ᠣᠳᠣ ᠡᠷᠬᠢᠮ ᠬᠦᠨᠳᠣᠳᠣ ᠵᠣᠴᠢᠨ ᠢᠶᠠᠨ ᠤᠭᠳᠣᠨ ᠮᠡᠨᠳᠤᠴᠢᠯᠡᠬᠦ ᠳᠤ᠂ ᠪᠠᠶᠠᠷ ᠨᠠᠶᠢᠢᠷ ᠤᠨ ᠶᠣᠰᠣᠯᠠᠯ | ᠲᠡᠭᠡᠷ᠎ᠡ ᠭᠡᠶᠢᠢᠴᠢᠨ ᠵᠣᠴᠢᠨ ᠢᠶᠠᠨ ᠬᠠᠯᠠᠭᠤᠨ ᠢᠶᠠᠷ ᠤᠭᠳᠣᠬᠤ ᠳᠤ᠂ ᠵᠤᠭᠠᠴᠠᠯ ᠤᠨ ᠭᠠᠵᠠᠷ ᠠᠯᠤᠰ ᠬᠤᠯᠠ ᠶᠢᠨ | ᠵᠤᠭᠠᠴᠠᠭᠰᠠᠳ ᠢ ᠪᠠᠶᠠᠷᠯᠠᠨ ᠤᠭᠳᠣᠬᠤ ᠳᠤ᠂ ᠨᠠᠰᠣᠳᠠᠨ ᠪᠣᠭᠤᠷᠣᠯ ᠤᠨ ᠢᠶᠠᠨ ᠨᠠᠰᠤᠨ ᠪᠠᠶᠠᠷ᠂ ᠵᠢᠯ ᠤᠨ ᠪᠠᠶᠠᠷ | ᠲᠠᠯᠪᠢᠬᠤ ᠳᠤ ᠴᠦᠮ ᠠᠯᠳᠠ ᠴᠠᠭᠠᠨ ᠬᠠᠳᠠᠭ ᠢᠶᠠᠨ ᠪᠦᠭᠡᠮᠯᠡᠵᠦ ᠠᠳᠬᠤᠭᠠᠳ ᠭᠡᠶᠢᠢᠴᠢᠨ ᠪᠠ ᠨᠠᠰᠣᠳᠠᠨ ᠤ ᠪᠠᠨ | ᠬᠦᠵᠣᠭᠦᠨ ᠳᠤᠨᠢ ᠵᠡᠭᠦᠯᠭᠡᠬᠦ ᠦᠵᠡᠭᠳᠡᠯ ᠣᠯᠠᠨ ᠬᠠᠷᠠᠭᠳᠠᠵᠦ ᠪᠠᠶᠢᠢᠨ᠎ᠠ᠃ ᠲᠡᠭᠡᠭᠡᠳ ᠡᠭᠦᠨ ᠢᠶᠠᠨ | ᠮᠣᠩᠭᠤᠯᠴᠣᠳ ᠤᠨ ᠡᠷᠬᠢᠮ ᠲᠡᠭᠡᠳᠤ ᠤᠭᠳᠣᠯᠭᠠ ᠶᠢᠨ ᠶᠣᠰᠣᠨ ᠭᠡᠵᠦ ᠭᠠᠶᠢᠢᠬᠠᠭᠤᠯᠤᠨᠠ᠃ ᠭᠡᠳᠡᠯ᠎ᠡ ᠵᠠᠷᠢᠮ | ᠵᠣᠴᠢᠨ ᠨᠢ ᠬᠠᠳᠠᠭ ᠲᠠᠳᠠᠵᠦ ᠮᠡᠨᠳᠣᠴᠢᠯᠡᠳᠡᠭ ᠴᠣᠬᠤᠮ ᠲᠦᠪᠡᠳ ᠦᠨᠳᠣᠰᠣᠳᠡᠨ ᠤ ᠤᠯᠠᠮᠵᠢᠯᠠᠯᠳᠤ ᠵᠠᠩᠰᠢᠯ ᠶᠤᠮ | ᠤᠤ︖ ᠲᠠᠨ ᠤ ᠮᠣᠩᠭᠤᠯᠴᠣᠳ ᠤᠨ ᠤᠯᠠᠮᠵᠢᠯᠠᠯᠳᠤ ᠵᠠᠩᠰᠢᠯ ᠶᠤᠮ ᠤᠤ︖ ᠭᠡᠵᠦ ᠠᠰᠠᠭᠤᠬᠤ ᠳᠤ ᠬᠠᠷᠢᠭᠤᠯᠬᠤ | ᠦᠭᠡ ᠣᠯᠬᠤ ᠦᠭᠡᠢ ᠬᠤᠯᠮᠠᠯᠵᠠᠳᠠᠭ᠃ ᠡᠨᠡ ᠨᠢ ᠬᠠᠳᠠᠭ ᠪᠠᠷᠢᠵᠦ ᠮᠡᠨᠳᠣᠴᠢᠯᠡᠳᠡᠭ ᠤᠨ ᠢᠷᠡᠯᠳᠡ ᠶᠢ ᠲᠣᠳᠣ ᠮᠡᠳᠡᠬᠦ | ᠦᠭᠡᠢ ᠪᠦᠭᠡᠳ ᠵᠠᠷᠢᠮ ᠨᠣᠮ ᠵᠣᠬᠢᠶᠠᠯ ᠳᠤ ᠬᠠᠳᠠᠭ ᠭᠡᠳᠡᠭ ᠨᠢ ᠲᠦᠪᠡᠳ ᠦᠭᠡ᠂ ᠲᠦᠪᠡᠳ ᠠᠴᠠ ᠢᠷᠡᠯᠳᠠᠢ | ᠭᠡᠵᠦ ᠲᠠᠶᠢᠢᠯᠪᠦᠷᠢᠯᠠᠭᠰᠠᠨ ᠠᠴᠠ ᠰᠢᠯᠳᠠᠭᠠᠯᠠᠭᠳᠠᠭᠰᠠᠨ ᠪᠠᠶᠢᠢᠵᠦ ᠮᠡᠳᠡᠨ᠎ᠡ᠃ ᠭᠡᠳᠡᠯ᠎ᠡ ᠵᠣᠴᠢᠨ ᠳᠠᠭᠠᠨ ᠡᠷᠭᠦᠨ | ᠪᠠᠷᠢᠵᠦ ᠪᠠᠶᠢᠢᠭ᠎ᠠ ᠬᠠᠳᠠᠭ ᠢᠶᠠᠨ ᠠᠮᠠ ᠭᠠᠷᠭᠠᠨ ᠶᠣᠰᠣᠴᠢᠯᠠᠨ ᠡᠪᠬᠡᠭᠰᠡᠨ ᠦᠭᠡᠢ᠂ ᠠᠳᠬᠤᠨ ᠳᠠᠭᠠᠨ ᠪᠠᠵᠠᠶᠢᠢᠳᠠᠯᠠ | ᠠᠳᠬᠤᠵᠦ ᠪᠠᠷᠢᠳᠠᠭ ᠨᠢ ᠶᠣᠰᠣ ᠮᠡᠳᠡᠬᠦ ᠦᠭᠡᠢ ᠶᠢᠨ ᠤᠷᠰᠢᠭ ᠪᠢᠵᠠ︖ ᠨᠢᠭᠡ ᠤᠳᠠᠭ᠎ᠠ ᠮᠣᠩᠭᠤᠯ ᠤᠯᠣᠰ ᠤᠨ | ᠵᠣᠴᠢᠨ ᠤ ᠨᠠᠳᠠ ᠠᠴᠠ ᠢᠩᠭᠢᠵᠦ ᠲᠤᠭᠤᠯ ᠳᠤ ᠬᠦᠵᠣᠭᠦᠪᠴᠢ ᠵᠡᠭᠦᠯᠭᠡᠬᠦ ᠰᠢᠭ ᠬᠠᠳᠠᠭ ᠲᠠᠳᠠᠳᠠᠭ ᠨᠢ | ᠲᠠᠨ ᠤ ᠬᠢᠨ ᠤ ᠶᠣᠰᠣ ᠪᠠᠶᠢᠢᠬᠠ︖ ᠭᠡᠵᠦ ᠠᠰᠠᠭᠤᠬᠤ ᠳᠤ ᠨᠢᠭᠤᠷ ᠮᠢᠨᠢ ᠨᠢᠯᠴᠢᠭᠢᠨᠡᠵᠦ ᠲᠡᠭᠦᠨ ᠤ ᠦᠭᠡᠳᠡ ᠠᠴᠠ | ᠡᠭᠴᠡ ᠬᠠᠷᠠᠵᠦ ᠴᠢᠳᠠᠭ᠎ᠠ ᠦᠭᠡᠢ ᠦᠩᠭᠡᠷᠡᠵᠦ ᠪᠢᠯᠡ᠃ ᠲᠡᠷᠡ ᠦᠶ᠎ᠡ ᠠᠴᠠ ᠪᠢ ᠬᠠᠳᠠᠭ ᠲᠠᠳᠠᠵᠦ ᠮᠡᠨᠳᠣᠴᠢᠯᠡᠳᠡᠭ | ᠶᠣᠰᠣᠨ ᠤ ᠲᠤᠬᠠᠢ ᠨᠢᠭᠡ ᠶᠠᠭᠤᠮ᠎ᠠ ᠪᠢᠴᠢᠬᠦ ᠭᠡᠵᠦ ᠨᠣᠮ ᠮᠠᠲ᠋ᠧᠷᠢᠶᠠᠯ ᠤᠩᠰᠢᠨ ᠪᠡᠯᠡᠳᠭᠡᠯ ᠬᠢᠵᠦ ᠪᠢᠯᠡ᠃ ᠡᠨᠡ | ᠵᠣᠬᠢᠶᠠᠯ ᠢᠶᠠᠨ ᠣᠩᠰᠢᠭᠴᠢ ᠲᠠ ᠪᠦᠬᠦᠨ ᠳᠡᠭᠡᠨ ᠲᠣᠯᠢᠯᠠᠭᠤᠯᠵᠦ᠂ ᠬᠠᠳᠠᠭ ᠨᠢ ᠲᠦᠪᠡᠳ ᠠᠴᠠ ᠢᠷᠡᠯᠲᠠᠢ ᠪᠣᠯᠪᠠᠴᠦ | ᠬᠠᠳᠠᠭ ᠲᠠᠳᠠᠵᠦ ᠮᠡᠨᠳᠣᠴᠢᠯᠡᠳᠡᠭ ᠨᠢ ᠮᠣᠩᠭᠤᠯᠴᠤᠳ ᠤᠨ ᠤᠯᠠᠮᠵᠢᠯᠠᠯᠳᠤ ᠵᠠᠩᠰᠢᠯ ᠪᠣᠯᠬᠤ ᠶᠢ ᠵᠤᠶᠢᠢᠴᠢᠯᠡᠨ | ᠶᠠᠷᠢᠬᠤ ᠶᠢᠨ ᠬᠠᠮᠳᠤ᠂ ᠬᠦᠮᠤᠨ ᠤ ᠡᠯᠡᠭ ᠲᠣᠭᠤᠭᠢ ᠪᠣᠯᠣᠯ ᠦᠭᠡᠢ ᠪᠠᠷ ᠬᠠᠳᠠᠭ ᠢᠶᠠᠨ ᠶᠣᠰᠣᠴᠢᠯᠡᠨ ᠲᠠᠳᠠᠵᠦ | ᠪᠠᠶᠢᠢᠬᠤ ᠶᠢ ᠬᠦᠰᠡᠮᠵᠢᠯᠡᠶᠠ᠃ | ᠮᠣᠩᠭᠤᠯ ᠤᠨ ᠪᠦᠭᠡ ᠶᠢᠨ ᠱᠠᠰᠢᠨ ᠤ ᠶᠣᠰᠣ ᠪᠠᠷ ᠪᠣᠯ ᠡᠷᠡᠭᠳᠠᠢ ᠬᠦᠮᠤᠨ ᠨᠢ ᠲᠡᠭᠷᠢ ᠨᠠᠷᠠ᠂ ᠣᠪᠣᠭ᠎ᠠ | ᠣᠩᠭᠤᠳ᠂ ᠭᠠᠵᠠᠷ ᠤᠰᠤ ᠶᠢ ᠲᠠᠬᠢᠵᠦ ᠮᠦᠷᠭᠦᠬᠦ ᠳᠡᠭᠡᠨ ᠪᠦᠰᠡ ᠪᠠᠨ ᠲᠠᠶᠢᠢᠯᠵᠦ ᠬᠦᠵᠣᠭᠦᠨ ᠳᠡᠭᠡᠨ ᠡᠯᠭᠦᠬᠦ ᠪᠣᠶᠤ | ᠬᠤᠶᠠᠷ ᠭᠠᠷ ᠲᠡᠭᠡᠷ᠎ᠡ ᠪᠠᠨ ᠲᠡᠯᠭᠡᠨ ᠪᠠᠷᠢᠵᠦ ᠮᠦᠷᠭᠦᠭᠡᠳ ᠦᠪᠡᠷ ᠤᠨ ᠬᠦᠨᠳᠣᠳᠭᠡᠨ ᠰᠢᠳᠣᠵᠦ ᠪᠠᠶᠢᠢᠭ᠎ᠠ | ᠰᠡᠳᠬᠢᠯᠭᠡ ᠪᠠᠨ ᠢᠯᠡᠳᠭᠡᠳᠡᠭ᠃ ᠡᠭᠦᠨ ᠤ ᠤᠯᠠᠮ ᠠᠴᠠ ᠮᠣᠩᠭᠤᠯ ᠬᠦᠮᠤᠨ ᠬᠠᠷᠢᠯᠴᠠᠨ ᠰᠠᠶᠢᠢᠨ ᠠᠨᠳᠠ ᠨᠠᠶᠢᠢᠵᠠ | ᠪᠣᠯᠣᠯᠴᠠᠬᠤ ᠳᠠᠭᠠᠨ ᠪᠦᠰᠠ ᠪᠠᠨ ᠲᠠᠶᠢᠢᠯᠤᠨ ᠬᠤᠶᠠᠷ ᠭᠠᠷ ᠲᠠᠭᠠᠨ ᠲᠡᠯᠭᠡᠨ ᠪᠠᠷᠢᠵᠦ ᠬᠠᠷᠢᠯᠴᠠᠨ ᠲᠤᠯᠭᠠᠵᠦ ᠰᠠᠴᠣᠯᠢ | ᠡᠷᠭᠦᠨ ᠲᠡᠭᠷᠢ ᠳᠤ ᠲᠠᠭᠠᠳᠬᠠᠨ ᠲᠠᠩᠭᠠᠷᠢᠠᠠᠯᠠᠳᠠᠭ ᠪᠠᠶᠢᠢᠵᠠᠢ᠃ ᠡᠶᠢᠢᠨᠬᠦ ᠪᠦᠰᠠ ᠪᠠᠨ ᠲᠠᠶᠢᠢᠯᠵᠦ ᠬᠤᠶᠠᠷ | ᠭᠠᠷ ᠲᠠᠭᠠᠨ ᠲᠡᠯᠭᠡᠬᠦ ᠨᠢ ᠬᠠᠷᠢᠯᠴᠠᠨ ᠬᠦᠨᠳᠣᠳᠭᠡᠬᠦ ᠵᠠᠩᠰᠢᠯ ᠪᠣᠯᠵᠦ ᠤᠯᠠᠮᠵᠢᠯᠠᠭᠳᠠᠭᠰᠠᠭᠠᠷ ᠨᠠᠶᠢᠢᠷ ᠬᠤᠷᠢᠮ᠂ ᠪᠠᠶᠠᠷ | ᠲᠤᠷᠠᠰᠬᠠᠯ ᠲᠡᠭᠡᠷ᠎ᠡ ᠪᠦᠰᠡ ᠪᠠᠨ ᠬᠤᠶᠠᠷ ᠭᠠᠷ ᠲᠠᠭᠠᠨ ᠲᠡᠯᠭᠡᠨ ᠪᠠᠷᠢᠵᠦ᠂ ᠲᠡᠭᠦᠨ ᠤ ᠲᠡᠭᠡᠷ᠎ᠡ ᠠᠶᠠᠭ᠎ᠠ ᠲᠠᠢ ᠰᠦ᠂ | ᠴᠠᠭᠠᠨ ᠢᠳᠡᠭᠡᠨ ᠲᠠᠯᠪᠢᠵᠦ ᠰᠠᠶᠢᠢᠨ ᠰᠠᠶᠢᠢᠬᠠᠨ ᠢ ᠢᠷᠣᠭᠡᠨ ᠰᠠᠴᠣᠯᠢ ᠡᠷᠭᠦᠨ ᠮᠢᠯᠢᠶᠠᠳᠠᠭ ᠪᠣᠯᠣᠭᠰᠠᠨ ᠭᠡᠳᠡᠭ᠃ | ᠬᠤᠵᠢᠮ ᠨᠢ ᠲᠣᠷᠭ᠎ᠠ ᠲᠤᠷᠳᠣᠩ ᠡᠯᠪᠡᠭ ᠬᠡᠷᠡᠭᠯᠡᠬᠦ ᠪᠣᠯᠣᠭᠰᠠᠨ ᠠᠴᠠ ᠲᠣᠷᠭ᠎ᠠ ᠲᠤᠷᠳᠤᠩ ᠪᠦᠰᠡ ᠪᠠᠨ ᠠᠯᠠᠭᠠᠨ | ᠲᠡᠭᠡᠷ᠎ᠡ ᠪᠠᠨ ᠲᠡᠯᠭᠡᠨ ᠪᠠᠷᠢᠬᠤ ᠪᠣᠯᠪᠠ᠃ ᠰᠢᠷ᠎ᠠ ᠶᠢᠨ ᠱᠠᠰᠢᠨ ᠲᠦᠪᠡᠳ ᠠᠴᠠ ᠮᠣᠩᠭᠤᠯ ᠣᠷᠣᠨ ᠳᠤ | ᠤᠯᠠᠮᠵᠢᠯᠠᠭᠳᠠᠬᠤ ᠶᠢ ᠲᠠᠭᠠᠯᠳᠤᠨ ᠬᠠᠳᠠᠭ ᠨᠢ ᠮᠣᠩᠭᠤᠯ ᠨᠤᠳᠤᠭ ᠲᠤ ᠣᠷᠣᠵᠦ ᠢᠷᠡᠭᠡᠳ᠂ ᠲᠦᠪᠡᠳ | ᠦᠨᠳᠤᠰᠤᠳᠠᠨ ᠤ ᠬᠦᠨᠳᠣᠳᠭᠡᠯ ᠶᠣᠰᠣᠯᠠᠯ ᠳᠤ ᠭᠡᠷᠡᠭᠯᠡᠳᠡᠭ ᠬᠠᠳᠠᠭ ᠢ ᠮᠣᠩᠭᠤᠯᠴᠤᠳ ᠪᠦᠰᠡᠨ ᠤ ᠣᠷᠣᠨ ᠳᠤ | ᠠᠯᠠᠭᠠᠨ ᠲᠡᠭᠡᠷ᠎ᠡ ᠪᠠᠨ ᠲᠡᠯᠭᠡᠨ ᠪᠠᠷᠢᠵᠦ ᠠᠮᠣᠷ ᠡᠷᠢᠬᠦ ᠪᠠ ᠨᠠᠶᠢᠢᠷ ᠬᠤᠷᠢᠮ ᠤᠨ ᠰᠠᠶᠢᠢᠨ ᠰᠠᠶᠢᠢᠬᠠᠨ ᠢ ᠪᠡᠯᠭᠡᠳᠡᠨ | ᠢᠷᠤᠭᠡᠬᠦ ᠳᠤ ᠭᠡᠷᠡᠭᠯᠡᠬᠦ ᠪᠣᠯᠵᠠᠢ᠃ ᠯᠣᠪᠰᠠᠩᠴᠣᠶᠢᠢᠳᠠᠨ ᠤ ᠪᠢᠴᠢᠭᠰᠡᠨ ︽ᠮᠣᠩᠭᠤᠯ ᠤᠨ ᠵᠠᠩ ᠠᠭᠠᠯᠢ ᠶᠢᠨ | ᠣᠶᠢᠢᠯᠠᠪᠦᠷᠢ︾ ᠭᠡᠬᠦ ᠨᠣᠮ ᠳᠤ᠄ ︽ᠬᠠᠳᠠᠭ ᠬᠡᠮᠡᠬᠦ ᠶᠠᠭᠤᠮ᠎ᠠ ᠨᠢᠭᠡ ᠡᠩᠳᠠᠢ ᠲᠣᠷᠭ᠎ᠠ ᠪᠣᠢ᠃ ᠨᠢᠭᠡ ᠠᠯᠳᠠ | ᠲᠣᠷᠭ᠎ᠠ ᠪᠣᠶᠤ ᠨᠢᠭᠡ ᠲᠣᠬᠤᠢ ᠲᠡᠳᠣᠢ ᠲᠣᠷᠭ᠎ᠠ ᠭᠬᠢᠪ ᠢ ᠬᠠᠳᠠᠭ ᠪᠣᠯᠭᠠᠵᠦ ᠪᠡᠯᠡᠭ ᠤᠨ ᠲᠡᠷᠢᠭᠦᠨ ᠳᠤ ᠶᠠᠪᠦᠮᠣᠢ᠃ | ᠦᠩᠭᠡ ᠴᠠᠭᠠᠨ᠂ ᠬᠦᠬᠡ ᠪᠣᠢ ᠠᠮᠣᠢ᠃ ᠨᠢᠭᠡ ᠡᠩᠳᠠᠢ ᠪᠣᠯᠪᠠᠰᠣ ᠨᠢᠭᠡ ᠠᠯᠳᠠ ᠬᠠᠳᠠᠭ ᠭᠡᠵᠦ᠂ ᠨᠢᠭᠡ ᠬᠤᠨᠢ ᠶᠢᠨ | ᠣᠷᠦ ᠪᠣᠯᠭᠠᠵᠦ ᠭᠡᠷᠡᠭᠯᠡᠮᠣᠢ᠃ ᠲᠡᠶᠢᠢᠮᠦ ᠶᠢᠨ ᠤᠴᠢᠷ ᠪᠠᠶᠢᠢᠬᠤ ᠲᠤᠯᠠ ᠮᠣᠷᠢ ᠶᠢᠨ ᠬᠠᠳᠠᠭ᠂ ᠬᠤᠨᠢ ᠶᠢᠨ ᠬᠠᠳᠠᠭ | ᠭᠡᠮᠡᠵᠦ ᠭᠡᠯᠡᠯᠴᠡᠵᠦ ᠶᠠᠪᠦᠮᠣᠢ᠃ ᠬᠡᠷᠪᠡ ᠪᠢᠴᠢᠬᠠᠨ ᠬᠠᠳᠠᠭ ᠲᠣᠷᠭ᠎ᠠ ᠦᠭᠡᠢ ᠪᠣᠯᠪᠠᠯ ᠪᠦᠰ᠂ ᠴᠠᠢ ᠶᠢ ᠣᠷᠣ | ᠪᠣᠯᠭᠠᠵᠦ ᠭᠡᠷᠡᠭᠯᠡᠮᠣᠢ︾ ᠭᠡᠵᠦ ᠲᠡᠮᠳᠡᠭᠯᠡᠵᠠᠢ᠃ ᠡᠭᠦᠨ ᠠᠴᠠ ᠪᠢᠳᠠ ᠬᠠᠳᠠᠭ ᠪᠠᠷᠢᠵᠦ ᠮᠡᠨᠳᠣᠴᠢᠯᠡᠳᠡᠭ ᠨᠢ | ᠮᠣᠩᠭᠤᠯᠴᠤᠳ ᠤᠨ ᠤᠯᠠᠮᠵᠢᠯᠠᠯᠳᠦ ᠵᠠᠩᠰᠢᠯ ᠪᠣᠯᠬᠤ ᠶᠢ ᠮᠡᠳᠡᠵᠦ ᠪᠣᠯᠣᠨ᠎ᠠ᠃ | ᠡᠩ ᠤᠨ ᠠᠮᠢᠳᠤᠷᠠᠯ ᠠᠬᠤᠢ ᠶᠢᠨ ᠵᠠᠩ ᠣᠶᠢᠢᠯᠠ ᠶᠢᠨ ᠲᠤᠮᠳᠠ ᠮᠣᠩᠭᠤᠯᠴᠤᠳ ︽ᠪᠡᠯᠡᠭ ᠦᠴᠤᠬᠡᠨ ᠴᠦ | ᠰᠡᠳᠬᠢᠯ ᠬᠦᠨᠳᠦ︾ ᠭᠡᠵᠦ ᠪᠡᠯᠡᠭ ᠪᠠᠷᠢᠬᠤ ᠶᠢ ᠶᠡᠭᠡ ᠡᠷᠬᠢᠮ ᠳᠤ ᠦᠵᠡᠳᠡᠭ᠃ ᠲᠡᠭᠡᠭᠡᠳ ᠬᠠᠯᠠᠭᠤᠨ ᠬᠤᠰᠢᠭᠤᠳᠦ | ᠮᠠᠯ ᠤᠨ ᠪᠡᠯᠡᠭ ᠢᠶᠠᠨ ᠡᠷᠭᠦᠨ ᠲᠡᠪᠰᠢᠭᠦᠯᠬᠦ ᠳᠡᠭᠡᠨ᠄ ︽ᠠᠷᠢᠭᠤᠨ ᠴᠠᠭᠠᠨ ᠭᠬᠢᠪ ᠬᠠᠳᠠᠭ᠂ ᠠᠶᠢᠢᠷᠠᠭ ᠰᠦ ᠶᠢᠨ | ᠲᠡᠭᠡᠵᠢ᠂ ᠠᠮᠪᠠᠨ ᠴᠠᠭᠠᠨ ᠬᠤᠨᠢ᠂ ᠠᠰᠢᠳᠠ ᠶᠢᠨ ᠭᠤᠷᠪᠠᠨ ᠪᠡᠯᠡᠭ︾ ᠭᠡᠵᠦ ᠬᠠᠳᠠᠭ ᠢᠶᠠᠨ ᠠᠯᠢᠪᠠ ᠪᠡᠯᠡᠭ ᠤᠨ | ᠲᠡᠷᠢᠭᠦᠨ ᠳᠤ ᠪᠠᠷᠢᠳᠠᠭ᠃ ᠲᠡᠷᠡ ᠮᠦᠷᠳᠡᠭᠡᠨ ᠮᠣᠩᠭᠤᠯᠴᠣᠳ ᠤᠨ ᠬᠠᠮᠤᠭ ᠤᠨ ᠬᠦᠨᠳᠤ ᠪᠡᠯᠡᠭ ᠪᠣᠯᠬᠤ ︽ᠶᠢᠰᠦ | ᠶᠢᠰᠦ ᠨᠠᠶᠠᠨ ᠨᠢᠭᠡ ᠶᠢᠨ ᠪᠡᠯᠡᠭ︾︾ ᠲᠤ ᠴᠦ ᠠᠷᠢᠭᠤᠨ ᠴᠠᠭᠠᠨ ᠬᠠᠳᠠᠭ ᠬᠠᠮᠤᠭ ᠲᠡᠭᠡᠳᠦ ᠪᠡᠯᠡᠭ ᠪᠣᠯᠵᠦ ᠮᠠᠩᠯᠠᠢ | ᠲᠡᠭᠡᠵᠢ ᠳᠤ ᠣᠷᠣᠳᠠᠭ᠃ | ᠮᠣᠩᠭᠤᠯᠴᠤᠳ ᠤᠨ ᠬᠠᠳᠠᠭ ᠢ ᠬᠤᠷᠢᠮ ᠨᠠᠶᠢᠢᠷ᠂ ᠤᠭᠳᠣᠯᠭᠠ ᠦᠳᠡᠯᠭᠡ᠂ ᠡᠮᠭᠡᠨᠢᠨ ᠭᠠᠰᠢᠭᠤᠳᠠᠬᠤ | ᠵᠡᠷᠭᠡ ᠳᠤ ᠵᠠᠷᠤᠳᠠᠭ᠃ ᠬᠠᠳᠠᠭ ᠲᠤ ᠴᠠᠭᠠᠨ᠂ ᠬᠦᠬᠡ᠂ ᠴᠠᠭᠠᠨ ᠴᠡᠩᠬᠡᠷ᠂ ᠭᠦᠶᠣᠬᠡᠨ ᠰᠢᠷ᠎ᠠ ᠦᠩᠭᠡ ᠶᠢᠨ | ᠲᠣᠷᠭᠠᠨ ᠬᠠᠳᠠᠭ ᠪᠠ ᠱᠠ ᠬᠠᠳᠠᠭ ᠪᠠᠶᠢᠢᠳᠠᠭ᠃ ᠡᠩ ᠤᠨ ᠶᠣᠰᠣᠯᠠᠯ ᠳᠤ ᠨᠢᠭᠡ ᠲᠣᠬᠤᠢ ᠭᠤᠷᠪᠠᠨ ᠢᠮᠠᠬᠤ ᠠᠴᠠ | ᠭᠤᠷᠪᠠᠨ ᠲᠣᠬᠤᠢ ᠤᠷᠳᠦ ᠬᠠᠳᠠᠭ ᠬᠡᠷᠡᠭᠯᠡᠳᠡᠭ᠃ ᠬᠠᠳᠠᠭ ᠢ ᠬᠦᠮᠤᠨ ᠳᠤ ᠪᠡᠯᠡᠭ ᠪᠣᠯᠭᠠᠨ ᠪᠠᠷᠢᠬᠤ ᠳᠠᠭᠠᠨ ᠬᠤᠶᠠᠷ | ᠭᠠᠷ ᠤᠨ ᠠᠯᠠᠭ᠎ᠠ ᠪᠠᠨ ᠳᠡᠭᠡᠭᠰᠢ ᠬᠠᠨᠳᠣᠭᠤᠯᠤᠨ ᠠᠯᠠᠭᠠᠨ ᠲᠡᠭᠡᠷ᠎ᠡ ᠪᠠᠨ ᠡᠷᠡᠬᠡᠢ ᠬᠤᠷᠤᠭᠤᠨ ᠠᠴᠠ ᠲᠣᠷᠣᠭᠰᠢ | ᠬᠡᠰᠡᠭ ᠲᠤ ᠲᠠᠯᠪᠢᠵᠦ ᠬᠠᠳᠠᠭ ᠤᠨ ᠠᠮᠠ ᠶᠢ ᠡᠷᠭᠦᠨ ᠪᠠᠷᠢᠬᠤ ᠬᠦᠮᠤᠨ ᠤ ᠪᠠᠨ ᠵᠦᠭ ᠲᠤ ᠬᠠᠨᠳᠣᠭᠤᠯᠣᠨ ᠬᠤᠶᠠᠷ | ᠭᠠᠷ ᠢᠶᠠᠨ ᠲᠡᠭᠡᠭᠰᠢ ᠡᠷᠭᠦᠬᠦ ᠪᠣᠶᠤ ᠵᠦᠪ ᠭᠠᠷ ᠢᠶᠠᠨ ᠵᠢᠭᠠᠬᠠᠨ ᠦᠨᠳᠣᠷ ᠰᠢᠭ ᠡᠷᠭᠦᠰᠬᠢᠵᠦ᠄ ︽ᠲᠠᠨ ᠤ ᠮᠠᠨ ᠤ | ᠵᠣᠯᠭᠠᠯᠳᠠ᠂ ᠡᠩᠬᠡ ᠮᠦᠩᠬᠡ ᠶᠢᠨ ᠲᠤᠷᠠᠰᠣᠯ ᠪᠣᠯᠵᠦ᠂ ᠦᠨᠡᠨᠴᠢ ᠰᠡᠳᠬᠢᠯ ᠤᠨ ᠶᠠᠪᠦᠯᠴᠠᠭᠠ᠂ ᠦᠷ᠎ᠡ | ᠬᠤᠶᠢᠢᠴᠢ ᠳᠤ ᠮᠢᠨᠢ ᠤᠯᠠᠮᠵᠢᠯᠠᠭ︾ ᠭᠡᠬᠦ ᠮᠡᠳᠦ ᠶᠢᠨ ᠪᠡᠯᠭᠡ ᠵᠦᠩᠨᠡᠯ ᠤᠨ ᠦᠭᠡ ᠬᠡᠯᠡᠵᠦ ᠡᠷᠭᠦᠨ ᠲᠡᠪᠰᠢᠭᠦᠯᠭᠦ ᠳᠤ᠂ | ᠵᠣᠴᠢᠨ ᠨᠢ ᠬᠤᠶᠠᠷ ᠭᠠᠷ ᠢᠶᠠᠨ ᠲᠡᠯᠭᠡᠵᠦ᠂ ᠵᠦᠪ ᠭᠠᠷ ᠢᠶᠠᠨ ᠤᠷᠢᠳᠠᠪᠡᠷ ᠬᠠᠳᠠᠭ ᠲᠤ ᠬᠦᠷᠭᠡᠨ᠂ ᠰᠣᠯᠣᠭᠠᠢ | ᠭᠠᠷ ᠢᠶᠠᠷ ᠢᠶᠠᠨ ᠬᠠᠳᠠᠭ ᠢ ᠡᠯᠭᠦᠨ ᠠᠪᠴᠦ ᠭᠠᠷ ᠤᠨ ᠠᠯᠠᠭᠠᠨ ᠳᠠᠭᠠᠨ ᠲᠡᠯᠭᠡᠵᠦ ᠲᠡᠭᠡᠭᠰᠢ ᠡᠰᠡᠷᠸ᠎ᠠ ᠲᠡᠭᠡᠷ᠎ᠡ ᠪᠠᠨ | ᠡᠷᠭᠦᠭᠡᠳ ᠪᠠᠶᠠᠷ ᠲᠠᠯᠠᠷᠬᠠᠯ ᠢᠶᠠᠨ ᠢᠯᠡᠳᠭᠡᠵᠦ᠂ ᠪᠡᠯᠡᠭ ᠪᠠᠷᠢᠭᠰᠠᠨ ᠬᠦᠮᠤᠨ ᠤ ᠦᠭᠡᠳᠡᠯᠡᠨ ᠮᠠᠨᠳᠣᠵᠦ ᠶᠠᠪᠦᠬᠤ ᠶᠢ | ᠢᠷᠣᠭᠡᠨᠠ᠃ ᠭᠡᠬᠦ ᠳᠡᠭᠡᠨ ᠬᠠᠳᠠᠭ ᠲᠣᠰᠣᠭᠰᠠᠨ ᠬᠦᠮᠤᠨ ᠶᠣᠰᠣ ᠤᠴᠢᠷ ᠢᠶᠠᠨ ᠭᠦᠢᠴᠡᠳᠭᠡᠭᠰᠡᠨ ᠤ ᠲᠠᠷᠠᠭ᠎ᠠ | ᠬᠠᠳᠠᠭ ᠤᠨ ᠲᠣᠯᠣᠭᠠᠢ ᠲᠠᠯ᠎ᠠ ᠶᠢ ᠪᠠᠷᠠᠭᠤᠨ ᠭᠠᠷ ᠲᠡᠭᠡᠷ᠎ᠡ ᠪᠠᠨ ᠲᠠᠯᠪᠢᠵᠦ᠂ ᠪᠠᠷᠠᠭᠤᠨ ᠭᠠᠷ ᠲᠠᠯ᠎ᠠ ᠶᠢ ᠵᠡᠭᠦᠨ ᠭᠠᠷ | ᠲᠡᠭᠡᠷ᠎ᠡ ᠪᠠᠨ ᠡᠪᠬᠡᠨ᠂ ᠤᠷᠳᠤᠰᠢ ᠪᠠᠨ ᠭᠤᠷᠪᠠ ᠨᠤᠭᠤᠯᠤᠨ ᠡᠪᠬᠡᠳᠡᠭ ᠨᠢ ᠬᠠᠳᠠᠭ ᠤᠨ ᠬᠡ ᠦᠰᠣᠭ᠌ ᠤᠨ | ᠲᠣᠯᠣᠭᠠᠢ ᠶᠢ ᠲᠣᠷᠣᠭᠰᠢ ᠬᠠᠷᠠᠭᠤᠯᠬᠤ ᠦᠭᠡᠢ ᠭᠡᠰᠡᠨ ᠤᠳᠬ᠎ᠠ ᠲᠠᠢ᠃ ᠭᠡᠳᠡᠯ᠎ᠡ ᠣᠳᠣ ᠬᠠᠳᠠᠭ ᠪᠠᠷᠢᠬᠤ ᠶᠣᠰᠣᠨ ᠢ | ᠦᠷᠭᠡᠨ ᠢᠶᠠᠷ ᠬᠡᠷᠡᠭᠯᠡᠬᠦ ᠪᠣᠯᠣᠭᠰᠠᠨ ᠴᠦ ᠤᠭ ᠶᠣᠰᠣᠨ ᠢ ᠶᠣᠰᠣᠴᠢᠯᠡᠨ ᠭᠦᠢᠴᠡᠳᠭᠡᠬᠦ ᠦᠭᠡᠢ ᠪᠠᠶᠢᠢᠨ᠎ᠠ᠃ | ᠡᠭᠦᠨ ᠤ ᠰᠢᠯᠳᠠᠭᠠᠨ ᠨᠢ ᠣᠯᠠᠩᠬᠢ ᠬᠦᠮᠣᠰ ᠬᠠᠳᠠᠭ ᠢ ᠬᠦᠨᠳᠦ ᠪᠡᠯᠡᠭ ᠬᠡᠮᠡᠨ ᠮᠡᠳᠡᠬᠦ ᠦᠭᠡᠢ᠂ ᠵᠦᠪᠬᠡᠨ | ᠪᠣᠰᠣᠳ ᠢ ᠲᠠᠭᠤᠷᠢᠶᠠᠨ ᠦᠨᠳᠤᠰᠣᠳᠡᠨ ᠤ ᠵᠠᠩᠰᠢᠯ ᠬᠡᠮᠡᠨ ᠮᠡᠷᠭᠡᠯᠡᠵᠦ ᠡᠪᠬᠡᠭᠡᠰᠤ ᠴᠦ ᠦᠭᠡᠢ᠂ ᠠᠮᠠ ᠴᠦ ᠦᠭᠡᠢ | ᠠᠳᠬᠤᠵᠦ ᠪᠠᠵᠠᠯᠠᠭᠠᠳ ᠬᠦᠵᠤᠭᠦᠨ ᠳᠤᠨᠢ ᠡᠯᠭᠦᠨ ᠦᠭᠴᠦ ᠪᠠᠶᠢᠢᠨ᠎ᠠ᠃ ᠡᠨᠡ ᠪᠣᠯ ᠦᠨᠳᠣᠰᠣᠳᠠᠨ ᠤ | ᠬᠦᠨᠳᠣᠳᠭᠡᠯ ᠮᠡᠨᠳᠤᠴᠢᠯᠡᠯ ᠤᠨ ᠶᠣᠰᠣᠨ ᠢ ᠵᠦᠷᠢᠴᠡᠭᠰᠡᠨ᠂ ᠶᠣᠰᠣ ᠮᠡᠳᠡᠬᠦ ᠦᠭᠡᠢ ᠬᠦᠮᠤᠨ ᠤ ᠲᠠᠭᠤᠷᠢᠶᠠᠮᠠᠯ | ᠠᠵᠢᠯᠯᠠᠭ᠎ᠠ ᠲᠡᠳᠣᠢ ᠶᠣᠮ᠃ | ᠮᠣᠩᠭᠤᠯᠴᠣᠳ ᠤᠨ ᠵᠠᠩ ᠵᠣᠷᠰᠢᠯ ᠳᠤ ᠪᠠᠶᠠᠷ ᠨᠠᠶᠢᠢᠷ ᠲᠤ ᠶᠡᠷᠣᠨᠢ ᠬᠦᠬᠡ ᠲᠣᠷᠭᠠᠨ ᠬᠠᠳᠠᠭ᠂ ᠴᠡᠩᠬᠡᠷ | ᠴᠠᠭᠠᠨ ᠱᠠ ᠬᠠᠳᠠᠭ᠂ ᠡᠰᠡᠬᠦᠯ᠎ᠡ ᠰᠢᠷ᠎ᠠ ᠦᠩᠭᠡ ᠶᠢᠨ ᠬᠠᠳᠠᠭ ᠡᠷᠭᠦᠨ ᠪᠠᠷᠢᠳᠠᠭ᠃ ᠪᠡᠯᠪᠡᠰᠣᠷᠠᠯ ᠭᠠᠰᠢᠭᠤᠳᠠᠯ | ᠴᠠᠭᠠᠨ ᠬᠠᠳᠠᠭ ᠵᠠᠷᠣᠳᠠᠭ ᠪᠦᠭᠡᠳ ᠲᠡᠭᠦᠨ ᠢᠶᠠᠨ ᠡᠪᠬᠡᠵᠦ ᠦᠭᠳᠡᠭ᠃ ᠡᠭᠦᠨ ᠠᠴᠠ ᠭᠠᠳᠠᠨ᠎ᠠ ᠤᠷᠤᠭ ᠲᠦᠷᠦ ᠶᠢᠨ | ᠶᠠᠪᠦᠳᠠᠯ ᠳᠤ ᠬᠠᠳᠠᠭ ᠰᠣᠯᠢᠯᠴᠠᠳᠠᠭ᠃ ᠬᠦᠤ ᠶᠢᠨ ᠲᠠᠯ᠎ᠠ ᠠᠴᠠ ᠢᠯᠡᠭᠡᠭᠰᠡᠨ ᠵᠠᠭᠤᠴᠢ᠂ ᠭᠡᠣᠬᠡᠨ ᠤ ᠠᠪᠦ ᠡᠵᠢ ᠳᠤ | ᠬᠠᠳᠠᠭ ᠪᠠᠷᠢᠬᠤ ᠦᠶᠡᠰ ᠬᠠᠳᠠᠭ ᠢ ᠨᠢ ᠲᠣᠰᠴᠦ ᠠᠪᠦᠭᠠᠳ ᠦᠭᠡᠷ᠎ᠡ ᠬᠠᠳᠠᠭ ᠪᠠᠷᠢᠵᠤ ᠬᠠᠷᠢᠭᠤ ᠠᠮᠣᠷ ᠡᠷᠢᠭᠦᠯᠪᠡᠯ | ᠤᠷᠤᠭ ᠤᠨ ᠬᠡᠷᠡᠭ ᠪᠦᠳᠤᠬᠦ ᠶᠢᠨ ᠲᠡᠮᠳᠡᠭ᠂ ᠤᠭ ᠬᠠᠳᠠᠭ ᠢ ᠡᠭᠡᠭᠦᠯᠵᠦ ᠶᠠᠪᠦᠭᠤᠯᠪᠠᠯ ᠤᠷᠤᠭ ᠤᠨ ᠬᠡᠷᠡᠭ ᠪᠦᠳᠣᠬᠦ | ᠦᠭᠡᠢ ᠶᠢᠨ ᠲᠡᠮᠳᠡᠭ ᠪᠣᠯᠣᠨ᠎ᠠ᠃ ᠣᠳᠣ ᠪᠦᠷ ᠠᠯᠳᠠ ᠴᠠᠭᠠᠨ ᠬᠠᠳᠠᠭ ᠵᠠᠷᠤᠵᠦ ᠪᠠᠶᠢᠢᠬᠤ ᠪᠦᠭᠡᠳ ᠬᠠᠳᠠᠭ ᠪᠠᠷᠢᠬᠤ | ᠬᠦᠮᠤᠨ ᠨᠢ ᠲᠦᠪ ᠵᠣᠭᠰᠣᠨ ᠬᠤᠶᠠᠷ ᠭᠠᠷ ᠢᠶᠠᠷ ᠬᠠᠳᠠᠭ ᠢᠶᠠᠨ ᠲᠡᠯᠭᠡᠨ᠂ ᠲᠡᠭᠡᠷ᠎ᠡ ᠨᠢ ᠮᠦᠩᠭᠦᠨ ᠠᠶᠠᠭᠠᠨ ᠳᠤ | ᠠᠷᠢᠬᠢ ᠪᠣᠶᠤ ᠰᠦ ᠲᠦᠭᠦᠷᠭᠡᠨ ᠪᠠᠷᠢᠵᠦ ᠪᠠᠶᠢᠢᠨ᠎ᠠ᠃ ᠬᠠᠳᠠᠭ ᠲᠣᠰᠣᠭᠴᠢ ᠨᠢ ᠤᠷᠢᠳᠠᠪᠠᠷ ᠠᠷᠢᠬᠢ ᠪᠣᠶᠤ ᠰᠦ ᠶᠢ | ᠲᠣᠰᠣᠨ ᠠᠪᠴᠦ ᠢᠳᠠᠮᠯᠠᠨ ᠰᠠᠴᠣᠯᠢ ᠡᠷᠭᠦᠭᠡᠳ ᠮᠦᠩᠭᠦᠨ ᠠᠶᠠᠭ᠎ᠠ ᠶᠢ ᠨᠢ ᠪᠣᠴᠠᠭᠠᠬᠤ ᠳᠠᠭᠠᠨ ᠬᠠᠳᠠᠭ ᠢ ᠰᠠᠶᠢ | ᠬᠤᠶᠠᠷ ᠭᠠᠷ ᠢᠶᠠᠷ ᠢᠶᠠᠨ ᠲᠣᠰᠣᠨ ᠠᠪᠴᠦ ᠡᠰᠡᠷᠸ᠎ᠠ ᠲᠡᠭᠡᠷ᠎ᠡ ᠪᠠᠨ ᠡᠷᠭᠦᠵᠦ ᠬᠦᠵᠤᠭᠦᠨ ᠳᠡᠭᠡᠨ ᠵᠡᠭᠦᠵᠦ ᠪᠠᠶᠢᠢᠨ᠎ᠠ᠃ | ᠡᠨᠡ ᠨᠢ ᠨᠡᠶᠢᠢᠭᠡᠮ ᠤᠨ ᠬᠠᠷᠢᠯᠴᠠᠭᠠᠨ ᠤ ᠶᠠᠪᠦᠴᠠ ᠳᠤ ᠬᠤᠪᠢᠷᠠᠵᠦ ᠪᠠᠶᠢᠢᠭ᠎ᠠ ᠵᠠᠩ ᠵᠢᠷᠣᠮ ᠲᠤᠯᠠ | ᠪᠤᠷᠤᠭᠤᠳᠬᠠᠬᠤ ᠶᠢᠨ ᠭᠠᠵᠠᠷ ᠦᠭᠡᠢ᠃ ᠶᠠᠭᠤ ᠴᠦ ᠭᠡᠰᠡᠨ ᠬᠠᠳᠠᠭ ᠪᠣᠯ ᠮᠡᠨᠳᠤᠴᠢᠯᠡᠨ ᠵᠣᠯᠭᠠᠬᠤ ᠶᠢᠨ ᠡᠳ᠋ ᠲᠡᠳᠣᠢ | ᠪᠢᠰᠢ᠂ ᠬᠠᠷᠢᠨ ᠠᠯᠢᠪᠠ ᠡᠳ᠋ ᠤᠨ ᠲᠡᠭᠡᠵᠢ᠂ ᠪᠡᠯᠡᠭ ᠰᠡᠯᠳᠡ ᠶᠢᠨ ᠮᠠᠩᠯᠠᠢ᠂ ᠡᠷᠳᠡᠨᠢᠰ ᠮᠡᠳᠤ ᠡᠷᠬᠢᠮ ᠡᠳ᠋ ᠮᠦᠨ | ᠭᠡᠳᠡᠭ ᠢ ᠬᠠᠳᠠᠭ ᠪᠠᠷᠢᠭᠴᠢ ᠪᠠ ᠬᠠᠳᠠᠭ ᠲᠣᠰᠣᠭᠴᠢ ᠶᠢᠨ ᠬᠡᠨ ᠠᠯᠢᠨ ᠭᠡᠰᠡᠨ ᠦᠭᠡᠢ ᠴᠡᠭᠡᠵᠢᠨ ᠳᠡᠭᠡᠨ | ᠲᠣᠭᠳᠠᠭᠠᠵᠦ ᠪᠠᠶᠢᠢᠪᠠᠯ ᠵᠣᠬᠢᠨ᠎ᠠ᠃ |