠢ ᠠᠭᠤᠯᠠ ᠶᠢᠨ ᠬᠠᠪᠢ ᠬᠦᠷᠲᠡᠯᠡᠬᠢ | ᠠᠭᠤᠳᠠᠮ ᠨᠤᠲᠤᠭ ᠲᠤ ᠲᠠᠷᠬᠠᠨ ᠨᠤᠳᠤᠭᠯᠠᠵᠤ ᠪᠠᠶᠢᠵᠠᠢ᠃ | ᠴᠠᠬᠠᠷ ᠲᠦᠮᠡᠨ ᠵᠡᠭᠦᠨ ᠭᠠᠷᠤᠨ ᠭᠤᠣᠯᠯᠠᠬᠤ ᠲᠦᠮᠡᠨ ᠪᠠᠶᠢᠭᠰᠠᠨ ᠪᠣᠯᠬᠤᠷ ᠬᠠᠭᠠᠨ ᠠᠳᠡ ᠲᠦᠪᠯᠡᠵᠦ᠂ | ᠴᠠᠬᠠᠷ ᠲᠦᠮᠡᠨ ᠢ ᠰᠢᠭᠤᠳ ᠵᠠᠬᠢᠷᠴᠦ ᠪᠠᠶᠢᠭᠰᠠᠨ᠃ ᠶᠤᠸᠠᠨ ᠤᠯᠤᠰ ᠤᠨ ᠬᠠᠭᠠᠨ ᠲᠦᠪ ᠤᠨ ᠰᠢᠭᠤᠳ ᠬᠠᠷᠢᠶ᠎ᠠ | ᠬᠦᠮᠦᠰ ᠪᠣᠯᠣᠨ ᠠᠷᠢᠠᠠᠪᠦ᠋ᠬᠡ ᠶᠢᠨ ᠬᠠᠷᠢᠶ᠎ᠠ ᠢᠷᠭᠡᠳ ᠬᠠᠮᠲᠤᠷᠠᠨ ᠨᠡᠶᠢᠯᠡᠵᠦ ᠴᠠᠬᠠᠷ ᠲᠦᠮᠡᠨ ᠢ ᠪᠦᠷᠢᠯᠳᠦᠭᠦᠯᠵᠡᠢ᠃ | ᠴᠠᠬᠠᠷ ᠲᠦᠮᠡᠨ ᠦᠨᠤ ᠶᠢᠨ ᠮᠤᠩᠭᠤᠯ ᠤᠯᠤᠰ ᠤᠨ ᠵᠡᠭᠦᠨ ᠪᠠ ᠵᠡᠭᠦᠨ ᠡᠮᠦᠨ᠎ᠡ ᠪᠡᠶ᠎ᠡ ᠠᠴᠠ ᠬᠢᠩᠭᠠᠨ ᠢ ᠲᠠᠮᠨᠠᠨ ᠵᠣᠣ | ᠤᠳᠠ ᠠᠶᠢᠮᠠᠭ ᠤᠨ ᠬᠤᠶᠢᠳᠤ ᠪᠡᠶ᠎ᠡ ᠬᠦᠷᠲᠡᠯᠡᠬᠢ ᠨᠤᠲᠤᠭ ᠲᠤ ᠲᠠᠷᠬᠠᠨ ᠨᠤᠲᠤᠭᠯᠠᠵᠤ ᠪᠠᠶᠢᠵᠠᠢ᠃ | ᠤᠷᠢᠶᠠᠩᠬᠠᠢ ᠲᠦᠮᠡᠨ ᠨᠢ ᠮᠤᠩᠭᠤᠯ ᠤᠯᠤᠰ ᠤᠨ ᠬᠡᠨᠲᠠᠢ ᠠᠶᠢᠮᠠᠭ ᠬᠠᠪᠢ ᠪᠠᠷ ᠨᠤᠳᠤᠭᠯᠠᠵᠤ ᠪᠠᠶᠢᠭᠰᠠᠨ᠃ | ᠡᠨᠡ ᠲᠦᠮᠡᠨ ᠨᠢ ᠴᠢᠩᠭᠢᠰ ᠬᠠᠭᠠᠨ ᠠᠴᠠ ᠠᠪᠤᠭᠠᠳ ᠶᠤᠸᠠᠨ ᠤᠯᠤᠰ ᠤᠨ ᠠᠷᠪᠠᠨ ᠬᠡᠳᠦᠨ ᠬᠠᠭᠠᠳ ᠤᠨ ᠭᠡᠭᠦᠷ | ᠣᠩᠭᠤᠨ ᠲᠠᠯᠪᠢᠵᠦ ᠪᠠᠶᠢᠭᠰᠠᠨ᠂ ᠪᠤᠷᠬᠠᠨ ᠬᠠᠯᠲᠤᠨ ᠢ ᠰᠠᠬᠢᠨ ᠬᠠᠮᠠᠭᠠᠯᠠᠵᠤ ᠪᠠᠶᠢᠭᠰᠠᠨ ᠤᠷᠢᠶᠠᠩᠬᠠᠢ ᠮᠢᠩᠭᠠᠨ ᠢᠶᠠᠷ | ᠭᠤᠣᠯ ᠪᠦᠷᠢᠯᠳᠦᠭᠦᠨ ᠪᠣᠯᠭᠠᠵᠠᠢ᠃ | ᠬᠠᠯᠬ᠎ᠠ ᠲᠦᠮᠡᠨ ᠠᠩᠬ᠎ᠠ ᠪᠦᠷᠢᠯᠳᠦᠬᠦ ᠦᠶ᠎ᠡ ᠳᠡᠭᠡᠨ ᠬᠠᠯᠬ᠎ᠠ ᠭᠤᠣᠯ ᠠᠴᠠ ᠬᠢᠩᠭᠠᠨ ᠳᠠᠪᠠᠭ᠎ᠠ ᠶᠢ ᠳᠠᠮᠨᠠᠨ | ᠨᠤᠲᠤᠭᠯᠠᠵᠤ ᠪᠠᠶᠢᠭᠰᠠᠨ ᠪᠣᠯᠣᠯᠲᠠᠢ᠃ ᠬᠠᠯᠬ᠎ᠠ ᠲᠦᠮᠡᠨ ᠤ ᠳᠣᠯᠣᠭᠠᠨ ᠣᠲᠤᠭ ᠨᠢ ᠬᠢᠩᠭᠠᠨ ᠳᠠᠪᠠᠭᠠᠨ ᠤ ᠠᠷᠤ ᠪᠠᠷ | ᠨᠣᠲᠣᠭᠯᠠᠵᠤ᠂ ᠠᠷᠤ ᠳᠣᠯᠣᠭᠠᠨ ᠣᠲᠤᠭ ᠭᠡᠵᠦ ᠨᠡᠷᠡᠯᠡᠭᠳᠡᠳᠡᠭ᠃ ᠡᠳᠡᠨᠦᠰ ᠪᠣᠯ ᠣᠳᠤ ᠶᠢᠨ ᠮᠣᠩᠭᠤᠯ ᠤᠯᠤᠰ ᠤᠨ | ᠰᠠᠭᠤᠭᠠᠯᠢ ᠠᠷᠠᠳ ᠤᠨ ᠦᠨᠳᠦᠰᠦᠨ ᠪᠦᠷᠢᠯᠳᠦᠭᠦᠨ ᠪᠣᠯᠣᠭᠰᠠᠨ ᠬᠠᠯᠠᠭᠴᠤᠳ᠃ ᠬᠢᠩᠭᠠᠨ ᠳᠠᠪᠠᠭᠠᠨ ᠤ | ᠦᠪᠦᠷ ᠢᠶᠠᠷ ᠬᠠᠯᠬ᠎ᠠ ᠲᠦᠮᠡᠨ ᠤ ᠪᠠᠭᠠᠷᠢᠨ᠂ ᠵᠠᠷᠤᠳ᠂ ᠬᠤᠩᠭᠢᠷᠠᠳ᠂ ᠪᠠᠶᠠᠭᠤᠳ᠂ ᠦᠵᠢᠶᠡᠳ ᠵᠡᠷᠭᠡ ᠲᠠᠪᠤᠨ | ᠣᠲᠤᠭ ᠨᠢ ᠨᠤᠲᠤᠭᠯᠠᠵᠤ ᠪᠠᠶᠢᠵᠠᠢ᠃ ᠡᠳᠡᠨᠦᠰ ᠢ ᠦᠪᠦᠷ ᠲᠠᠪᠤᠨ ᠣᠲᠤᠭ ᠬᠠᠯᠬ᠎ᠠ ᠭᠡᠳᠡᠭ᠃ | ᠲᠡᠭᠡᠪᠡᠯ ᠲᠡᠷᠡ ᠦᠶ᠎ᠡ ᠶᠢᠨ ᠪᠠᠰᠠ ᠨᠢᠭᠡ ᠲᠣᠮᠣ ᠪᠦᠯᠦᠭ ᠨᠢ ᠪᠣᠯ ᠴᠢᠩᠬᠢᠰ ᠬᠠᠭᠠᠨ ᠤ ᠲᠦᠷᠪᠡᠨ ᠳᠡᠭᠦᠦ | ᠨᠠᠷ ᠤᠨ ᠬᠠᠷᠢᠶ᠎ᠠ ᠢᠷᠭᠡᠳ᠃ | ᠬᠠᠰᠠᠷ ᠤᠨ ᠬᠤᠶᠢᠴᠢᠰ ᠤᠨ ᠬᠠᠷᠢᠶ᠎ᠠ ᠨᠤᠲᠤᠭ ᠢ ᠣᠳᠣ ᠶᠢᠨ ᠮᠤᠩᠭᠤᠯ ᠤᠯᠤᠰ ᠤᠨ ᠵᠡᠭᠦᠨ ᠬᠤᠶᠢᠲᠣ | ᠵᠠᠬ᠎ᠠ ᠶᠢᠨ ᠣᠨᠣᠨ ᠮᠦᠷᠡᠨ ᠤ ᠳᠤᠮᠳᠠ ᠤᠷᠤᠰᠬᠠᠯ᠂ ᠣᠷᠣᠰ ᠤᠨ ᠬᠢᠵᠠᠭᠠᠷ ᠲᠠᠬᠢ ᠰᠢᠯᠭᠡ ᠭᠤᠣᠯ᠂ ᠲᠤᠮᠳᠠᠳᠤ | ᠤᠯᠤᠰ ᠤᠨ ᠡᠷᠭᠦᠨ᠎ᠡ ᠭᠤᠣᠯ᠂ ᠬᠠᠶᠢᠯᠠᠷ ᠭᠤᠣᠯ᠂ ᠬᠦᠯᠦᠨ ᠪᠦᠢᠷ ᠤᠨ ᠬᠤᠶᠢᠲᠤ ᠬᠡᠰᠡᠭ ᠤᠨ ᠭᠠᠵᠠᠷ | ᠬᠠᠷᠢᠶᠠᠯᠠᠭᠳᠠᠵᠤ ᠪᠠᠶᠢᠭᠰᠠᠨ᠃ | ᠪᠡᠯᠭᠦᠳᠡᠢ ᠶᠢᠨ ᠬᠤᠶᠢᠴᠢᠰ ᠤᠨ ᠨᠤᠲᠤᠭ ᠨᠢ ᠦᠨᠤ ᠶᠢᠨ ᠮᠤᠩᠭᠤᠯ ᠤᠯᠤᠰ ᠤᠨ ᠬᠡᠷᠦᠯᠦᠨ ᠭᠤᠣᠯ ᠤᠨ | ᠲᠣᠮᠳᠠᠳᠤ ᠤᠷᠤᠰᠬᠠᠯ᠂ ᠭᠡᠨᠲᠠᠢ ᠠᠶᠢᠮᠠᠭ ᠤᠨ ᠵᠡᠭᠦᠨ ᠪᠡᠶ᠎ᠡ ᠠᠴᠠ ᠲᠣᠷᠣᠨᠠᠲᠤ ᠠᠶᠢᠮᠠᠭ ᠢ ᠪᠠᠭᠲᠠᠭᠠᠭᠠᠳ ᠵᠡᠭᠦᠨᠰᠢ | ᠬᠦᠯᠦᠨ ᠪᠦᠢᠷ ᠬᠦᠷᠲᠡᠯᠡᠬᠢ ᠨᠤᠲᠤᠭ ᠢᠶᠠᠷ ᠪᠠᠶᠢᠭᠰᠠᠨ᠃ | ᠬᠠᠴᠢᠭᠤᠨ ᠤ ᠬᠤᠶᠢᠴᠢᠰ ᠤᠨ ᠨᠤᠲᠤᠭ ᠨᠢ ᠦᠨᠤ ᠶᠢᠨ ᠮᠤᠩᠭᠤᠯ ᠤᠯᠤᠰ ᠤᠨ ᠰᠦᠬᠡᠪᠠᠭᠠᠲᠤᠷ ᠠᠶᠢᠮᠠᠭ ᠢ | ᠣᠷᠣᠭᠤᠯᠤᠭᠠᠳ ᠤᠷᠤᠭᠰᠢ ᠪᠠᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠦᠵᠦᠮᠦᠴᠢᠨ ᠬᠦᠷᠳᠡᠯ᠎ᠡ | ᠨᠤᠲᠤᠭᠯᠠᠵᠤ ᠪᠠᠶᠢᠭᠰᠠᠨ᠃ | ᠣᠳᠴᠢᠬᠢᠨ ᠤ ᠬᠤᠶᠢᠴᠢᠰ ᠤᠨ ᠬᠠᠷᠢᠶ᠎ᠠ ᠨᠤᠲᠤᠭ ᠨᠢ ᠬᠠᠯᠬ᠎ᠠ ᠭᠤᠣᠯ ᠤᠨ ᠬᠠᠪᠢᠯᠳᠠᠭᠤ ᠠᠴᠠ | ᠵᠡᠭᠦᠨᠰᠢ ᠪᠠᠨ ᠬᠢᠩᠭᠠᠨ ᠳᠠᠪᠠᠭ᠎ᠠ᠂ ᠣᠳᠤ ᠶᠢᠨ ᠬᠢᠩᠭᠠᠨ ᠠᠶᠢᠮᠠᠭ ᠤᠨ ᠨᠤᠲᠤᠭ ᠪᠠ ᠬᠢᠩᠭᠠᠨ ᠤ ᠦᠯᠭᠡ ᠶᠢ | ᠪᠠᠭᠲᠠᠭᠠᠵᠤ ᠪᠠᠶᠢᠨ᠎ᠡ᠃ ᠦᠯᠭᠡ ᠲᠦᠮᠡᠨ ᠪᠣᠶᠣ ᠦᠯᠭᠡ ᠶᠢᠨ ᠵᠢᠷᠭᠤᠭᠠᠨ ᠮᠢᠩᠭᠠᠨ ᠦᠵᠢᠶᠡᠳ ᠤᠷᠲᠤ | ᠬᠤᠭᠤᠴᠠᠭᠠᠨ᠎ᠠ ᠣᠳᠴᠢᠬᠢᠨ ᠤ ᠬᠤᠶᠢᠴᠢᠰ ᠲᠤ ᠬᠠᠷᠢᠶᠠᠯᠠᠭᠳᠠᠵᠤ ᠪᠠᠶᠢᠭᠰᠠᠨ᠃ | ᠡᠭᠦᠨ ᠠᠴᠠ ᠭᠠᠳᠠᠨ᠎ᠠ ᠮᠤᠩᠭᠤᠯᠴᠤᠳ ᠤᠨ ᠳᠣᠲᠤᠷ᠎ᠠ ᠪᠠᠰᠠ ᠨᠢᠭᠡ ᠲᠣᠮᠣ ᠪᠦᠯᠦᠭ ᠪᠠᠶᠢᠨ᠎ᠠ᠂ ᠲᠡᠳᠡᠨ ᠢ | ᠲᠦᠷᠪᠡᠨ ᠣᠶᠢᠷᠠᠳ ᠭᠡᠳᠡᠭ᠃ ᠲᠦᠷᠪᠡᠨ ᠣᠶᠢᠷᠠᠳ ᠤᠨ ᠭᠤᠣᠯ ᠪᠦᠷᠢᠯᠳᠦᠭᠦᠨ ᠨᠢ ᠴᠢᠩᠭᠢᠰ ᠤᠨ ᠦᠶ᠎ᠡ ᠳᠤ | ᠪᠠᠭᠤᠵᠤ ᠦᠭᠭᠦᠭᠰᠡᠨ ᠣᠶᠢᠷᠠᠳ ᠤᠨ ᠬᠠᠷᠢᠶ᠎ᠠ ᠢᠷᠭᠡᠳ ᠪᠠᠶᠢᠭᠰᠠᠨ᠃ | ᠶᠣᠸᠠᠨ ᠤᠯᠤᠰ ᠬᠢᠲᠠᠳ ᠣᠷᠣᠨ ᠠᠴᠠ ᠤᠬᠤᠷᠢᠨ ᠭᠠᠷᠤᠭᠰᠠᠨ ᠤ ᠳᠡᠷᠠᠭ᠎ᠠ ᠠᠷᠢᠠᠠᠪᠦ᠋ᠭᠡ ᠶᠢᠨ | ᠬᠤᠶᠢᠴᠢᠰ ᠲᠠᠢ ᠬᠤᠯᠪᠣᠭᠠᠯᠠᠵᠤ᠂ ᠮᠣᠩᠭᠤᠯ ᠤᠨ ᠬᠠᠭᠠᠨᠲᠤ ᠲᠦᠷᠦ ᠲᠠᠢ ᠡᠷᠬᠡ ᠪᠤᠯᠢᠶᠠᠯᠳᠤᠬᠤ ᠶᠠᠪᠤᠴᠠ ᠳᠤ | ᠣᠶᠢᠷᠠᠳ ᠲᠤ ᠪᠠᠭᠲᠠᠵᠤ ᠣᠷᠣᠭᠰᠠᠨ ᠰᠢᠨ᠎ᠡ ᠪᠦᠷᠢᠯᠳᠦᠭᠦᠨ ᠢ ᠪᠠᠭᠲᠠᠭᠠᠭᠠᠳ ᠤᠯᠤᠰ ᠲᠦᠷᠦ ᠶᠢᠨ ᠬᠦᠴᠦᠷᠬᠡᠭ | ᠪᠦᠯᠦᠭ ᠪᠣᠯᠣᠭᠰᠠᠨ᠃ ᠡᠨᠡ ᠤᠯᠤᠰ ᠲᠦᠷᠦ ᠶᠢᠨ ᠪᠦᠯᠦᠭ ᠰᠡᠭᠦᠯᠡᠷ ᠨᠢ ᠳᠠᠶᠠᠨ ᠬᠠᠭᠠᠨ ᠤ ᠦᠶ᠎ᠡ ᠳᠤ ᠨᠡᠯᠢᠶᠡᠳ | ᠳᠤᠰᠠᠭᠠᠷᠳᠠᠭᠤ ᠪᠠᠶᠢᠳᠠᠯ ᠵᠦᠭ ᠶᠠᠪᠤᠭᠰᠠᠨ᠂ ᠠᠯᠲᠠᠢ ᠶᠢᠨ ᠪᠠᠷᠠᠭᠤᠨ ᠪᠡᠶ᠎ᠡ ᠶᠢ ᠡᠵᠡᠯᠡᠭᠰᠡᠨ ᠲᠣᠮᠣᠬᠠᠨ ᠠᠶᠢᠮᠠᠭ | ᠪᠠᠶᠢᠭᠰᠠᠨ᠃ | ᠵᠦᠩᠭᠡᠨ ᠬᠠᠲᠤᠨ ᠮᠤᠩᠭᠤᠯ ᠤᠨ ᠤᠯᠤᠰ ᠲᠦᠷᠦ ᠶᠢᠨ ᠲᠠᠪᠴᠠᠩ ᠳᠤ ᠭᠠᠷᠴᠤ᠂ ᠦᠢᠯᠡ ᠠᠵᠢᠯᠯᠠᠭ᠎ᠠ | ᠬᠢᠬᠦ ᠦᠶ᠎ᠡ ᠳᠤ ᠮᠤᠩᠭᠤᠯᠴᠤᠳ ᠨᠢ ᠳᠡᠭᠡᠷᠡᠬᠢ ᠶᠠᠷᠢᠭᠰᠠᠨ ᠮᠡᠳᠦ ᠬᠡᠳᠦᠨ ᠶᠡᠭᠡ ᠪᠦᠯᠦᠭ ᠲᠤ ᠬᠤᠪᠢᠶᠠᠭᠳᠠᠵᠤ᠂ | ᠨᠤᠲᠤᠭ ᠳᠡᠪᠢᠰᠭᠡᠷ ᠨᠢ ᠵᠡᠭᠦᠨᠰᠢ ᠯᠢᠶᠣᠤ ᠡᠾᠧ ᠭᠤᠣᠯ᠂ ᠬᠢᠷᠢᠨ ᠮᠣᠵᠢ ᠶᠢᠨ ᠶᠡᠬᠡᠩᠭᠢ ᠬᠡᠰᠡᠭ᠂ ᠬᠠᠷᠠᠮᠦ᠋ᠷᠡᠨ | ᠮᠣᠵᠢ ᠶᠢᠨ ᠨᠢᠭᠡ ᠬᠡᠰᠡᠭ᠂ ᠤᠷᠤᠭᠰᠢ ᠪᠠᠨ ᠴᠠᠭᠠᠨ ᠬᠡᠷᠡᠮ᠂ ᠪᠠᠷᠠᠭᠤᠨᠰᠢ ᠪᠠᠨ ᠰᠢᠨᠵᠢᠶᠠᠩ ᠪᠣᠯᠣᠨ ᠺᠠᠽᠠᠬᠠᠰᠲᠠᠨ ᠤ | ᠬᠢᠵᠠᠭᠠᠷ᠂ ᠬᠤᠶᠢᠲᠤ ᠵᠠᠬ᠎ᠠ ᠨᠢ ᠪᠠᠶᠢᠭᠠᠯ ᠨᠠᠭᠤᠷ ᠬᠦᠷᠴᠦ ᠪᠠᠶᠢᠵᠠᠢ᠃ | ᠪᠠᠶᠢᠭᠠᠯ ᠨᠠᠭᠤᠷ ᠤᠨ ᠬᠠᠪᠢ ᠪᠠᠷ ᠪᠤᠷᠢᠶᠠᠳ ᠭᠡᠰᠡᠨ ᠲᠣᠮᠣᠬᠠᠨ ᠠᠶᠢᠮᠠᠭ ᠪᠠᠶᠢᠨ᠎ᠠ᠂ ᠡᠨᠡ ᠠᠶᠢᠮᠠᠭ ᠨᠢ | ᠠᠷᠪᠠᠨ ᠳᠣᠯᠣᠳᠣᠭᠠᠷ ᠵᠠᠭᠤᠨ ᠤ ᠦᠶ᠎ᠡ ᠳᠤ ᠣᠷᠣᠰ ᠤᠨ ᠬᠠᠷᠢᠶᠠᠨ ᠳᠤ ᠣᠷᠣᠭᠰᠠᠨ᠃ | ᠲᠡᠭᠡᠪᠡᠯ ᠠᠷᠪᠠᠨ ᠵᠢᠷᠭᠤᠳᠤᠭᠠᠷ ᠵᠠᠭᠤᠨ ᠤ ᠰᠡᠭᠦᠯᠴᠢ᠂ ᠠᠷᠪᠠᠨ ᠳᠣᠯᠣᠳᠤᠭᠠᠷ ᠵᠠᠭᠤᠨ ᠤ ᠡᠬᠢᠨ ᠤ | ᠦᠶ᠎ᠡ ᠳᠤ ᠦᠨᠤ ᠶᠢᠨ ᠣᠷᠣᠰ ᠤᠨ ᠬᠠᠷᠢᠶ᠎ᠡ ᠡᠮᠦᠨ᠎ᠡ ᠰᠢᠪᠧᠷᠢᠶ᠎ᠠ᠂ ᠮᠤᠩᠭᠤᠯ ᠤᠯᠤᠰ ᠤᠨ ᠪᠦᠬᠦᠨ ᠢᠶᠠᠷ ᠢᠶᠠᠨ᠂ | ᠲᠣᠮᠳᠠᠳᠤ ᠤᠯᠤᠰ ᠢ ᠦᠪᠦᠷ ᠮᠤᠩᠭᠤᠯ ᠣᠷᠣᠨ᠂ ᠰᠢᠨᠵᠢᠶᠠᠩ ᠣᠷᠣᠨ ᠢ ᠪᠠᠭᠲᠠᠭᠠᠭᠰᠠᠨ ᠦᠷᠭᠡᠨ ᠠᠭᠤᠳᠠᠮ | ᠨᠣᠲᠤᠭ ᠳᠡᠪᠢᠰᠭᠡᠷ ᠪᠦᠷ ᠮᠤᠩᠭᠤᠯ ᠤᠨ ᠡᠵᠡᠮᠰᠢᠯ ᠳᠤ ᠬᠠᠮᠤᠷᠤᠭᠳᠠᠵᠤ ᠪᠠᠶᠢᠵᠠᠢ᠃ |