ᠠᠷᠡᠳ ᠤᠨ ᠳᠡᠭᠤᠤ ︽ᠲᠠᠶ᠋ᠨ ᠪᠦᠬᠡᠷ᠎ᠠ︾ ᠶᠢᠨ ᠢᠷᠡᠯᠳᠡ ᠬᠢᠭᠡᠳ ᠡᠭᠦᠰᠦᠯ
ᠨᠡᠶᠢᠲᠡᠯᠡᠭᠰᠡᠨ ᠴᠠᠭ᠄
2018/9/27
     ᠲᠠᠶ᠋ᠨ ᠪᠦᠬᠡᠷ᠎ᠠ ᠮᠠᠨ ᠤ ᠠᠶᠢᠯ ᠤᠨ ᠬᠦᠮᠦᠨ᠃ ᠮᠠᠨ ᠤ ᠠᠶᠢᠯ ᠬᠡᠭᠴᠢ ᠤᠳᠤ ᠶᠢᠨ ᠠᠷᠤ ᠬᠤᠷᠴᠢᠨ  ᠬᠤᠰᠢᠭᠤᠨ ᠤ ᠬᠤᠨᠲᠦ ᠪᠠᠯᠭᠠᠰᠦ ᠶᠢᠨ ᠭᠤᠤᠯ ᠭᠠᠴᠠᠭ᠎ᠠ ᠪᠤᠯᠤᠨ᠎ᠠ᠃ ᠲᠠᠶ᠋ᠨ ᠪᠦᠬᠡᠷ᠎ᠠ ᠬᠠᠷᠡᠬᠠᠨ ᠪᠠᠭ᠎ᠠ ᠳᠠᠭᠠᠨ  ᠮᠠᠨ ᠤ ᠠᠶᠢᠯ ᠤᠨ ᠸᠠᠩ ᠤᠨ ᠤᠷᠳᠤᠨ ᠳᠤ ᠲᠦᠷᠦᠵᠤ ᠦᠰᠦᠬᠡᠳ ᠠᠷᠤ ᠬᠤᠷᠴᠢᠨ ᠸᠠᠩ ᠤᠨ ᠰᠠᠭᠤᠷᠢᠨ  ᠵᠠᠯᠭᠠᠮᠵᠢᠯᠠᠬᠤ ᠳᠤᠬᠠᠢ ᠳᠡᠮᠡᠴᠡᠯ ᠤᠨ ᠳᠤᠮᠳᠡ ᠦᠷᠡᠭᠳᠡᠯ ᠪᠤᠯᠤᠭᠰᠠᠨ ᠬᠡᠤᠬᠡᠳ ᠪᠤᠯᠤᠨ᠎ᠠ᠃ ᠮᠢᠨᠤ ᠨᠤᠳᠤᠭ ᠤᠨ  ᠠᠷᠡᠳ ᠲᠦᠮᠡᠨ ︽ᠲᠠᠶ᠋ᠨ ᠪᠦᠬᠡᠷ᠎ᠠ︾ ᠬᠡᠬᠦ ᠠᠷᠡᠳ ᠤᠨ ᠳᠡᠭᠤᠤ ᠶᠢ ᠦᠶ᠎ᠠ ᠤᠯᠠᠷᠢᠨ ᠳᠡᠭᠤᠯᠠᠵᠤ ᠢᠷᠡᠭᠰᠡᠨ ᠢᠶᠠᠷ  ᠪᠠᠷᠡᠬᠤ ᠦᠭᠡᠢ ᠠᠯᠳᠡᠷᠲᠦ ᠳᠡᠭᠤᠴᠢᠨ ᠠᠯᠳᠡᠡᠴᠡᠴᠡᠭ ᠳᠤᠰ ᠳᠡᠭᠤᠤ ᠶᠢ ᠳᠡᠭᠤᠯᠠᠭᠠᠳ ᠳᠡᠯᠡᠬᠡᠢ ᠳ᠋ᠡᠬᠢᠨ ᠳᠤ  ᠠᠯᠳᠠᠷᠰᠢᠭᠤᠯᠤᠭᠰᠠᠨ ᠪᠢᠯᠨ᠃            ᠪᠢ ᠡᠨ᠋ᠨ ᠨᠤᠳᠤᠭ ᠤᠨ ᠢᠶᠠᠨ ᠠᠷᠡᠳ ᠤᠨ ᠳᠡᠭᠤᠤ ︽ᠲᠠᠶ᠋ᠨ ᠪᠦᠬᠡᠷ᠎ᠠ︾ ᠶᠢ ᠠᠬᠠᠮᠠᠳ  ᠪᠤᠭᠤᠷᠤᠯᠴᠤᠳ ᠠᠴᠠ ᠪᠠᠨ ᠰᠤᠨᠤᠰᠴᠤ ᠦᠰᠦᠭᠰᠡᠨ ᠤ ᠨᠢᠬᠡ ᠨᠢ ᠪᠤᠯᠤᠨ᠎ᠠ᠃ ᠬᠡᠳᠡᠯ᠎ᠠ ᠪᠢ ᠳᠡᠭᠤᠯᠠᠵᠤ  ᠴᠢᠳᠠᠳᠠᠭ ᠠᠴᠠ ᠪᠢᠰᠢ ᠡᠨ᠋ᠨ ᠳᠡᠭᠤᠤ ᠬᠡᠵᠢᠶ᠎ᠠ ᠬᠠᠮᠢᠭ᠎ᠠ ᠶᠠᠮᠠᠷ ᠰᠢᠯᠳᠡᠭᠠᠨ ᠢᠶᠠᠷ ᠡᠬᠦᠰᠦᠭᠰᠡᠨ᠂ ᠬᠡᠨ ᠵᠤᠬᠢᠶᠠᠭᠰᠠᠨ  ᠳᠤᠬᠠᠢ ᠳᠡᠮᠡᠢ ᠤᠶᠢᠯᠠᠭᠠᠬᠤ ᠦᠭᠡᠢ ᠪᠠᠶᠢᠯ᠎ᠠ᠃ ᠨᠡᠩ ᠴᠦ ᠠᠯᠤᠰ ᠬᠤᠯᠨ ᠶᠢᠨ ᠬᠦᠮᠦᠰ ᠡᠬᠦᠨ ᠤ ᠳᠤᠬᠠᠢ ᠳᠡᠮᠡᠢ  ᠤᠶᠢᠯᠠᠭᠠᠬᠤ ᠦᠭᠡᠢ ᠪᠠᠶᠢᠬ᠎ᠠ ᠭᠡᠵᠤ ᠪᠤᠳᠤᠬᠤᠯᠡᠷ ᠦᠨᠦᠳᠤᠷ ᠪᠢ ᠨᠡᠰᠤᠨ ᠤ ᠠᠮᠠᠷᠡᠯᠳᠡ ᠪᠠᠨ ᠠᠪᠬᠤ ᠰᠢᠬᠠᠬᠤ ᠳᠤ  ᠵᠢᠭᠠᠬᠠᠨ ᠵᠡᠪ ᠴᠢᠯᠦᠬᠡ ᠤᠯᠳᠡᠵᠤ ᠡᠨ᠋ᠨ ᠳᠤᠬᠠᠢ ᠪᠢᠴᠢᠬᠡᠳ ᠲᠠ ᠨᠡᠷ ᠤᠨ ᠢᠶᠠᠨ ᠠᠯᠠᠭᠠᠨ ᠳᠤ ᠡᠷᠬᠦᠨ ᠪᠠᠷᠢᠯ᠎ᠠ᠃            ᠮᠢᠨᠤ ᠬᠡᠷ ᠤᠨ ᠬᠠᠵᠠᠭᠤ ᠳᠤ ᠨᠢᠬᠡᠨ ᠬᠠᠭᠤᠴᠢᠨ ᠰᠢᠷᠤᠢ ᠶᠢᠨ ᠬᠡᠷᠡᠮ ᠲᠠᠢ ᠳᠤᠮᠤ ᠲᠦᠷᠪᠡᠯᠵᠢᠨ ᠬᠦᠷᠢᠶ᠎ᠠ ᠪᠤᠢ  ᠃ ᠨᠡᠳᠡ ᠶᠢ ᠠᠷᠪᠠᠭᠠᠳ ᠨᠠᠰᠤ ᠲᠠᠢ ᠪᠠᠶᠢᠬᠤ ᠳᠤ ᠬᠦᠮᠦᠰ ᠢᠷᠡᠵᠤ ᠡᠨ᠋ᠨ ᠬᠦᠷᠢᠶᠠᠨ ᠤ ᠬᠦᠬᠡ ᠳᠤᠭᠤᠰᠬ᠎ᠠ ᠪᠤᠯᠤᠨ  ᠤᠷᠡᠯᠡᠵᠤ ᠴᠠᠪᠴᠢᠭᠰᠠᠨ ᠴᠢᠯᠠᠭᠤᠨ ᠢᠡᠳᠡᠷ ᠢ ᠮᠠᠯᠳᠡᠵᠤ ᠠᠪᠠᠴᠢᠭᠠᠳ ᠬᠡᠷ ᠤᠨ ᠢᠶᠠᠨ ᠰᠠᠷᠡᠪᠴᠢ ᠳᠡᠯᠪᠢᠬᠤ ᠪᠤᠶᠤ  ᠰᠠᠭᠤᠷᠢ ᠳᠡᠯᠪᠢᠵᠤ ᠪᠠᠶᠢᠵᠡᠢ᠃ ᠲᠤᠬᠠᠢ ᠶᠢᠨ ᠦᠶ᠎ᠠ ᠪᠢ ᠨᠡᠰᠦ ᠪᠠᠭ᠎ᠠ ᠪᠤᠯᠬᠤᠷ ᠡᠨ᠋ᠨ ᠳᠤᠮᠤ ᠲᠦᠷᠪᠡᠯᠵᠢᠨ ᠬᠦᠷᠢᠶ᠎ᠠ  ᠴᠤᠬᠤᠮ ᠶᠠᠭᠤᠨ ᠤ ᠬᠦᠷᠢᠶ᠎ᠠ᠂ ᠡᠨ᠋ᠨ ᠳᠤᠳᠤᠷ᠎ᠠ ᠶᠠᠭᠤ ᠬᠢᠵᠤ ᠪᠠᠶᠢᠭᠰᠠᠨ ᠢ ᠮᠡᠳᠡᠬᠦ ᠦᠭᠡᠢ ᠪᠠᠶᠢᠵᠡᠢ᠃ ᠬᠤᠵᠢᠮ ᠨᠢ  ᠦᠬᠡᠯᠡᠢ ᠪᠤᠯᠵᠦ ᠠᠬᠠᠮᠠᠳ ᠳᠤᠮᠤᠭᠠᠳᠡᠳ ᠪᠤᠯᠤᠨ ᠨᠤᠮ ᠵᠤᠬᠢᠶᠠᠯ ᠠᠴᠠ ᠡᠨ᠋ᠨ ᠪᠤᠯ ᠠᠷᠤ ᠬᠤᠷᠴᠢᠨ ᠬᠤᠰᠢᠭᠤᠨ ᠤ  ᠸᠠᠩ ᠤᠨ ᠤᠷᠳᠤᠨ ᠬᠡᠳᠡᠭ ᠢ ᠮᠡᠳᠡᠯ᠎ᠠ᠃ ᠲᠠᠶ᠋ᠨ ᠪᠦᠬᠡᠷ᠎ᠠ ᠨᠢᠯᠬ᠎ᠠ ᠪᠠᠭ᠎ᠠ ᠨᠠᠰᠤᠨ ᠳᠠᠭᠠᠨ ᠡᠨ᠋ᠨ ᠤᠷᠳᠤᠨ ᠳᠤ  ᠲᠦᠷᠦᠵᠤ ᠨᠠᠭᠠᠳᠴᠤ ᠳᠤᠭᠯᠠᠵᠤ ᠪᠠᠶᠢᠭᠰᠠᠨ ᠢ ᠤᠬᠠᠭᠠᠷᠡᠵᠡᠢ᠃            ᠡᠨ᠋ᠨ ᠬᠦᠷᠢᠶ᠎ᠠ ᠶᠢ ᠵᠤᠷᠰᠢᠯ ᠢᠶᠠᠷ ︽ᠬᠠᠭᠤᠴᠢᠨ ᠸᠠᠩ ᠤᠨ ᠬᠦᠷᠢᠶ᠎ᠠ︾ ᠬᠡᠳᠡᠭ᠃ ᠡᠨ᠋ᠨ ᠸᠠᠩ ᠤᠨ  ᠤᠷᠳᠤᠨ ᠤ ᠬᠦᠷᠢᠶ᠎ᠠ ᠶᠢᠨ ᠤᠷᠲᠦ ᠨᠢ 445 ᠮᠧᠳ᠋ᠷ᠂ ᠦᠷᠬᠡᠨ ᠢᠶᠠᠷ ᠢᠶᠠᠨ 495 ᠮᠧᠳ᠋ᠷ᠃ ᠲᠦᠷᠪᠡᠨ  ᠦᠡᠴᠦᠭ ᠲᠡᠭᠡᠨ ᠳᠤᠮᠤ ᠫᠤᠤᠲ᠋ᠠᠢ ᠲᠠᠢ᠃ ᠡᠮᠦᠨ᠎ᠠ ᠨᠢ ᠶᠡᠭᠡ ᠡᠬᠦᠳᠡ᠂ ᠵᠡᠬᠦᠨ ᠪᠠᠷᠡᠭᠤᠨ ᠳᠡᠯ᠎ᠠ ᠳᠤᠨᠢ ᠪᠠᠭ᠎ᠠ  ᠡᠬᠦᠳᠡ ᠲᠠᠢ᠃ ᠤᠲᠦ ᠬᠡᠳ ᠬᠡᠷᠡᠮ ᠤᠨ ᠦᠷᠬᠡᠨ ᠨᠢ ᠨᠢᠬᠡ ᠮᠧᠳ᠋ᠷ ᠢᠯᠡᠬᠦᠤ᠂ ᠦᠡᠲᠦᠷ ᠨᠢ ᠭᠤᠷᠪᠠᠨ ᠮᠧᠳ᠋ᠷ  ᠢᠯᠡᠬᠦᠤ ᠪᠠᠶᠢᠵᠤ᠂ ᠪᠠᠷᠡᠭᠤᠨ ᠡᠮᠦᠨᠡᠬᠢ᠂ ᠵᠡᠬᠦᠨ ᠡᠮᠦᠨᠡᠬᠢ᠂ ᠵᠡᠬᠦᠨ ᠬᠤᠶᠢᠲᠦ ᠦᠡᠴᠦᠭ ᠤᠨ ᠭᠤᠷᠪᠠᠨ ᠫᠤᠤᠲ᠋ᠠᠢ ᠨᠢ  ᠪᠠᠶᠢᠭᠰᠠᠭᠠᠷ᠃ ᠳᠤᠰ ᠬᠦᠷᠢᠶ᠎ᠠ ᠶᠢ 1748 ᠤᠨ ᠳᠤ ᠠᠷᠤ ᠬᠤᠷᠴᠢᠨ ᠬᠤᠰᠢᠭᠤᠨ ᠤ ᠸᠠᠩ ᠳᠠᠭᠳᠠᠠᠸᠠᠩᠴᠤᠭ  ᠪᠡᠬᠡᠵᠢᠩ ᠤᠨ ᠬᠠᠭᠠᠨ ᠤ ᠤᠷᠳᠤᠨ ᠢ ᠳᠡᠭᠤᠷᠢᠶᠠᠵᠤ ᠪᠠᠶᠢᠭᠤᠯᠤᠭᠰᠠᠨ ᠶᠤᠮ᠃            ᠡᠨᠡᠬᠦ ᠠᠷᠤ ᠬᠤᠷᠴᠢᠨ ᠸᠠᠩ ᠤᠨ ᠤᠷᠳᠤᠨ ᠨᠢ ᠪᠤᠭᠳᠡ ᠠᠭᠤᠯᠨ ᠪᠠᠷ ᠲᠦᠰᠢᠯᠬᠡ ᠪᠤᠯᠭᠠᠵᠤ ᠡᠮᠦᠨᠡᠰᠢ ᠪᠠᠨ  ᠠᠷᠢᠭᠤᠨ ᠬᠤᠸ᠋ᠨ ᠪᠠᠷ ᠬᠠᠷᠡᠴᠠ ᠪᠤᠯᠭᠠᠨ ᠳᠤᠬᠤᠮᠳᠡᠢ ᠭᠤᠤᠯ ᠢ ᠬᠤᠷᠮᠦ᠋ᠢᠯᠠᠵᠤ᠂ ᠦᠯᠵᠡᠶᠢᠲᠦ ᠬᠤᠸ᠋ᠨ ᠪᠠᠷ ᠪᠡᠯᠬᠡ  ᠳᠡᠮᠳᠡᠭ ᠪᠤᠯᠭᠠᠵᠤ᠂ ᠳᠡᠭᠰᠢ ᠰᠠᠶᠢᠬᠠᠨ ᠨᠤᠭᠤᠭᠠᠨ ᠳᠡᠯ᠎ᠠ ᠶᠢᠨ ᠳᠡᠡᠵᠢᠨ ᠳᠤ ᠦᠵᠡᠮᠵᠢᠲᠦ ᠠᠭᠤᠯᠨ ᠪᠠᠷ ᠴᠢᠮᠡᠭ  ᠪᠤᠯᠭᠠᠨ ᠪᠠᠶᠢᠷᠢᠯᠡᠵᠡᠢ᠃ ᠠᠯᠢ ᠡᠷᠳᠡ ᠠᠴᠠ ᠭᠠᠵᠠᠷ ᠤᠰᠤᠨ ᠤ ᠰᠢᠡᠵᠢᠭᠡᠴᠢᠳ ᠡᠨ᠋ᠨᠬᠦ ᠨᠤᠳᠤᠭ ᠢ ᠠᠭᠤᠯᠠᠰ ᠤᠨ  ᠨᠦᠮᠦᠷᠢ ᠤᠰᠤᠨ ᠤ ᠤᠡᠳᠤᠷᠤᠮᠠᠯ ᠲᠠᠢ ᠬᠡᠰᠢᠭ ᠪᠤᠶᠠᠨ ᠢᠪᠡᠬᠡᠭᠰᠡᠨ ᠳᠡᠬᠦᠰ ᠪᠦᠷᠢᠲᠦᠭᠰᠡᠨ ᠭᠠᠵᠠᠷ ᠭᠡᠵᠤ  ᠰᠤᠩᠭᠤᠵᠤ ᠦᠭᠬᠦᠭᠰᠡᠨ ᠠᠵᠢ᠃          1867 ᠤᠨ ᠳᠤ ᠠᠷᠪᠠᠨ ᠭᠤᠷᠪᠠᠳᠤᠭᠠᠷ ᠦᠶ᠎ᠠ ᠶᠢᠨ ᠵᠠᠰᠠᠭ ᠪᠠᠷᠢᠭᠴᠢ ᠪᠠᠼᠠᠷᠬᠢᠷᠢᠳᠢ ᠵᠠᠰᠠᠭ ᠵᠠᠯᠭᠠᠮᠵᠢᠯᠠᠵᠤ  ᠠᠷᠤ ᠬᠤᠷᠴᠢᠨ ᠬᠤᠰᠢᠭᠤᠨ ᠤ ᠸᠠᠩ ᠤᠨ ᠰᠠᠭᠤᠷᠢᠨ ᠳᠤ ᠰᠠᠭᠤᠪᠠ᠃ ᠳᠠᠷᠤᠢ ᠠᠷᠡᠳ ᠤᠨ ᠳᠡᠭᠤᠤ ︽ᠲᠠᠶ᠋ᠨ  ᠪᠦᠬᠡᠷ᠎ᠠ︾ ᠬᠡᠬᠦ ᠳᠡᠭᠤᠤ ᠳᠤ ᠳᠡᠭᠤᠯᠠᠳᠠᠭ ᠲᠠᠶ᠋ᠨ ᠪᠦᠬᠡᠷ᠎ᠠ ᠶᠢᠨ ᠡᠴᠢᠬᠡ ᠨᠢ ᠪᠤᠯᠤᠨ᠎ᠠ᠃ ᠪᠠᠼᠠᠷᠬᠢᠷᠢᠳᠢ ᠬᠠᠷᠡᠬᠠᠨ  ᠪᠠᠭ᠎ᠠ ᠠᠴᠠ ᠪᠠᠨ ᠡᠴᠢᠬᠡ ᠷᠡᠰᠢᠵᠤᠩᠨᠠᠢ ᠠᠴᠠ ᠪᠠᠨ ᠰᠠᠯᠵᠤ ᠭᠤᠷᠪᠠᠭ᠋ᠠᠨ ᠨᠠᠰᠦ ᠲᠠᠢ ᠵᠠᠰᠠᠭ ᠤᠨ ᠬᠡᠷᠬᠡᠮ  ᠵᠠᠯᠭᠠᠮᠵᠢᠯᠠᠵᠡᠢ᠃ ᠳᠤᠬᠠᠢ ᠶᠢᠨ ᠦᠶ᠎ᠠ ᠳᠤ ᠬᠡᠲᠦ᠋ᠢᠪᠡᠷ ᠬᠤᠰᠢᠭᠤᠨ ᠤ ᠨᠤᠶᠠᠳ ᠬᠠᠪᠰᠤᠷᠤᠨ ᠳᠤᠰᠠᠯᠠᠵᠤ ᠪᠠᠶᠢᠯ᠎ᠠ  ᠬᠡᠳᠡᠭ ᠪᠤᠯᠪᠠᠴᠤ ᠭᠤᠤᠯ ᠡᠷᠬᠡ ᠶᠢ ᠳᠡᠬᠦᠨ ᠤ ᠡᠬᠡ ᠬᠡᠰᠢᠭᠳᠡᠨ ᠹᠦᠵᠢᠨ ᠬᠠᠳᠤᠨ ᠬᠦᠮᠦᠳᠡ ᠠᠳᠬᠤᠵᠤ ᠪᠠᠶᠢᠵᠡᠢ᠃  ᠳᠠᠷᠨ ᠦᠨᠦᠴᠢᠨ ᠪᠠᠭ᠎ᠠ ᠪᠠᠼᠠᠷᠬᠢᠷᠢᠳᠢ ᠪᠠᠨ ᠠᠮᠢᠲᠦ ᠡᠷᠳᠡᠨᠢ ᠪᠠᠷ ᠦᠵᠡᠵᠤ ︽ᠠᠮᠠᠨ ᠳᠠᠭᠠᠨ ᠬᠢᠪᠡᠯ ᠬᠠᠶᠢᠯᠠᠴᠢᠬᠠᠮᠡᠷ  ᠂ ᠠᠯᠠᠭᠠᠨ ᠳᠡᠬᠡᠷ᠎ᠠ ᠪᠠᠨ ᠳᠡᠯᠪᠢᠪᠠᠯ ᠪᠦᠮᠪᠦᠷᠢᠴᠢᠬᠡᠮᠡᠷ︾ ᠬᠠᠶᠢᠷᠠᠯᠠᠨ᠂ ᠡᠨᠡᠷᠢᠩᠬᠦᠢ ᠦᠷᠦᠰᠢᠶᠠᠯ᠂ ᠠᠭᠤᠴᠢᠯᠠᠯ  ᠦᠵᠡᠬᠦᠯᠦᠭᠰᠡᠬᠡᠷ ᠪᠠᠶᠢᠵᠤ ᠡᠷᠬᠡ ᠳᠡᠩᠬᠠᠢ ᠦᠰᠬᠡᠵᠤ ᠬᠦᠮᠦᠵᠢᠬᠦᠯᠵᠡᠢ᠃ ᠢᠩᠬᠢᠬᠡᠳ ᠪᠠᠼᠠᠷᠬᠢᠷᠢᠳᠢ ᠰᠤᠪᠢᠯᠠᠭᠴᠢ  ᠬᠡᠤᠬᠡᠨ ᠪᠦᠮᠠᠳᠮ᠎ᠠ ᠲᠠᠢ ᠰᠡᠳᠬᠢᠯ ᠲᠠᠢ ᠪᠤᠯᠵᠤ ᠬᠦᠯ ᠭᠠᠷ ᠲᠠᠢ ᠪᠤᠯᠤᠭᠠᠳ ᠰᠤᠪᠢᠯᠠᠨ ᠠᠰᠠᠷᠠᠳᠠᠭ ᠪᠦᠮᠠᠳᠮ᠎ᠠ ᠶᠢ  ᠵᠢᠷᠮᠦᠰᠤᠨ ᠪᠤᠯᠭᠠᠵᠡᠢ᠃ ᠪᠦᠮᠠᠳᠮ᠎ᠠ ᠶᠢᠨ ᠬᠡᠳᠡᠰᠦ ᠪᠦᠲᠦᠬᠦᠷᠡᠬᠦ ᠳᠤᠳᠤᠮ ᠸᠠᠩ ᠤᠨ ᠤᠷᠳᠤᠨ ᠳᠤ ᠦᠢᠮᠡᠬᠡᠨ  ᠱᠤᠤᠬᠢᠶᠠᠨ ᠪᠤᠯᠪᠠ᠃ ᠡᠬᠦᠨ ᠳᠤ ᠪᠡᠼᠡᠷᠬᠢᠷᠢᠲᠢ ᠶᠢᠨ ᠡᠬᠡ ᠬᠦᠮᠤᠳᠡ ᠬᠠᠳᠤᠨ ᠪᠠᠼᠠᠷᠬᠢᠷᠢᠳᠢ ᠬᠦᠤ ᠪᠠᠨ ᠨᠢᠬᠡᠨ  ᠪᠠᠶᠢᠷᠢ ᠰᠠᠭᠤᠷᠢ ᠨᠢ ᠳᠤᠤᠷ᠎ᠠ᠂ ᠡᠬᠦᠳᠡ ᠡᠷᠦᠬᠡ ᠳᠡᠩᠴᠡᠬᠦ ᠦᠭᠡᠢ᠂ ᠵᠡᠷᠬᠡ ᠳᠡᠰ᠂ ᠨᠡᠷ᠎ᠠ ᠲᠦᠷᠦ ᠦᠭᠡᠢ  ᠬᠦᠮᠦᠨ ᠤ ᠬᠡᠤᠬᠡᠨ ᠲᠠᠢ ᠶᠠᠪᠤᠯᠴᠠᠵᠤ ᠵᠢᠷᠮᠦᠰᠤᠨ ᠪᠤᠯᠭᠠᠯ᠎ᠠ ᠬᠡᠳ ᠲᠦᠢᠯ ᠢᠶᠠᠷ ᠭᠠᠴᠢᠠᠠᠳᠡᠬᠤ ᠪᠤᠯᠪᠠ᠃ ᠨᠡᠩ ᠴᠦ  ᠡᠬᠦᠳᠡ ᠡᠷᠦᠬᠡ ᠶᠢ ᠪᠤᠵᠠᠷᠯᠠᠵᠤ᠂ ᠡᠪᠦᠭᠡ ᠳᠡᠬᠡᠲᠦᠰ ᠤᠨ ᠨᠡᠷ᠎ᠠ ᠨᠢᠭᠤᠷ ᠢ ᠭᠤᠳᠤᠭᠠᠯ᠎ᠠ ᠭᠡᠵᠤ ᠢᠴᠢᠵᠤ ᠵᠤᠪᠠᠭᠠᠳ  ᠠᠭᠤᠷᠯᠠᠨ ᠪᠠᠴᠢᠮᠳᠡᠬᠤ ᠶᠢᠨ ᠲᠦᠢᠯ ᠳᠤ ᠳᠤᠯᠪᠡ᠃ ᠬᠡᠪᠡᠴᠤ ᠤᠴᠢᠷ ᠨᠢᠬᠡᠨᠳᠡ ᠡᠶᠢᠮᠤ ᠪᠤᠯᠤᠭᠰᠠᠨ ᠪᠤᠯᠬᠤᠷ ᠠᠷᠭ᠎ᠠ  ᠪᠠᠷᠡᠬᠤ ᠳᠠᠭᠠᠨ ᠪᠦᠮᠠᠳᠮ᠎ᠠ ᠬᠡᠤᠬᠡᠨ ᠢ ᠪᠠᠼᠠᠷᠬᠢᠷᠢᠳᠢ ᠳᠤ ᠪᠠᠭᠤᠯᠭᠠᠬᠤ ᠯᠨ ᠬᠡᠷᠡᠭᠳᠡᠢ ᠪᠤᠯᠵᠡᠢ᠃            1883 ᠤᠨ ᠳᠤ ᠪᠦᠮᠠᠳᠮ᠎ᠠ ᠬᠡᠤᠬᠡᠨ ᠢ ᠪᠠᠼᠠᠷᠬᠢᠷᠢᠳᠢ ᠳᠤ ᠰᠤᠯᠨ ᠳᠡᠳᠡᠪᠤᠷᠢ ᠪᠠᠷ ᠪᠠᠭᠤᠯᠭᠠᠨ ᠦᠭᠪᠡ᠃  ᠵᠢᠷᠮᠤᠰᠤᠨ ᠪᠠᠶᠢᠭᠰᠠᠨ ᠤᠴᠢᠷ ᠳᠡᠮᠡᠢ ᠤᠳᠡᠯ ᠦᠭᠡᠢ ᠨᠢᠬᠡ ᠬᠦᠤ ᠲᠦᠷᠦᠪᠡ᠃ ᠡᠨ᠋ᠨ ᠬᠦᠤ ᠨᠢ ᠳᠠᠷᠤᠢ ᠲᠠᠶ᠋ᠨ  ᠪᠦᠬᠡᠷ᠎ᠠ ᠲᠠᠢ ᠸᠠᠩ ᠤᠨ ᠰᠠᠭᠤᠷᠢᠨ ᠪᠤᠯᠢᠶᠠᠯᠳᠤᠵᠤ ᠬᠤᠵᠢᠮ ᠨᠢ ᠠᠷᠤ ᠬᠤᠷᠴᠢᠨ ᠤ ᠸᠠᠩ ᠤᠨ ᠰᠠᠭᠤᠷᠢᠨ ᠢ  ᠵᠠᠯᠭᠠᠮᠵᠢᠯᠠᠭᠰᠠᠨ ᠸᠠᠩᠴᠢᠡᠫᠧᠷᠯᠠᠢ ᠪᠤᠯᠤᠨ᠎ᠠ᠃ ᠸᠠᠩᠴᠢᠡᠫᠧᠷᠯᠠᠢ ᠰᠤᠯᠨ ᠳᠡᠳᠡᠪᠤᠷᠢ ᠠᠴᠠ ᠲᠦᠷᠦᠭᠰᠡᠨ ᠳᠤᠯᠨ ᠨᠡᠷ᠎ᠠ  ᠲᠦᠪ ᠦᠭᠡᠢ᠂ ᠨᠢᠳᠡᠷ ᠲᠡᠭᠡᠨ ᠳᠡᠩᠴᠡᠬᠦ ᠦᠭᠡᠢ᠂ ᠢᠷᠡᠬᠡᠲᠦᠢ ᠦᠭᠡᠢ ᠬᠡᠳ ᠬᠡᠰᠢᠭᠳᠡᠨ ᠹᠦᠵᠢᠨ ᠬᠠᠳᠤᠨ ᠬᠦᠮᠤᠳᠡ  ᠵᠡᠪᠡᠯ ᠪᠡᠼᠠᠷᠬᠢᠷᠢᠳᠢ ᠳᠤ ᠨᠡᠷ᠎ᠠ ᠲᠦᠪ ᠨᠢᠳᠡᠷ ᠲᠡᠭᠡᠨ ᠨᠡᠶᠢᠴᠡᠭᠰᠡᠨ ᠬᠠᠳᠤᠨ ᠪᠠᠭᠤᠯᠭᠠᠵᠤ ᠦᠭᠬᠦ ᠶᠢ ᠡᠲᠦᠷ ᠤᠨ  ᠪᠤᠳᠤᠯ ᠰᠦᠨᠢ ᠶᠢᠨ ᠵᠡᠬᠦᠳᠦᠨ ᠳᠡᠭᠡᠨ ᠪᠤᠳᠤᠬᠤ ᠪᠤᠯᠵᠡᠢ᠃ ᠡᠬᠡ ᠬᠦᠮᠦᠳᠡ ᠵᠠᠩ ᠠᠭᠠᠯᠢ ᠬᠡᠳᠡᠷ ᠳᠤᠭᠰᠢᠨ᠂ ᠡᠷᠡᠰ  ᠳᠠᠰᠤᠷᠬᠠᠢ᠂ ᠶᠠᠮᠠᠷ ᠴᠦ ᠬᠦᠴᠦᠨ ᠳᠤ ᠰᠦᠷᠳᠡᠬᠦ ᠦᠭᠡᠢ ᠵᠠᠩ ᠲᠠᠢ ᠳᠤᠯᠨ ᠦᠪᠡᠷ ᠤᠨ ᠰᠠᠨᠠᠭ᠎ᠠ ᠪᠠᠷ ᠢᠶᠠᠨ  ᠬᠦᠪᠡᠬᠦᠨ ᠪᠠᠼᠠᠷᠬᠢᠷᠢᠳᠢ ᠳᠤ ᠨᠡᠷ᠎ᠠ ᠲᠦᠷᠦ ᠲᠠᠢ ᠬᠠᠳᠤᠨ ᠪᠠᠭᠤᠯᠭᠠᠵᠤ ᠳᠤᠳᠤᠭᠠᠳᠤ ᠤᠷᠳᠤᠨ ᠢ ᠪᠠᠭᠴᠠᠯᠠᠵᠤ  ᠵᠠᠰᠠᠭ ᠲᠤ ᠳᠤᠯᠭᠠᠭᠤᠷᠢ ᠬᠦᠴᠦᠨ ᠪᠤᠯᠭᠠᠬᠤ ᠪᠠᠷ ᠳᠤᠭᠳᠡᠵᠡᠢ᠃ ᠢᠩᠬᠢᠬᠡᠳ ᠨᠢᠬᠡᠨ ᠡᠲᠦᠷ ᠬᠦᠮᠦᠳᠡ  ‍ᠦᠩᠭᠡᠷᠡᠭᠰᠡᠨ ᠳᠤ ᠪᠡᠬᠡᠵᠢᠩ ᠳᠤ ᠵᠠᠷᠭᠤ ᠬᠢᠵᠤ ᠪᠠᠶᠢᠬᠤ ᠦᠶ᠎ᠠ ᠳᠤ ᠳᠠᠨᠢᠯᠴᠠᠭᠰᠠᠨ ᠮᠤᠩᠭᠤᠯᠵᠢᠨ ᠬᠤᠰᠢᠭᠤᠨ ᠤ  ᠵᠠᠰᠠᠭ ᠸᠠᠩ ᠵᠢᠭᠮᠡᠳᠵᠡᠪ ᠢ ᠪᠤᠳᠤᠨ ᠤᠯᠪᠠ᠃ ᠳᠡᠬᠦᠨ ᠳᠤ ᠨᠢᠬᠡ ᠬᠡᠤᠬᠡᠨ ᠲᠠᠢ᠂ ᠦᠩᠬᠡ ᠵᠢᠰᠦ ᠪᠤᠯᠪᠠᠷᠡᠢ ᠵᠦᠬᠡᠯᠡᠨ  ᠤᠬᠠᠭᠠᠨ ᠰᠠᠨᠠᠭ᠎ᠠ ᠬᠤᠤᠰᠯᠠᠭᠰᠠᠨ ᠢᠶᠠᠷ ᠪᠠᠷᠡᠬᠤ ᠦᠭᠡᠢ ᠨᠤᠮ ᠪᠢᠴᠢᠭ ᠢ ᠬᠢᠴᠢᠶᠡᠭᠰᠡᠨ ᠬᠡᠤᠬᠡᠨ ᠪᠠᠶᠢᠯ᠎ᠠ᠃ ᠡᠨ᠋ᠨ  ᠬᠡᠤᠬᠡᠨ ᠤ ᠨᠡᠷ᠎ᠠ ᠨᠢ ᠨᠠᠩᠰᠤᠯᠮ᠎ᠠ ᠬᠡᠳᠡᠭ᠃ ᠢᠩᠬᠢᠬᠡᠳ ᠮᠤᠩᠭᠤᠯᠵᠢᠨ ᠵᠠᠰᠠᠭ ᠸᠠᠩ ᠵᠢᠭᠮᠡᠳᠵᠡᠪ ᠤᠨ ᠬᠡᠤᠬᠡᠨ  ᠨᠠᠩᠰᠤᠯᠮ᠎ᠠ ᠶᠢ ᠪᠠᠼᠡᠷᠬᠢᠷᠢᠳᠢ ᠳᠤ ᠲᠦᠷᠦ ᠶᠤᠰᠤᠭᠠᠷ ᠬᠠᠳᠤᠨ ᠪᠤᠯᠭᠠᠵᠤ ᠪᠠᠭᠤᠯᠭᠠᠪᠠ᠃ 1883 ᠤᠨ ᠳᠤ ᠡᠨᠡᠬᠦ  ᠮᠤᠩᠭᠤᠯᠵᠢᠨ ᠬᠠᠳᠤᠨ ᠨᠠᠩᠰᠤᠯᠮ᠎ᠠ ᠠᠴᠠ ᠨᠢᠬᠡ ᠬᠦᠤ ᠲᠦᠷᠦᠪᠡ᠃ ᠡᠨ᠋ᠨ ᠬᠦᠤ ᠪᠤᠯ ᠳᠠᠷᠤᠢ ᠲᠠᠶ᠋ᠨ ᠪᠦᠬᠡᠷ᠎ᠠ  ᠪᠤᠯᠤᠨ᠎ᠠ᠃ ᠲᠠᠶ᠋ᠨ ᠪᠦᠬᠡᠷ᠎ᠠ ᠶᠢ ᠲᠦᠷᠦᠮᠡᠭᠴᠡ ᠭᠤᠮᠪᠤᠳᠤᠷᠵᠢ ᠬᠡᠰᠡᠨ ᠨᠡᠷ᠎ᠠ ᠬᠠᠶᠢᠷᠡᠯᠡᠵᠡᠢ᠃ ᠡᠨᠡᠬᠦ ᠭᠤᠮᠪᠤᠳᠤᠷᠵᠢ  ᠬᠦᠤ ᠨᠢ ᠠᠬᠠᠮᠠᠳ ᠬᠦᠤ ᠤᠴᠢᠷ ᠬᠦᠮᠦᠰ ᠡᠩᠬᠦᠷᠡᠶᠢᠯᠡᠨ ᠬᠦᠡᠳᠤᠯᠠᠵᠤ᠂ ᠬᠢᠳᠡᠳ ᠳᠡᠭᠤᠳᠠᠯᠭ᠎ᠠ ᠶᠢ ᠳᠡᠭᠤᠷᠢᠶᠠᠵᠤ  ︽ᠲᠠᠶ᠋ᠨ︾ ᠭᠡᠵᠤ ᠳᠡᠭᠤᠳᠡᠬᠤ ᠪᠤᠯᠵᠡᠢ᠃ ᠢᠩᠬᠢᠬᠡᠳ ᠭᠤᠮᠪᠤᠳᠤᠷᠵᠢ ︽ᠲᠠᠶ᠋ᠨ︾ ᠨᠡᠷ᠎ᠠ ᠤᠯᠤᠭᠰᠠᠨ ᠶᠤᠮ᠃  ᠬᠤᠵᠢᠮ ᠨᠢ ᠬᠦᠮᠦᠰ ︽ᠲᠠᠶ᠋ᠨ ᠪᠦᠬᠡᠷ᠎ᠠ︾ ᠭᠡᠵᠤ ᠡᠩᠬᠦᠷᠡᠶᠢᠯᠡᠨ ᠳᠡᠭᠤᠳᠡᠬᠤ ᠪᠤᠯᠪᠠ᠃            1885 ᠤᠨ ᠤ ᠵᠤᠨ ᠲᠠᠶ᠋ᠨ ᠪᠦᠬᠡᠷ᠎ᠠ ᠢᠳᠡᠬᠡᠨ ᠳᠤ ᠬᠤᠤᠷᠠᠳᠠᠭᠳᠡᠨ ᠡᠩᠬᠦᠷᠡᠢ ᠪᠠᠭ᠎ᠠ ᠨᠡᠰᠦ ᠪᠠᠨ ᠠᠯᠳᠡᠪᠡ  ᠃ ᠦᠬᠡᠷ᠎ᠠ ᠪᠠᠷ ᠬᠡᠯᠡᠪᠡᠯ ᠵᠢᠩᠬᠢᠨᠢ ᠬᠠᠳᠤᠨ ᠨᠠᠩᠰᠤᠯᠮ᠎ᠠ ᠶᠢᠨ ᠬᠦᠤ ᠲᠠᠶ᠋ᠨ ᠪᠦᠬᠡᠷ᠎ᠠ ᠸᠠᠩ ᠤᠨ ᠵᠠᠰᠠᠭ ᠵᠠᠯᠭᠠᠮᠵᠢᠯᠠᠬᠤ  ᠤᠤ︖ ᠰᠤᠯᠨ ᠳᠡᠳᠡᠪᠤᠷᠢ ᠪᠦᠮᠠᠳᠮ᠎ᠠ ᠠᠴᠠ ᠲᠦᠷᠦᠭᠰᠡᠨ ᠬᠦᠤ ᠸᠠᠩᠴᠢᠡᠫᠧᠷᠯᠠᠢ ᠵᠠᠰᠠᠭ ᠵᠠᠯᠭᠠᠮᠵᠢᠯᠠᠬᠤ ᠶᠤᠮ ᠤᠤ︖  ᠬᠡᠳᠡᠭ ᠬᠤᠷᠴᠠ ᠰᠢᠷᠦᠬᠦᠨ ᠤᠷᠳᠤᠨ ᠬᠦᠷᠢᠶᠠᠨ ᠤ ᠶᠡᠭᠡ ᠳᠡᠮᠡᠴᠡᠯ ᠤᠨ ᠳᠤᠮᠳᠡ ᠲᠠᠶ᠋ᠨ ᠪᠦᠬᠡᠷ᠎ᠠ ᠦᠷᠡᠭᠳᠡᠯ  ᠪᠤᠯᠤᠭᠰᠠᠨ ᠪᠠᠶᠢᠨ᠎ᠠ᠃ ᠡᠬᠡ ᠪᠤᠯᠤᠭᠰᠠᠨ ᠨᠠᠩᠰᠤᠯᠮ᠎ᠠ ᠦᠪᠡᠷ ᠤᠨ ᠬᠠᠮᠤᠭ ᠤᠨ ᠬᠠᠶᠢᠷᠡᠲᠦ ᠦᠷ᠎ᠠ ᠪᠠᠨ  ᠠᠯᠳᠠᠭᠰᠠᠨ ᠳᠠᠭᠠᠨ ᠰᠡᠳᠬᠢᠯ ᠡᠪᠬᠡᠷᠡᠨ ᠤᠶᠠᠷᠡᠨ ᠵᠤᠪᠠᠵᠤ ᠭᠤᠳᠤᠷᠡᠬᠤ ᠶᠢᠨ ᠲᠦᠢᠯ ᠳᠤ ᠳᠤᠯᠵᠡᠢ᠃ ᠬᠦᠮᠦᠨ  ᠬᠡᠳᠡᠭ ᠠᠮᠢᠳᠡᠨ ᠬᠠᠮᠤᠭ ᠤᠨ ᠵᠤᠪᠠᠭ᠋ᠤ ᠦᠶ᠎ᠠ ᠳᠤ ᠦᠪᠡᠷ ᠤᠨ ᠬᠠᠮᠤᠭ ᠤᠨ ᠬᠠᠶᠢᠷᠡᠳᠡᠢ ᠨᠤᠳᠤᠭ ᠤᠰᠤ ᠡᠯᠢᠬᠡᠨ  ᠰᠠᠳᠤᠨ ᠢᠶᠠᠨ ᠰᠠᠨᠠᠭᠠᠯᠵᠠᠳᠠᠭ ᠶᠤᠮ ᠪᠠᠶᠢᠨ᠎ᠠ᠃ ᠡᠬᠦᠨ ᠲᠠᠢ ᠠᠳᠡᠯᠢ ᠪᠠᠷ ᠨᠠᠩᠰᠤᠯᠮ᠎ᠠ ᠬᠠᠳᠤᠨ ᠦᠪᠡᠷ ᠤᠨ ᠨᠢᠯᠬ᠎ᠠ  ᠪᠠᠭ᠎ᠠ ᠡᠩᠬᠦᠷᠡᠢ ᠬᠠᠶᠢᠷᠡᠲᠦ ᠲᠠᠶ᠋ᠨ ᠪᠦᠬᠡᠷ᠎ᠠ ᠪᠠᠨ ᠠᠯᠳᠠᠭᠰᠠᠨ ᠤᠴᠢᠷ ᠦᠪᠡᠷ ᠤᠨ ᠡᠷᠬᠡ ᠦᠭᠡᠢ ᠲᠦᠷᠦᠭᠰᠡᠨ  ᠨᠤᠳᠤᠭ ᠮᠤᠩᠭᠤᠯᠵᠢᠨ ᠬᠤᠰᠢᠭᠤ ᠪᠠᠨ ᠳᠤᠷᠡᠰᠤᠨ ᠰᠠᠨᠠᠭᠠᠯᠵᠠᠬᠤ ᠪᠤᠯᠤᠭᠰᠠᠨ ᠪᠠᠶᠢᠨ᠎ᠠ᠃ ᠬᠠᠳᠤᠨ ᠨᠠᠩᠰᠤᠯᠮ᠎ᠠ  ᠸᠠᠩ ᠤᠨ ᠤᠷᠳᠤᠨ ᠤ ᠲᠦᠰᠢᠯᠬᠡ ᠪᠤᠯᠤᠭᠰᠠᠨ ᠪᠤᠭᠳᠡ ᠠᠭᠤᠯᠨ ᠪᠠᠷ ᠰᠡᠳᠬᠢᠯ ᠪᠤᠬᠢᠨᠢᠳᠤᠨ ᠳᠤᠭᠤᠷᠢᠬᠤ ᠳᠠᠭᠠᠨ ︽ ᠲᠠᠶ᠋ᠨ ᠪᠦᠬᠡᠷ᠎ᠠ︾ ᠬᠡᠬᠦ ᠳᠡᠭᠤᠤ ᠶᠢ ᠬᠢᠩᠰᠢᠵᠤ᠂ ᠳᠤᠰᠠᠯᠠᠭᠴᠢ ᠬ᠋ᠸᠡᠳᠤᠨ᠂ ᠪᠢᠴᠢᠬᠡᠴᠢ ᠵᠢᠯᠢᠩᠭ᠎ᠠ ᠨᠡᠷ ᠬᠠᠪᠰᠤᠷᠤᠨ  ︽ᠲᠠᠶ᠋ᠨ ᠪᠦᠬᠡᠷ᠎ᠠ︾ ᠬᠡᠬᠦ ᠠᠷᠡᠳ ᠤᠨ ᠳᠡᠭᠤᠤ ᠵᠤᠬᠢᠶ᠋ᠬᠠᠰᠡᠨ ᠪᠠᠶᠢᠵᠡᠢ᠃            ᠮᠢᠨᠤ ᠨᠤᠳᠤᠭ ᠤᠨ ᠪᠤᠭᠤᠷᠤᠯᠴᠤᠳ ︽ᠲᠠᠶ᠋ᠨ ᠪᠦᠬᠡᠷ᠎ᠠ︾ ᠬᠡᠬᠦ ᠠᠷᠡᠳ ᠤᠨ ᠳᠡᠭᠤᠤ ᠶᠢ ᠪᠠᠳᠠᠭ ᠤᠷᠬᠢᠨ᠋ᠠᠳᠡᠯ  ᠦᠭᠡᠢ ᠳᠤᠤᠷᠡᠬᠢ ᠮᠡᠲᠦ ᠪᠦᠷᠢᠨ ᠪᠦᠲᠦᠨ ᠳᠡᠭᠤᠯᠠᠭᠰᠠᠭᠠᠷ ᠢᠷᠡᠵᠡᠢ᠃             ︽1. ᠬᠦᠬᠡ ᠮᠦᠩᠬᠦᠨ ᠳᠡᠭᠷᠢ ᠪᠠᠷ ᠬᠦᠪᠡᠬᠡᠯᠡᠭᠰᠡᠨ             ᠬᠦᠷᠦᠰᠦᠲᠦ ᠪᠡᠯᠴᠢᠬᠡᠷ ᠵᠤᠵᠠᠭᠠᠨ ᠳ᠋ᠠ ᠬᠦᠢ             ᠦᠪᠡᠷ ᠤᠨ ᠰᠠᠭᠤᠭᠰᠠᠨ ᠨᠤᠳᠤᠭ ᠮᠢᠨᠢ ᠳ᠋ᠠ             ᠡᠳ᠋ ᠯᠨ ᠪᠤᠶᠠᠨ ᠢᠶᠠᠷ ᠡᠯᠪᠡᠭ ᠳ᠋ᠠ ᠬᠦᠢ             2 . ᠦᠷᠬᠡᠨ ᠭᠤᠤᠯ ᠤᠨ ᠬᠦᠪᠡᠬᠡᠨ ᠳᠡᠬᠡᠷ᠎ᠠ              ᠦᠬᠡᠳᠡᠯᠡᠵᠤ ᠤᠷᠤᠭᠤᠳᠠᠭᠠᠳ ᠠᠮᠢᠳᠤᠷᠡᠨ᠎ᠠ ᠬᠦᠢ              ᠦᠪᠡᠷ ᠤᠨ ᠰᠠᠭᠤᠭᠰᠠᠨ ᠨᠤᠳᠤᠭ ᠮᠢᠨᠢ ᠳ᠋ᠠ              ᠡᠳ᠋ ᠯᠨ ᠪᠤᠶᠠᠨ ᠢᠶᠠᠷ ᠡᠯᠪᠡᠭ ᠳ᠋ᠠ ᠬᠦᠢ᠃             3. ᠠᠯᠳᠡᠨ ᠬᠢᠩᠭᠠᠨ ᠠᠭᠤᠯᠠᠨ ᠤ ᠳᠡᠬᠡᠷ᠎ᠠ              ᠠᠯᠬᠤᠭᠠᠳ ᠭᠠᠷᠤᠭᠠᠳ ᠦᠵᠡᠬᠦᠯᠡᠷ ᠬᠦᠢ            ᠠᠪᠤ ᠶᠢᠨ ᠨᠤᠳᠤᠭ ᠮᠤᠩᠭᠤᠯᠵᠢᠨ ᠬᠤᠰᠢᠭᠤ           ᠦᠵᠡᠭᠳᠡᠵᠤ ᠪᠠᠶᠢᠮᠡᠷ ᠰᠠᠨᠠᠭᠳᠡᠨ᠎ᠠ ᠬᠦᠢ᠃            4. ᠠᠯᠳᠡᠨ ᠬᠢᠩᠭᠠᠨ ᠠᠭᠤᠯᠠᠨ ᠤ ᠳᠡᠬᠡᠷ᠎ᠠ ᠠᠴᠠ / ᠠᠯᠬᠤᠭᠠᠳ ᠪᠠᠭᠤᠭᠠᠳ ᠢᠷᠡᠬᠦᠯᠡᠷ / ᠠᠷᠪᠠᠨ ᠨᠠᠰᠤᠳᠡᠢ  ᠲᠠᠶ᠋ᠨ ᠪᠦᠬᠡᠷ᠎ᠠ ᠮᠢᠨᠢ / ᠤᠬᠢᠯᠠᠵᠤ ᠪᠠᠶᠢᠮᠡᠷ ᠰᠠᠨᠠᠭᠳᠡᠨ᠎ᠠ ᠬᠦᠢ / 5. ᠡᠷᠳᠡᠨᠢ ᠶᠢᠨ ᠬᠢᠩᠭᠠᠨ ᠠᠭᠤᠯᠠᠨ ᠳᠡᠬᠡᠷ᠎ᠠ /  ᠠᠯᠬᠤᠭᠠᠳ ᠭᠠᠷᠤᠭᠠᠳ ᠦᠵᠡᠬᠦᠯᠡᠷ ᠬᠦᠢ / ᠡᠴᠢᠬᠡ ᠶᠢᠨ ᠬᠤᠰᠢᠭᠤ ᠮᠤᠩᠭᠤᠯᠵᠢᠨ ᠬᠤᠰᠢᠭᠤ / ᠦᠵᠡᠭᠳᠡᠵᠤ  ᠪᠠᠶᠢᠮᠡᠷ ᠰᠠᠨᠠᠭᠳᠡᠨ᠎ᠠ ᠬᠦᠢ /6. ᠡᠷᠳᠡᠨᠢ ᠶᠢᠨ ᠬᠢᠩᠭᠠᠨ ᠠᠭᠤᠯᠠᠨ ᠳᠡᠬᠡᠷ᠎ᠠ ᠠᠴᠠ / ᠠᠯᠬᠤᠭᠠᠳ ᠪᠠᠭᠤᠭᠠᠳ  ᠢᠷᠡᠬᠦᠯᠡᠷ ᠬᠦᠢ / ᠶᠢᠰᠦᠨ ᠨᠠᠰᠤᠳᠡᠢ ᠲᠠᠶ᠋ᠨ ᠪᠦᠬᠡᠷ᠎ᠠ ᠮᠢᠨᠢ / ᠤᠬᠢᠯᠠᠵᠤ ᠪᠠᠶᠢᠮᠡᠷ ᠰᠠᠨᠠᠭᠳᠡᠨ᠎ᠠ ᠬᠦᠢ / 7.  ᠳᠡᠯ᠎ᠠ ᠶᠢᠨ ᠳᠤᠮᠳᠡ ᠪᠠᠨ ᠤᠷᠭᠤᠭᠰᠠᠨ / ᠳᠡᠪᠤᠨ ᠦᠩᠬᠡ ᠶᠢᠨ ᠴᠡᠴᠡᠭ ᠬᠦᠢ / ᠳᠡᠯ᠎ᠠ ︵ᠴᠦ︶ ᠴᠡᠴᠡᠭ ᠢ ᠨᠢ  ᠳᠡᠰᠤᠳᠡᠭᠠᠳ ᠠᠪᠤᠪᠠᠯ / ᠦᠩᠬᠡ ᠴᠦ ᠬᠡᠮᠡᠨ ᠪᠠᠶᠢᠨ᠎ᠠ ᠤᠤ ᠳ᠋ᠠ ᠬᠦᠢ / 8. ᠳᠡᠮᠠᠭ᠎ᠠ ᠡᠵᠡᠯᠡᠬᠦ ᠲᠠᠶ᠋ᠨ ᠪᠦᠬᠡᠷ᠎ᠠ ᠪᠠᠨ  / ᠠᠯᠳᠡᠭᠠᠳ ᠳᠡᠬᠡᠭᠰᠡᠨ ᠬᠦᠮᠦᠨ ᠴᠢᠨᠢ ᠬᠦᠢ / ᠳ᠋ᠠ ᠸᠠᠩ ᠨᠤᠶᠠᠨ ᠤ ᠡᠮᠦᠨ᠎ᠠ ᠰᠠᠭᠤᠭᠠᠳ / ᠦᠩᠬᠡ ᠴᠦ ᠬᠡᠮᠡᠨ  ᠪᠠᠶᠢᠨ᠎ᠠ ᠤᠤ ᠳ᠋ᠠ ᠬᠦᠢ /9. ᠭᠤᠤᠯ ᠤᠨ ᠳᠤᠮᠳᠡ ᠪᠠᠨ ᠤᠷᠭᠤᠭᠰᠠᠨ / ᠭᠤᠷᠪᠠᠨ ᠦᠩᠬᠡ ᠶᠢᠨ ᠴᠡᠴᠡᠭ ᠨᠢ ᠬᠦᠢ /  ᠭᠤᠤᠯ ᠴᠦ ᠴᠡᠴᠡᠭ ᠢ ᠨᠢ ᠳᠡᠰᠤᠳᠡᠭᠠᠳ ᠠᠪᠤᠪᠠᠯ / ᠦᠩᠬᠡ ᠴᠦ ᠬᠡᠮᠡᠨ ᠪᠠᠶᠢᠨ᠎ᠠ ᠤᠤ ᠳ᠋ᠠ / 10. ᠠᠩᠭ᠎ᠠ ᠪᠠᠭ᠎ᠠ  ᠲᠠᠶ᠋ᠨ ᠪᠦᠬᠡᠷ᠎ᠠ ᠪᠠᠨ / ᠠᠯᠳᠡᠭᠠᠳ ᠳᠡᠬᠡᠭᠰᠡᠨ ᠬᠦᠮᠦᠨ ᠴᠢᠨᠢ ᠳ᠋ᠠ ᠬᠦᠢ / ᠠᠷᠤ ᠬᠤᠷᠴᠢᠨ ᠨᠤᠶᠠᠨ ᠳᠤ / ᠦᠩᠬᠡ  ᠴᠦ ᠬᠡᠮᠡᠨ ᠪᠠᠶᠢᠨ᠎ᠠ ᠤᠤ ᠳ᠋ᠠ ᠬᠦᠢ /11. ᠪᠤᠷᠤ ᠴᠦ ᠴᠠᠭᠠᠰᠤᠨ ᠳᠤ ᠪᠠᠭᠯᠠᠭᠰᠠᠨ ᠢ ᠨᠢ / ᠪᠤᠷᠠᠮ ᠰᠢᠬᠢᠷ ᠢᠶᠠᠷ  ᠪᠤᠳᠤᠪᠡᠤ ᠳ᠋ᠠ ᠬᠦᠢ / ᠪᠤᠭᠤᠯ ᠤᠨ ᠦᠷ᠎ᠠ ᠪᠦᠮᠠᠳᠮ᠎ᠠ ᠶᠢ / ᠪᠤᠷᠬᠠᠨ ᠰᠡᠳᠬᠢᠯ ᠲᠠᠢ ᠭᠡᠵᠤ ᠰᠠᠨᠠᠪᠠ ᠤᠤ ᠳ᠋ᠠ ᠬᠦᠢ /  12. ᠴᠠᠭᠠᠨ ᠴᠦ ᠴᠠᠭᠠᠰᠤᠨ ᠳᠤ ᠪᠠᠭᠯᠠᠭᠰᠠᠨ ᠢ ᠨᠢ / ᠴᠠᠭᠠᠨ ᠰᠢᠬᠢᠷ ᠭᠡᠵᠤ ᠪᠤᠳᠤᠪᠠ ᠤᠤ ᠳ᠋ᠠ ᠬᠦᠢ / ᠴᠠᠭᠠᠴᠢᠨ  ᠦᠷ᠎ᠠ ᠪᠦᠮᠠᠳᠮ᠎ᠠ ᠶᠢ / ᠴᠠᠶᠢᠯᠭᠠᠨ ᠰᠡᠳᠬᠢᠯ ᠲᠠᠢ ᠭᠡᠵᠤ ᠰᠠᠨᠠᠪᠠ ᠤᠤ ᠳ᠋ᠠ ᠬᠦᠢ / 13. ᠠᠷᠤ ᠶᠢᠨ ᠬᠦᠷᠢᠶ᠎ᠠ ᠳᠤ  ᠠᠯᠬᠤᠭᠠᠳ ᠤᠴᠢᠬᠤ ᠳᠤ / ᠠᠯᠠᠭ ᠨᠢᠳᠤᠨ ᠠᠴᠠ ᠨᠢᠯᠪᠤᠰᠤ ᠲᠠᠢ / ᠠᠷᠪᠠᠨ ᠴᠦ ᠨᠠᠰᠤᠳᠡᠢ ᠲᠠᠶ᠋ᠨ ᠳᠠᠭᠠᠨ /  ᠠᠯᠳᠡᠨ ᠰᠤᠪᠤᠷᠭ᠎ᠠ ᠪᠤᠰᠬᠠᠶ᠎ᠠ ᠬᠦᠢ / ᠡᠩᠬᠡᠷ ᠤᠨ ᠬᠦᠷᠢᠶᠠᠨ ᠳᠤ ᠡᠷᠬᠢᠬᠡᠳ ᠤᠷᠤᠬᠤ ᠳᠤ / ᠡᠷᠢᠶᠠᠨ ᠨᠢᠳᠤᠨ ᠠᠴᠠ  ᠨᠢᠯᠪᠤᠰᠤ ᠲᠠᠢ ᠬᠦᠢ / ᠶᠢᠰᠦᠨ ᠴᠦ ᠨᠠᠰᠤᠳᠡᠢ ᠲᠠᠶ᠋ᠨ ᠳᠠᠭᠠᠨ / ᠡᠷᠳᠡᠨᠢ ᠶᠢᠨ ᠰᠤᠪᠤᠷᠭ᠎ᠠ ᠪᠤᠰᠬᠠᠶ᠎ᠠ ᠬᠦᠢ︾  ᠳᠡᠤᠬᠡ ᠶᠢᠨ ᠬᠦᠷᠲᠦ ᠡᠷᠬᠢᠯᠲᠦᠭᠰᠡᠬᠡᠷ ᠤᠨ ᠡᠳᠦᠷ ᠤᠳᠡᠬᠤ ᠳᠤ ︽ᠳᠠᠶᠠ ᠪᠦᠬᠡᠷ᠎ᠠ︾ ᠬᠡᠬᠦ ᠮᠢᠨᠤ ᠨᠤᠳᠤᠭ ᠤᠨ  ᠠᠷᠡᠳ ᠤᠨ ᠳᠡᠭᠤᠤ ᠨᠢᠬᠡᠨᠳᠡ ᠨᠢᠬᠡ ᠵᠠᠭᠤ ᠭᠤᠴᠢ ᠰᠢᠬᠠᠮ ᠵᠢᠯ ᠤᠨ ᠳᠡᠤᠬᠡ ᠲᠠᠢ ᠪᠤᠯᠵᠡᠢ᠃ ᠪᠢ ᠡᠨᠡᠬᠦ ᠮᠤᠩᠭᠤᠯ  ᠠᠷᠡᠳ ᠤᠨ ᠳᠡᠭᠤᠤ ︽ᠲᠠᠶ᠋ᠨ ᠪᠦᠬᠡᠷ᠎ᠠ︾ ᠬᠡᠬᠦ ᠳᠡᠭᠤᠤ ᠶᠢᠨ ᠢᠷᠡᠯᠳᠡ ᠶᠢ ᠪᠢᠴᠢᠬᠦ ᠲᠠᠢ ᠵᠡᠷᠬᠡ ᠮᠠᠨ ᠤ  ᠨᠤᠳᠤᠭ ᠲᠤ ᠤᠯᠠᠮᠵᠢᠯᠠᠭᠳᠡᠨ ᠶᠠᠷᠢᠠᠠᠳᠡᠵᠤ ᠪᠠᠶᠢᠭᠰᠠᠨ ᠲᠠᠶ᠋ᠨ ᠪᠦᠬᠡᠷ᠎ᠠ ᠶᠢᠨ ᠳᠤᠬᠠᠢ ᠠᠮᠠᠨ ᠦᠯᠢᠬᠡᠷ ᠦᠪᠡᠷ ᠤᠨ  ᠡᠷᠬᠡ ᠦᠭᠡᠢ ᠪᠤᠳᠤᠭᠳᠡᠨ᠎ᠠ᠃ ᠠᠷᠡᠳ ᠤᠨ ᠳᠤᠮᠳᠡ ᠶᠠᠷᠢᠭᠳᠠᠭᠰᠠᠨ ᠢᠶᠠᠷ᠄ ᠸᠠᠩ ᠨᠤᠶᠠᠨ ᠪᠠᠼᠠᠷᠬᠢᠷᠢᠳᠢ ᠭᠠᠳᠠᠭᠰᠢ  ᠴᠤᠭᠯᠠᠭᠠᠨ ᠳᠤ ᠶᠠᠪᠤᠵᠡᠢ᠃ ᠡᠨ᠋ᠨ ᠬᠤᠭᠤᠷᠤᠡᠲᠦ ᠪᠦᠮᠠᠳᠮ᠎ᠠ ᠵᠠᠰᠠᠭ ᠲᠦᠷᠦ ᠶᠢ ᠵᠠᠯᠭᠠᠮᠵᠢᠯᠠᠬᠤ ᠠᠰᠠᠭᠤᠳᠡᠯ ᠳᠡᠬᠡᠷ᠎ᠠ  ᠤᠤᠯ ᠠᠴᠠ ᠪᠤᠳᠤᠯ ᠲᠠᠢ ᠪᠠᠶᠢᠭᠰᠠᠨ ᠤᠴᠢᠷ ᠦᠪᠡᠷ ᠤᠨ ᠬᠦᠤ ᠸᠠᠩᠴᠢᠡᠫᠧᠷᠯᠠᠢ ᠶᠢ ᠶᠠᠭᠠᠬᠢᠪᠡᠯ ᠰᠠᠶ᠋ᠢ ᠸᠠᠩ ᠤᠨ  ᠰᠠᠭᠤᠷᠢᠨ ᠢ ᠵᠠᠯᠭᠠᠮᠵᠢᠯᠠᠭᠤᠯᠬᠤ ᠳᠤᠬᠠᠢ ᠨᠢᠬᠡ ᠯᠠᠮᠨ ᠲᠠᠢ ᠵᠦᠪᠯᠡᠵᠡᠢ᠃ ᠢᠩᠬᠢᠬᠡᠳ ᠡᠨ᠋ᠨ ᠸᠠᠩ ᠤᠨ  ᠬᠦᠷᠢᠶᠠᠨ ᠳᠠᠬᠢ ᠯᠠᠮᠨ ᠪᠠᠷ ᠬᠤᠤᠷ᠎ᠠ ᠨᠠᠶᠢᠷᠡᠭᠤᠯᠤᠨ ᠲᠠᠶ᠋ᠨ ᠪᠦᠬᠡᠷ᠎ᠠ ᠶᠢᠨ ᠬᠤᠭᠤᠯᠠᠨ ᠳᠤ ᠬᠢᠵᠤ ᠬᠤᠤᠷᠯᠡᠵᠤ  ᠠᠯᠠᠬᠤ ᠪᠠᠷ ᠪᠡᠯᠡᠳᠬᠡᠵᠡᠢ᠃ ᠲᠠᠶ᠋ᠨ ᠪᠦᠬᠡᠷ᠎ᠠ ᠪᠤᠯᠤᠨ ᠸᠠᠩᠴᠢᠡᠫᠧᠷᠯᠠᠢ ᠬᠤᠶᠠᠷ ᠬᠡᠤᠬᠡᠳ ᠨᠠᠭᠠᠳᠤᠨ ᠳᠤᠭᠯᠠᠵᠤ  ᠪᠠᠶᠢᠬᠤ ᠳᠤ ᠪᠦᠮᠠᠳᠮ᠎ᠠ ᠬᠤᠶᠠᠷ ᠬᠡᠤᠬᠡᠳ ᠢ ᠬᠠᠮᠳᠤ ᠳᠤᠨᠢ ᠳᠡᠭᠤᠳᠡᠨ ᠬᠤᠭᠤᠯᠨ ᠢᠳᠡᠬᠦᠯᠪᠡ᠃ ᠲᠠᠶ᠋ᠨ  ᠪᠦᠬᠡᠷ᠎ᠠ ᠶᠢᠨ ᠬᠤᠭᠤᠯᠠᠨ ᠳᠤ ᠨᠢᠬᠡᠨᠳᠡ ᠬᠤᠤᠷ᠎ᠠ ᠬᠢᠭᠰᠡᠨ ᠤᠴᠢᠷ ᠲᠠᠶ᠋ᠨ ᠪᠦᠬᠡᠷ᠎ᠠ ᠢᠳᠡᠬᠡᠳ ᠬᠠᠷᠡᠰᠡᠯᠳᠡᠢ ᠪᠠᠷ  ᠬᠤᠤᠷᠯᠠᠭᠳᠡᠪᠡ᠃          ᠸᠠᠩ ᠤᠨ ᠤᠷᠳᠤᠨ ᠳᠤ ᠸᠠᠩ ᠤᠨ ᠰᠠᠭᠤᠷᠢᠨ ᠢ ᠵᠠᠯᠭᠠᠮᠵᠢᠯᠠᠬᠤ ᠳᠤ ᠪᠠᠳᠤᠯᠠᠭ᠎ᠠ ᠲᠠᠢ ᠪᠠᠶᠢᠭᠰᠠᠨ ᠵᠢᠩᠬᠢᠨᠢ  ᠬᠠᠳᠤᠨ ᠨᠠᠩᠰᠤᠯᠮ᠎ᠠ ᠠᠴᠠ ᠲᠦᠷᠦᠭᠰᠡᠨ ᠬᠦᠤ ᠲᠠᠶ᠋ᠨ ᠪᠦᠬᠡᠷ᠎ᠠ ᠬᠤᠤᠷᠯᠠᠭᠳᠠᠭᠰᠠᠨ ᠳᠤᠮᠤ ᠶᠠᠪᠤᠳᠡᠯ ᠸᠠᠩ ᠤᠨ  ᠬᠦᠷᠢᠶ᠎ᠠ ᠶᠢ ᠲᠦᠷᠬᠢᠬᠦᠯᠪᠡ᠃ ᠸᠠᠩ ᠤᠨ ᠬᠦᠷᠢᠶᠠᠨ ᠤ ᠨᠤᠶᠠᠳ ᠲᠦᠰᠢᠮᠡᠳ ᠠᠴᠠ ᠡᠬᠢᠯᠡᠬᠡᠳ ᠵᠠᠷᠤᠳᠡᠰᠦ ᠪᠤᠭᠤᠯ  ᠬᠦᠷᠳᠡᠯ᠎ᠠ ᠶᠡᠭᠡ ᠦᠢᠮᠡᠬᠡᠨ ᠪᠤᠯᠪᠠ᠃ ᠹᠦᠵᠢᠨ ᠬᠠᠳᠤᠨ ᠨᠠᠩᠰᠤᠯᠮ᠎ᠠ ᠶᠢᠨ ᠳᠡᠯ᠎ᠠ ᠶᠢᠨ ᠲᠦᠷᠦᠯ ᠰᠠᠳᠤᠨ  ᠲᠦᠢᠯ ᠢᠶᠠᠷ ᠬᠤᠷᠤᠰᠴᠤ ᠪᠦᠬᠦᠳᠡᠬᠡᠷ ᠬᠦᠳᠡᠯᠤᠯᠴᠡᠵᠤ᠂ ᠡᠨ᠋ᠨ ᠪᠤᠯ ᠪᠦᠮᠠᠳᠮ᠎ᠠ ᠶᠢᠨ ᠭᠠᠷᠭᠠᠭᠰᠠᠨ ᠬᠠᠷᠬᠢᠰ ᠬᠡᠷᠴᠡᠬᠡᠢ  ᠪᠠᠰᠢᠷ ᠠᠷᠭ᠎ᠠ ᠭᠡᠵᠤ ᠶᠤᠰᠤ ᠬᠡᠯᠡᠵᠤ ᠬᠦᠮᠤᠳᠡ ᠬᠠᠳᠤᠨ ᠳᠤ ᠵᠠᠭᠠᠯᠳᠤᠪᠠ᠃ ᠪᠦᠮᠠᠳᠮ᠎ᠠ ᠶᠢᠨ ᠳᠡᠯ᠎ᠠ ᠶᠢᠨ ᠲᠦᠷᠦᠯ  ᠰᠠᠳᠤᠨ ᠴᠦ ᠵᠦᠪᠰᠢᠶᠡᠷᠡᠬᠦ ᠦᠭᠡᠢ ᠪᠤᠯᠬᠢᠯᠠᠬᠤ ᠳᠤᠯᠨ ᠬᠦᠮᠤᠳᠡ ᠬᠠᠳᠤᠨ ᠴᠦ ᠠᠷᠭ᠎ᠠ ᠦᠭᠡᠢ ᠪᠤᠯᠪᠠ᠃ ᠡᠨᠡᠬᠦ  ᠳᠡᠪᠵᠢᠶᠠᠨ ᠳᠡᠮᠡᠴᠡᠯ ᠤᠨ ᠳᠤᠮᠳᠡ ᠹᠦᠵᠢᠨ ᠬᠠᠳᠤᠨ ᠨᠠᠩᠰᠤᠯᠮ᠎ᠠ ᠶᠢᠨ ᠳᠡᠯ᠎ᠠ ᠶᠢᠨ ᠬᠢᠨ ᠠᠭᠤᠷᠯᠠᠨ ᠪᠠᠴᠢᠮᠳᠡᠵᠤ  ᠸᠠᠩ ᠤᠨ ᠤᠷᠳᠤᠨ ᠳᠤ ᠰᠠᠭᠤᠬᠤ ᠶᠢᠨ ᠠᠷᠭ᠎ᠠ ᠦᠭᠡᠢ ᠪᠤᠯᠪᠠ᠃ ᠢᠩᠬᠢᠬᠡᠳ ᠸᠠᠩ ᠤᠨ ᠬᠦᠷᠢᠶᠠᠨ ᠤ ᠠᠷᠤ  ᠲᠦᠰᠢᠯᠬᠡ ᠪᠤᠯᠤᠭᠰᠠᠨ ᠪᠤᠭᠳᠡ ᠠᠭᠤᠯᠠᠨ ᠳᠤ ᠳᠤᠳᠠᠭᠠᠨ ᠤᠴᠢᠭᠰᠠᠨ ᠪᠠᠶᠢᠵᠡᠢ᠃ ᠳᠤᠬᠠᠢ ᠶᠢᠨ ᠦᠶ᠎ᠠ ᠳᠤ ᠪᠤᠭᠳᠡ  ᠠᠭᠤᠯᠨ ᠶᠢᠨ ᠡᠪᠡᠰᠦ ᠰᠢᠷᠡᠯᠵᠢ ᠮᠤᠳᠤ ᠰᠢᠭᠤᠢ ᠢᠠᠠᠴᠢ ᠰᠠᠬᠤᠯᠢᠭ ᠪᠠᠶᠢᠭᠰᠠᠨ ᠤᠴᠢᠷ ᠠᠴᠠ ᠠᠭᠤᠯᠠᠨ ᠳᠤ  ᠳᠡᠯᠳᠡᠯᠡᠵᠤ᠂ ᠠᠭᠤᠢ ᠳᠤᠨᠢ ᠬᠤᠨᠤᠭᠯᠠᠭᠠᠳ ᠡᠲᠦᠷ ᠬᠤᠨᠤᠭ ᠢ ᠨᠦᠭᠴᠢᠭᠡᠵᠡᠢ᠃ ᠳᠤᠰ ᠠᠭᠤᠢ ᠤᠳᠤ ᠪᠤᠯᠳᠡᠯ᠎ᠠ  ᠪᠠᠶᠢᠭᠰᠠᠭᠠᠷ᠃          ᠪᠠᠼᠠᠷᠬᠢᠷᠢᠳᠢ ᠴᠤᠭᠯᠠᠭᠠᠨ ᠠᠴᠠ ᠪᠤᠴᠠᠨ ᠢᠷᠡᠬᠡᠳ ᠸᠠᠩ ᠤᠨ ᠤᠷᠳᠤᠨ ᠳᠤ ᠭᠠᠷᠤᠭᠰᠠᠨ ᠳᠠᠶᠠ ᠪᠦᠬᠡᠷ᠎ᠠ  ᠬᠤᠤᠷᠯᠠᠭᠳᠠᠭᠰᠠᠨ ᠳᠤᠮᠤ ᠶᠠᠪᠤᠳᠡᠯ ᠢ ᠰᠤᠨᠤᠰᠤᠭᠠᠳ ᠳᠠᠷᠨ ᠳᠤᠤᠷ᠎ᠠ ᠨᠢ ᠠᠭᠤᠯᠠᠨ ᠳᠤ ᠳᠤᠳᠡᠭᠠᠨ ᠶᠠᠪᠤᠭᠰᠠᠨ  ᠹᠦᠵᠢᠨ ᠬᠠᠳᠤᠨ ᠨᠠᠩᠰᠤᠯᠮ᠎ᠠ ᠶᠢ ᠲᠦᠷᠦᠯ ᠰᠠᠳᠤᠨ ᠳᠠᠭᠠᠭᠰᠠᠳ ᠲᠠᠢ ᠨᠢ ᠠᠪᠴᠢᠷᠡᠨ ᠬᠡᠷᠡᠭ ᠢ ᠨᠠᠮᠰᠢᠭᠤᠯᠪᠠ᠃  ᠬᠠᠳᠤᠨ ᠨᠠᠩᠰᠤᠯᠮ᠎ᠠ ︽ᠪᠤᠭᠳᠡ ᠠᠭᠤᠯᠨ︾ ᠶᠢ ︽ᠠᠯᠳᠡᠨ ᠬᠢᠩᠭᠠᠨ︾ ᠭᠡᠵᠤ ᠪᠡᠯᠬᠡᠳᠡᠨ ︽ᠠᠯᠳᠡᠨ ᠬᠢᠩᠭᠠᠨ  ᠠᠭᠤᠯᠠᠨ ᠳᠡᠬᠡᠷ᠎ᠠ ᠠᠴᠠ ᠠᠯᠬᠤᠭᠠᠳ ᠪᠠᠭᠤᠭᠠᠳ ᠢᠷᠡᠬᠦᠯᠡᠷ ᠁︾ ᠭᠡᠵᠤ ᠠᠭᠤᠯᠠᠨ ᠠᠴᠠ ᠪᠠᠭᠤᠬᠤ ᠶᠢᠨ ᠢᠶᠠᠨ  ᠳᠡᠭᠠᠤ ᠳᠡᠭᠤᠯᠠᠯ᠎ᠠ ᠬᠡᠳᠡᠭ᠃          ᠠᠷᠡᠳ ᠤᠨ ᠳᠡᠭᠤᠤ ︽ᠲᠠᠶ᠋ᠨ ᠪᠦᠬᠡᠷ᠎ᠠ︾ ᠬᠡᠬᠦ ᠳᠡᠭᠤᠤ ᠳᠤ ︽ᠶᠢᠰᠦᠨ ᠴᠦ ᠨᠠᠰᠤᠳᠡᠢ︾᠂ ︽ᠠᠷᠪᠠᠨ ᠴᠦ  ᠨᠠᠰᠤᠳᠡᠢ︾ ᠭᠡᠵᠤ ᠳᠡᠭᠤᠯᠠᠵᠤ ᠪᠠᠶᠢᠬᠤ ᠳᠤᠬᠠᠢ ᠬᠡᠯᠡᠯᠬᠡ ᠴᠦ ᠠᠳᠡᠯᠢ ᠪᠤᠰᠤ ᠬᠡᠯᠡᠭᠳᠡᠵᠤ ᠪᠤᠢ᠃ ᠠ᠊ ·  ᠬᠤᠳᠤᠷᠠᠩᠭ᠎ᠠ ᠶᠢᠨ ︽ᠠᠷᠤ ᠬᠤᠷᠴᠢᠨ ᠭᠤᠷᠪᠠᠨ ᠵᠠᠭᠤᠨ ᠤᠨ︾ ᠬᠡᠬᠦ ᠨᠤᠮ ᠳᠤ ︽ᠲᠠᠶ᠋ᠨ ᠪᠦᠬᠡᠷ᠎ᠠ ᠬᠡᠨᠡᠨ  ᠦᠯᠦᠬᠡᠢ ᠳᠡᠭᠡᠨ ᠵᠠᠭᠤᠷᠮᠠᠭ ᠨᠠᠰᠤᠯᠠᠭᠰᠠᠨ ᠬᠡᠷᠡᠭ ᠭᠠᠷᠪᠠ︾ ᠭᠡᠵᠤ ᠳᠡᠮᠳᠡᠭᠯᠡᠵᠤ ᠪᠤᠢ᠃ ᠸᠠᠩᠵᠢᠯ᠂ ᠰᠡᠴᠡᠡᠪᠡᠲᠦ᠂  ᠨᠠ᠊ · ᠵᠢᠷᠭᠠᠯ᠂ ᠵ᠊ · ᠳᠡᠮᠷᠢᠡᠰᠡᠷᠡᠩ ᠤᠨ ᠭᠤᠤᠯᠯᠠᠨ ᠨᠠᠶᠢᠷᠡᠭᠤᠯᠤᠭᠰᠠᠨ ︽ᠠᠷᠤ ᠬᠤᠷᠴᠢᠨ ᠬᠤᠨᠲᠦ ᠶᠢᠨ ᠤᠶᠢᠯᠠᠯᠭ᠎ᠠ  ︾ ᠳᠤ ︽ᠠᠷᠤ ᠬᠤᠷᠴᠢᠨ ᠬᠤᠰᠢᠭᠤᠨ ᠸᠠᠩ ᠪᠠᠼᠠᠷᠬᠢᠷᠢᠳᠢ ᠶᠢᠨ ᠹᠦᠵᠢᠨ ᠬᠠᠳᠤᠨ ︵ᠮᠤᠩᠭᠤᠯᠵᠢᠨ︶ ᠠᠴᠠ  1883 ᠤᠨ ᠳᠤ ᠭᠤᠮᠪᠤᠳᠤᠷᠵᠢ ᠬᠡᠳᠡᠭ ᠨᠢᠬᠡᠨ ᠬᠦᠤ ᠲᠦᠷᠦᠵᠤ᠂ ᠰᠤᠯᠨ ᠬᠠᠳᠤᠨ ᠪᠦᠮᠠᠳᠮ᠎ᠠ ᠠᠴᠠ ᠳᠤᠰ ᠵᠢᠯ  ᠸᠠᠩᠴᠢᠡᠫᠧᠷᠯᠠᠢ ᠬᠡᠳᠡᠭ ᠨᠢᠬᠡᠨ ᠬᠦᠤ ᠲᠦᠷᠦᠬᠡᠳ ᠬᠤᠤᠰ ᠪᠠᠶᠠᠷ ᠪᠤᠯᠪᠠ᠂ 1885 ᠤᠨ ᠳᠤ ᠬᠤᠤᠷᠯᠠᠭᠳᠡᠪᠡ︾  ᠭᠡᠵᠤ ᠳᠡᠮᠳᠡᠭᠯᠡᠵᠤ ᠪᠤᠢ᠃ ᠡᠬᠦᠨ ᠠᠴᠠ ᠦᠵᠡᠪᠡᠯ ᠳᠡᠳᠡ ᠬᠤᠶᠠᠷ ᠪᠦᠷ ᠭᠤᠷᠪᠠᠨ ᠨᠠᠰᠤᠳᠡᠢ ᠪᠠᠶᠢᠵᠡᠢ᠃          ᠲᠠᠶ᠋ᠨ ᠪᠦᠬᠡᠷ᠎ᠠ ᠦᠯᠦᠬᠡᠢ ᠲᠠᠢ ᠪᠠᠶᠢᠭᠰᠠᠨ ᠴᠦ ᠬᠠᠮᠢᠶ᠎ᠠ ᠦᠭᠡᠢ᠂ ᠭᠤᠷᠪᠠᠨ ᠨᠠᠰᠤᠳᠡᠢ ᠪᠠᠶᠢᠭᠰᠠᠨ ᠴᠦ ᠬᠠᠮᠢᠶ᠎ᠠ  ᠦᠭᠡᠢ᠂ ᠶᠢᠰᠦᠨ ᠨᠠᠰᠤᠳᠡᠢ ᠪᠠᠶᠢᠭᠰᠠᠨ ᠴᠦ ᠬᠠᠮᠢᠶ᠎ᠠ ᠦᠭᠡᠢ᠂ ᠠᠷᠤ ᠬᠤᠷᠴᠢᠨ ᠸᠠᠩ ᠤᠨ ᠤᠷᠳᠤᠨ ᠳᠤ ᠲᠠᠶ᠋ᠨ  ᠪᠦᠬᠡᠷ᠎ᠠ ᠬᠤᠤᠷᠯᠠᠭᠳᠠᠭᠰᠠᠨ ᠨᠢ ᠦᠨᠡᠨ ᠲᠠᠢ᠃ ᠠ᠊ · ᠬᠤᠳᠤᠷᠠᠩᠭ᠎ᠠ ᠶᠢᠨ ︽ᠠᠷᠤ ᠬᠤᠷᠴᠢᠨ ᠭᠤᠷᠪᠠᠨ ᠵᠠᠭᠤᠨ  ᠤᠨ︾ ᠬᠡᠬᠦ ᠨᠤᠮ ᠳᠤ ︽ᠳᠤᠭᠰᠢᠨ ᠬᠦ᠋ᠮᠤᠳᠡ ᠵᠠᠰᠠᠭ ᠲᠦᠷᠦ ᠶᠢ ᠵᠠᠯᠭᠠᠮᠵᠢᠯᠠᠬᠤ ᠬᠦᠰᠡᠯ ᠡᠷᠡᠮᠡᠯᠵᠡᠯ ᠲᠠᠢ  ᠬᠦᠤ ᠪᠠᠨ ᠬᠡᠨᠡᠨ ᠬᠡᠬᠡᠭᠳᠡᠭᠰᠡᠨ ᠳᠤ ᠶᠡᠭᠡ ᠯᠨ ᠰᠡᠵᠢᠭ ᠠᠪᠴᠤ ᠶᠠᠭᠠᠬᠢᠵᠤ ᠪᠠᠶᠢᠴᠠᠭᠠᠵᠤ ᠠᠰᠠᠭᠤᠭᠰᠠᠨ ᠴᠦ  ᠰᠦᠪᠡᠭᠴᠢ ᠤᠯᠬᠤ ᠦᠭᠡᠢ ᠪᠠᠶᠢᠳᠡᠯ᠎ᠠ ᠨᠢᠬᠡ ᠵᠢᠯ ᠤᠨ ᠳᠤᠯᠤᠭᠠᠨ ᠰᠠᠷ᠎ᠠ ᠳᠤ ︵ᠲᠠᠶ᠋ᠨ ᠪᠦᠬᠡᠷ᠎ᠠ︶ ᠬᠡᠰᠡᠨ  ᠳᠡᠭᠤᠤ ᠶᠢ ᠤᠯᠵᠤ ᠰᠤᠨᠤᠰᠤᠭᠠᠳ ᠪᠠᠶᠢᠴᠠᠭᠠᠵᠤ ᠰᠦᠪᠡᠭᠴᠢᠯᠡᠭᠰᠡᠬᠡᠷ ᠤᠴᠢᠷ ᠢ ᠨᠠᠷᠢᠨ ᠤᠯᠵᠤ ᠤᠶᠢᠯᠠᠭᠠᠪᠠ︾  ᠭᠡᠵᠤ ᠳᠡᠮᠳᠡᠭᠯᠡᠵᠤ ᠪᠤᠢ᠃ ᠡᠬᠦᠨ ᠳᠤ ᠬᠡᠨ ᠶᠠᠮᠠᠷ ᠬᠤᠤᠷ᠎ᠠ ᠪᠠᠷ ᠲᠠᠶ᠋ᠨ ᠪᠦᠬᠡᠷ᠎ᠠ ᠶᠢ ᠬᠤᠤᠷᠯᠠᠭᠰᠠᠨ ᠢ  ᠳᠤᠳᠤᠷᠬᠠᠶᠢᠯᠠᠭᠰᠠᠨ ᠦᠭᠡᠢ᠃ ᠶᠠᠭᠤ ᠴᠦ ᠪᠤᠯᠤᠭᠰᠠᠨ ᠳᠤᠭᠰᠢᠨ ᠬᠦᠮᠤᠳᠡ ᠠᠷᠪᠠᠭᠠᠳ ᠦᠶ᠎ᠠ ᠤᠯᠠᠷᠢᠵᠤ  ᠵᠠᠯᠭᠠᠮᠵᠢᠯᠠᠭᠰᠠᠨ ᠵᠠᠰᠠᠭ ᠤᠨ ᠬᠡᠷᠬᠡᠮ ᠢᠶᠠᠨ ᠠᠯᠳᠡᠬᠤ ᠠᠴᠠ ᠠᠶᠤᠨ ᠡᠮᠢᠶᠠᠵᠤ ᠡᠨᠡᠬᠦ ︽ᠲᠠᠶ᠋ᠨ ᠪᠦᠬᠡᠷ᠎ᠠ︾ ᠬᠡᠰᠡᠨ  ᠳᠡᠭᠤᠤ ᠶᠢ ᠳᠠᠰᠤ ᠬᠤᠷᠢᠪᠠ᠃ ᠬᠡᠪᠡᠴᠤ ᠡᠲᠦᠷ ᠬᠤᠨᠤᠭ ᠤᠨ ᠤᠳᠠᠭᠠᠨ ᠳᠤ ᠵᠢᠪᠡᠷ ᠨᠡᠪᠳᠡᠷᠡᠬᠦ ᠦᠭᠡᠢ ᠬᠡᠷᠡᠮ ᠭᠡᠵᠤ  ᠪᠠᠶᠢᠳᠠᠭ ᠦᠭᠡᠢ᠃ ᠬᠤᠰᠢᠭᠤᠨ ᠤ ᠨᠤᠶᠠᠳ ᠲᠦᠰᠢᠮᠡᠳ ᠤᠨ ᠡᠷᠬᠡ ᠠᠰᠢᠭ ᠤᠨ ᠳᠡᠮᠡᠴᠡᠯ᠂ ᠳᠤᠳᠤᠭᠠᠳᠤ ᠶᠢᠨ  ᠡᠪᠳᠡᠷᠡᠯ ᠬᠠᠭᠠᠴᠠᠯ ᠬᠦᠭᠵᠢᠭᠰᠡᠬᠡᠷ ᠪᠠᠼᠠᠷᠬᠢᠷᠢᠳᠢ ᠶᠢᠨ ᠪᠠᠶᠢᠯᠨ ᠵᠠᠰᠠᠭ ᠤᠨ ᠬᠡᠷᠬᠡᠮ ᠢ ᠸᠠᠩᠴᠢᠡᠫᠧᠷᠯᠠᠢ ᠪᠠᠷ  ᠵᠠᠯᠭᠠᠮᠵᠢᠯᠠᠭᠤᠯᠬᠤ ᠨᠢ ᠵᠦᠢ ᠦᠭᠡᠢ᠃ ᠳᠠᠷᠨ ᠲᠦᠷᠦ ᠶᠢᠨ ᠪᠠᠭᠤᠯᠭᠠᠪᠤᠷᠢ ᠠᠪᠠᠯᠢ ᠬᠠᠳᠤᠨ ᠤ ᠬᠦᠤ ᠪᠢᠰᠢ᠂ ︽ ᠨᠡᠷ᠎ᠠ ᠲᠦᠪ ᠦᠭᠡᠢ ᠪᠤᠯᠪᠠᠰᠤ ᠦᠬᠡ ᠰᠢᠯᠤᠭᠤᠨ ᠦᠭᠡᠢ︾ ᠬᠡᠮᠡᠬᠡᠳ ᠮᠤᠵᠢ ᠳ᠋ᠦᠲ᠋ᠦ᠋ᠩ ᠤᠨ ᠶᠠᠮᠤᠨ ᠬᠦᠷᠳᠡᠯ᠎ᠠ  ᠵᠠᠷᠭᠤ ᠪᠤᠯᠵᠤ᠂ ᠡᠵᠢ ᠬᠦᠪᠡᠬᠦᠨ ᠬᠤᠶᠠᠭᠤᠯᠨ ᠴᠦ ᠦᠵᠡᠯ ᠳᠡᠨᠢᠯ ᠦᠰᠦᠳ ᠦᠬᠡᠷ᠎ᠠ ᠪᠤᠯᠤᠭᠠᠳ ᠦᠬᠡ  ᠳᠤᠤᠭᠠᠷᠬᠤ ᠦᠭᠡᠢ᠂ ᠡᠷᠦᠬᠡ ᠰᠠᠯᠵᠤ ᠰᠠᠭᠤᠬᠤ ᠬᠡᠮᠵᠢᠶᠠᠨ ᠳᠤ ᠬᠦᠷᠴᠠᠢ᠃ ᠲᠠᠶ᠋ᠨ ᠪᠦᠬᠡᠷ᠎ᠠ ᠬᠤᠤᠷᠯᠠᠭᠳᠠᠭᠠᠳ ︽ ᠲᠠᠶ᠋ᠨ ᠪᠦᠬᠡᠷ᠎ᠠ︾ ᠬᠡᠬᠦ ᠠᠷᠡᠳ ᠤᠨ ᠳᠡᠭᠤᠤ ᠪᠤᠢ ᠪᠤᠯᠤᠭᠰᠠᠨ ᠶᠠᠪᠤᠳᠡᠯ ᠨᠢ ᠸᠠᠩᠴᠢᠡᠫᠧᠷᠯᠡᠢ ᠶᠢᠨ ᠤᠷᠳᠤᠨ ᠳᠤ  ᠦᠶ᠎ᠠ ᠤᠯᠠᠷᠢᠨ ᠵᠠᠯᠭᠠᠮᠵᠢᠯᠠᠬᠤ ᠵᠠᠰᠠᠭ ᠨᠤᠶᠠᠨ ᠤ ᠠᠰᠠᠭᠤᠳᠡᠯ ᠳᠡᠬᠡᠷ᠎ᠠ ᠬᠡᠳᠤᠨ ᠦᠶ᠎ᠠ ᠨᠡᠮ ᠵᠢᠮ ᠪᠤᠰᠤ ᠪᠤᠯᠤᠭᠠᠳ  ᠬᠤᠷᠴᠠ ᠰᠢᠷᠦᠬᠦᠨ ᠳᠡᠮᠡᠴᠡᠯ ᠬᠠᠷ᠎ᠠ ᠬᠤᠤᠷᠠᠳᠡᠢ ᠳᠡᠤᠬᠡ ᠶᠢᠨ ᠳᠡᠮᠳᠡᠭᠯᠡᠯ ᠢ ᠦᠯᠡᠳᠡᠬᠡᠪᠡ᠃ ᠸᠠᠩ ᠨᠤᠶᠠᠨ ᠤ  ᠤᠳᠤᠮ ᠤᠭᠰᠠᠭ᠎ᠠ ᠶᠢᠨ ᠳᠡᠤᠬᠡᠨ ᠳᠡᠬᠡᠷ᠎ᠠ ᠨᠡᠷ᠎ᠠ ᠨᠢᠭᠤᠷ ᠢᠶᠠᠨ ᠪᠠᠷᠠᠭᠰᠠᠨ ᠨᠢᠬᠡ ᠶᠠᠪᠤᠳᠡᠯ ᠪᠤᠯᠤᠭᠰᠠᠨ ᠳᠤᠯᠨ ᠠᠷᠤ  ᠬᠤᠷᠴᠢᠨ ᠤ ᠬᠤᠵᠢᠮ ᠤᠨ ᠸᠠᠩ ᠨᠤᠶᠠᠳ ᠤᠨ ᠤᠭᠰᠠᠭᠠᠳᠡᠳ ᠳᠤᠰ ᠳᠡᠭᠤᠤ ᠶᠢ ᠶᠠᠷᠤ ᠳᠡᠭᠤᠯᠠᠳᠠᠭ ᠦᠭᠡᠢ᠃ ᠠᠷᠤ  ᠬᠤᠷᠴᠢᠨ ᠤ ᠳᠡᠶᠢᠵᠢ ᠶᠢᠨ ᠤᠭᠰᠠᠭᠠᠳᠡᠳ ᠴᠦ ᠳᠤᠰ ᠳᠡᠭᠤᠤ ᠶᠢ ᠳᠡᠭᠤᠯᠠᠳᠠᠭ ᠦᠭᠡᠢ ᠶᠤᠮ᠃            ᠪᠢ ᠠᠷᠡᠳ ᠤᠨ ᠳᠡᠭᠤᠤ ︽ᠲᠠᠶ᠋ᠨ ᠪᠦᠬᠡᠷ᠎ᠠ︾ ᠬᠡᠬᠦ ᠳᠡᠭᠤᠤ ᠶᠢᠨ ᠢᠷᠡᠯᠳᠡ ᠶᠢ ᠪᠢᠴᠢᠬᠡᠳ ᠠᠳᠡ  ᠬᠦᠷᠬᠦ ᠳᠤ ᠰᠡᠳᠬᠢᠯ ᠮᠢᠨᠢ ᠤᠶᠠᠷᠡᠵᠤ ᠵᠢᠷᠦᠬᠡ ᠮᠢᠨᠢ ᠡᠮᠵᠡᠭᠯᠡᠵᠤ ︽ᠲᠠᠶ᠋ᠨ ᠪᠦᠬᠡᠷ᠎ᠠ︾ ᠬᠡᠬᠦ ᠠᠷᠡᠳ ᠤᠨ ᠳᠡᠭᠤᠤ ᠶᠢ  ᠦᠪᠡᠷ ᠤᠨ ᠡᠷᠬᠡ ᠦᠭᠡᠢ ᠳᠡᠭᠤᠯᠠᠮᠡᠷ ᠪᠤᠯᠤᠯ᠎ᠠ᠃ ︽ᠠᠯᠳᠡᠨ ᠬᠢᠩᠭᠠᠨ ᠠᠭᠤᠯᠠᠨ ᠤ ᠳᠡᠬᠡᠷ᠎ᠠ / ᠠᠯᠬᠤᠭᠠᠳ  ᠭᠠᠷᠤᠭᠠᠳ ᠦᠵᠡᠬᠦᠯᠡᠷ ᠬᠦᠢ / ᠠᠪᠤ ᠶᠢᠨ ᠨᠤᠳᠤᠭ ᠮᠤᠩᠭᠤᠯᠵᠢᠨ ᠬᠤᠰᠢᠭᠤ / ᠦᠵᠡᠭᠳᠡᠵᠤ ᠪᠠᠶᠢᠮᠡᠷ ᠰᠠᠨᠠᠭᠳᠡᠨ᠎ᠠ  ᠬᠦᠢ᠃ / ᠠᠯᠳᠡᠨ ᠬᠢᠩᠭᠠᠨ ᠠᠭᠤᠯᠠᠨ ᠤ ᠳᠡᠬᠡᠷ᠎ᠠ ᠠᠴᠠ / ᠠᠯᠬᠤᠭᠠᠳ ᠪᠠᠭᠤᠭᠠᠳ ᠢᠷᠡᠬᠦᠯᠡᠷ / ᠠᠷᠪᠠᠨ ᠨᠠᠰᠤᠳᠡᠢ  ᠳᠠᠶᠨ ᠪᠦᠬᠡᠷ᠎ᠠ ᠮᠢᠨᠢ / ᠤᠬᠢᠯᠠᠵᠤ ᠪᠠᠶᠢᠮᠡᠷ ᠰᠠᠨᠠᠭᠳᠡᠨ᠎ᠠ ᠬᠦᠢ ᠁︾ ᠳᠤᠰ ᠳᠡᠭᠤᠤ ᠶᠢ ᠳᠡᠭᠤᠯᠠᠬᠤ ᠲᠠᠢ ᠵᠡᠷᠬᠡ  ᠲᠠᠶ᠋ᠨ ᠪᠦᠬᠡᠷ᠎ᠠ ᠶᠢᠨ ᠡᠵᠢ ᠨᠠᠩᠰᠤᠯᠮ᠎ᠠ ᠦᠷ᠎ᠠ ᠪᠠᠨ ᠠᠯᠳᠡᠭᠠᠳ ᠤᠬᠢᠯᠠᠵᠤ ᠪᠠᠶᠢᠮᠡᠷ ᠰᠠᠨᠠᠭᠳᠡᠨ᠎ᠠ᠃ ᠲᠠᠶ᠋ᠨ ᠪᠦᠬᠡᠷ᠎ᠠ  ᠮᠢᠨᠢ ᠮᠠᠨ ᠤ ᠬᠠᠵᠠᠭᠤ ᠳᠤ ᠬᠤᠤᠷ᠎ᠠ ᠢᠳᠡᠬᠡᠳ ᠠᠮᠨ ᠨᠢ ᠠᠩᠭᠠᠯᠵᠠᠵᠤ ᠠᠮᠢ ᠪᠤᠯᠢᠶᠠᠯᠳᠤᠵᠤ ᠮᠠᠨ ᠢ ᠠᠮᠢ ᠶᠢ  ᠠᠪᠤᠷᠠᠭᠠᠰᠠᠢ ᠭᠡᠵᠤ ᠳᠡᠭᠤᠳᠡᠵᠤ ᠪᠠᠶᠢᠮᠡᠷ ᠰᠠᠨᠠᠭᠳᠡᠨ᠎ᠠ᠃ ᠳᠤᠰ ᠳᠡᠭᠤᠤ ᠶᠢ ᠰᠤᠨᠤᠰᠬᠤ ᠲᠠᠢ ᠵᠡᠷᠬᠡ ᠳᠤᠳᠤᠷ᠎ᠠ  ᠢᠭ᠍ᠳᠤᠯᠤᠨ᠂ ᠰᠡᠳᠬᠢᠯ ᠡᠪᠬᠡᠷᠤᠨ᠂ ᠨᠢᠯᠪᠤᠰᠤ ᠮᠢᠨᠢ ᠠᠶᠠᠠᠳᠡᠭᠠᠨ ᠤᠷᠤᠰᠬᠤ ᠠᠵᠢ᠃ ᠠᠷᠡᠳ ᠤᠨ ᠳᠡᠭᠤᠤ ᠬᠡᠮᠡᠭᠴᠢ  ᠡᠶᠢᠮᠤ ᠶᠡᠭᠡ ᠨᠦᠯᠦᠬᠡᠯᠡᠬᠦ ᠡᠷᠴᠢ ᠬᠦᠴᠦ ᠲᠠᠢ ᠤᠴᠢᠷ ᠠᠷᠡᠳ ᠤᠨ ᠢᠶᠠᠨ ᠰᠡᠳᠬᠢᠯ ᠢ ᠤᠯᠵᠤ ᠠᠷᠡᠳ ᠤᠨ ᠢᠶᠠᠨ  ᠳᠤᠮᠳᠡ ᠤᠯᠠᠮᠵᠢᠯᠠᠵᠤ ᠢᠷᠡᠭᠰᠡᠬᠡᠷ ᠪᠠᠶᠢᠯᠤᠭ᠎ᠠ᠃ ᠠᠷᠡᠳ ᠤᠨ ᠳᠡᠭᠤᠤ ︽ᠲᠠᠶ᠋ᠨ ᠪᠦᠬᠡᠷ᠎ᠠ︾ ᠮᠢᠨᠢ ᠦᠶ᠎ᠠ ᠶᠢᠨ  ᠦᠶ᠎ᠠ ᠳᠡᠭᠡᠨ ᠠᠯᠳᠡᠨ ᠳᠡᠯᠡᠬᠡᠢ ᠳᠤ ᠳᠡᠭᠤᠷᠢᠰᠬᠤ ᠪᠤᠯᠤᠭᠠᠰᠠᠢ .᠃  ᠵᠣᠬᠢᠶᠠᠭᠴᠢ᠄ ᠪᠦᠬᠡᠪᠠᠶᠠᠷ    ᠨᠠᠶᠢᠷᠠᠭᠤᠯᠤᠭᠴᠢ᠄  ᠬᠠᠷᠠᠬᠦᠤ ᠣᠷᠴᠢᠭᠤᠯᠤᠭᠴᠢ᠄  
 
ᠢᠷᠡᠯᠲᠡ᠄ ᠤᠯᠠᠭᠠᠨᠬᠳᠠ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号