ᠬᠤᠷᠣ ᠎ᠠ ᠳᠤ ᠬᠤᠤᠰ ᠦᠭᠡᠢ ᠭᠠᠶᠢᠬᠠᠮᠰᠢᠠᠠᠳᠦ ᠰᠤᠶᠤᠯ ᠮᠤᠩᠭᠤᠯ ᠵᠦᠢᠷ ᠰᠡᠴᠡᠨ ᠦᠬᠡ ᠶᠢᠨ ᠲᠤᠬᠠᠢ  ᠬᠦᠤᠷᠨᠢᠯ
ᠨᠡᠶᠢᠲᠡᠯᠡᠭᠰᠡᠨ ᠴᠠᠭ᠄
2018/9/27
     ᠲᠠᠶᠠᠩ ᠲᠡᠯᠡᠬᠡᠢ ᠳᠤ ᠰᠤᠳᠤᠨ ᠰᠤᠶᠤᠯ ᠲᠠᠢ᠂ ᠲᠠᠶᠠᠭᠠᠷ ᠲᠦᠮᠡᠨ ᠤ ᠲᠤᠮᠳᠠ ᠪᠠᠨ ᠲᠠᠷᠬᠠᠨ ᠪᠤᠰᠤᠭ᠎ᠠ  ᠮᠤᠩᠭᠤᠯ ᠰᠤᠶᠤᠯ ᠢᠶᠠᠨ ᠦᠪᠯᠡᠵᠦ᠂ ᠲᠡᠭᠡᠵᠢᠯᠡᠵᠦ᠂ ᠮᠠᠨᠳᠤᠭᠤᠯᠵᠦ ᠢᠷᠡᠭᠰᠡᠨ ᠮᠠᠨ ᠤ ᠰᠤᠶᠤᠯᠳᠤ ᠮᠤᠩᠭᠤᠯᠴᠤᠳ  ᠤᠷᠳᠤ ᠤᠳᠠᠭᠠᠨ ᠵᠢᠯ ᠤᠨ ᠠᠮᠠᠨ ᠰᠤᠶᠤᠯ ᠤᠨ ᠦᠪ ᠬᠦᠷᠦᠩᠭᠡ ᠲᠠᠢ ᠦᠨᠳᠦᠰᠦᠳᠡᠨ ᠶᠤᠮ᠃ ᠰᠤᠳᠤᠨ ᠰᠠᠶᠢᠬᠠᠨ  ᠠᠷᠠᠳ ᠤᠨ ᠠᠮᠠᠨ ᠰᠤᠶᠤᠯ ᠤᠨ ᠦᠪ ᠬᠦᠷᠦᠩᠭᠡ ᠲᠤᠳᠤᠷᠠᠬᠢ ᠨᠢᠬᠡ ᠰᠠᠯᠠᠭ᠎ᠠ ᠪᠤᠯᠬᠤ ᠵᠦᠢᠷ ᠰᠡᠴᠡᠨ ᠦᠬᠡ ᠨᠢ  ᠦᠶ᠎ᠠ ᠲᠠᠮᠵᠢᠨ ᠤᠯᠠᠮᠵᠢᠯᠬᠠᠳᠠᠨ ᠬᠠᠳᠠᠭᠠᠯᠬᠠᠳ᠋ᠬᠠᠰᠠᠭᠠᠷ ᠡᠳᠤᠬᠡ ᠪᠤᠯᠵᠡᠢ᠃            ᠦᠨᠢ ᠮᠦᠡᠭᠭᠡ ᠰᠢᠷᠦᠩᠬᠠᠶᠢᠯᠬᠠᠰᠠᠨ ᠠᠮᠠᠨ ᠵᠤᠬᠢᠶᠠᠯ ᠤᠨ ᠢᠷᠠᠭᠤ ᠨᠠᠶᠢᠷᠠᠭ ᠤᠨ ᠪᠡᠶ᠎ᠠ ᠪᠠᠨ ᠲᠠᠭᠠᠭᠠᠠᠨᠰᠠᠨ  ᠲᠤᠮᠤ ᠲᠦᠷᠦᠯ ᠵᠦᠢᠯ ᠤᠨ ᠨᠢᠬᠡ ᠨᠢ ᠵᠦᠢᠷ ᠰᠡᠴᠡᠨ ᠦᠬᠡ ᠶᠤᠮ᠃ ᠵᠦᠢᠷᠯᠡᠵᠦ ᠰᠤᠷᠭᠠᠠᠨᠰᠠᠨ ᠵᠦᠢᠷ ᠰᠡᠴᠡᠨ  ᠦᠬᠡᠨ ᠳᠤ ᠠᠷᠠᠳ ᠲᠦᠮᠡᠨ ᠤ ᠬᠦᠨ ᠤᠬᠠᠭᠠᠨ᠂ ᠤᠶᠤᠨ ᠰᠡᠳᠬᠢᠯᠬᠡ᠂ ᠠᠵᠦ ᠲᠦᠷᠦᠬᠦ ᠶᠢᠨ ᠨᠠᠷᠢᠨ ᠦᠵᠡᠯ᠂  ᠬᠦᠨ ᠤᠳᠬ᠎ᠠ ᠲᠠᠢ ᠶᠤᠰᠤ ᠰᠤᠷᠳᠠᠬᠤᠨ᠂ ᠤᠳᠤᠮᠰᠢᠯᠳᠤ ᠰᠠᠶᠢᠬᠠᠨ ᠬᠡᠪ ᠵᠠᠩᠰᠢᠯ ᠤᠨ ᠨᠠᠷᠢᠨ ᠤᠳᠬ᠎ᠠ ᠰᠠᠨᠠᠭ᠎ᠠ᠂  ᠲᠠᠯᠳᠠ ᠨᠢᠭᠤᠴᠠᠭᠠᠢ ᠦᠵᠡᠯ ᠪᠤᠳᠤᠯ ᠢ ᠢᠯᠡᠳᠬᠡᠵᠦ᠂ ᠲᠠᠩᠰᠤᠭ ᠰᠠᠶᠢᠬᠠᠨ ᠪᠠᠶᠢᠭᠠᠯᠢ ᠶᠢ ᠤᠯᠠᠷᠢᠯ ᠲᠠᠭᠠᠨ  ᠵᠦᠢᠷᠯᠡᠵᠦ᠂ ᠲᠠᠶᠠᠭᠠᠷ ᠲᠦᠮᠡᠨ ᠤ ᠠᠮᠢᠳᠤᠷᠠᠯ ᠠᠬᠤᠢ ᠪᠠ ᠨᠡᠶᠢᠬᠡᠮ ᠨᠡᠶᠢᠳᠠ ᠶᠢᠨ ᠦᠵᠡᠭᠳᠡᠯ ᠢ ᠰᠢᠨᠵᠢᠯᠡᠨ  ᠦᠵᠡᠭᠰᠡᠨ ᠢᠶᠠᠷ ᠢᠶᠠᠨ ᠲᠤᠳ᠋ᠬᠠᠳᠠᠵᠦ ᠪᠤᠯᠤᠰᠢ ᠦᠬᠡᠢ ᠨᠠᠨᠳᠢᠨ ᠰᠤᠷᠭᠠᠯ᠂ ᠭᠤᠸ᠎ᠠ ᠰᠠᠶᠢᠬᠠᠨ ᠤ ᠰᠢᠯᠵᠢᠰᠢ ᠦᠬᠡᠢ  ᠠᠴᠢ ᠬᠤᠯᠪᠤᠠᠨᠳᠠᠯ ᠲᠠᠢ ᠮᠦᠷᠳᠡᠭᠡᠨ ᠲᠦᠮᠡᠨ ᠤᠯᠠᠨ ᠮᠤᠩᠭᠤᠯᠴᠤᠳ ᠤᠨ ᠪᠠᠭ᠋ᠠᠷᠬᠠᠨ ᠲᠡᠬᠡᠵᠢᠯᠡᠵᠦ ᠰᠤᠷᠭᠠᠯ  ᠬᠠᠶᠢᠷᠠᠯᠠᠳᠠᠭ ᠦᠪ ᠰᠤᠶᠤᠯ ᠶᠤᠮ᠃            ᠪᠤᠭᠤᠷᠤᠯ ᠲᠡᠭᠡᠳᠤᠰ ᠤᠨ ᠠᠷᠢᠭᠤᠨ ᠰᠤᠶᠤᠯ ᠲᠠᠢ᠂ ᠪᠤᠰᠤᠭ᠎ᠠ ᠮᠤᠩᠭᠤᠯ ᠪᠤᠯᠪᠠᠰᠤᠨ ᠰᠤᠶᠤᠯ ᠲᠠᠢ  ᠮᠤᠩᠭᠤᠯᠴᠤᠳ ᠤᠨ ᠵᠦᠢᠷ ᠰᠡᠴᠡᠨ ᠦᠬᠡ ᠨᠢ ᠠᠵᠦ ᠠᠮᠢᠳᠤᠷᠠᠯ ᠠᠷᠢᠭᠤᠨ ᠬᠦᠳᠡᠯᠮᠤᠷᠢ ᠶᠢᠨ ᠤᠷ᠎ᠠ ᠲᠤᠷᠰᠢᠯᠭ᠎ᠠ ᠶᠢ  ᠨᠢᠬᠡᠳᠭᠡᠭᠰᠡᠨ ᠤᠶᠤᠨ ᠪᠤᠳᠤᠯ ᠤᠨ ᠰᠢᠭᠰᠢᠮᠡᠯ᠂ ᠤᠬᠠᠭᠠᠨ ᠰᠠᠨᠠᠭᠠᠨ ᠤ ᠰᠤᠩᠭᠤᠮᠠᠯ ᠪᠠᠶᠢᠳᠠᠭ ᠤᠨ ᠤᠴᠢᠷ ᠵᠢᠩᠬᠢᠨᠢ  ᠬᠠᠳᠠᠭᠤ ᠪᠠᠷ ᠬᠠᠶᠢᠷᠠᠯᠠᠳᠠᠭ ᠰᠠᠨᠠᠭ᠎ᠠ ᠠᠬᠤᠢ ᠢᠯᠡᠷᠡᠵᠦ ᠪᠠᠶᠢᠳᠠᠭ᠃ ᠠᠯᠠᠭ ᠬᠤᠷᠸ᠎ᠠ ᠶᠢᠨ ᠦᠡᠭᠭᠡ ᠨᠢᠭᠤᠷ ᠢ  ᠠᠩᠬᠢᠯᠠᠨ ᠲᠠᠨᠢᠵᠦ᠂ ᠬᠦᠮᠤᠨ ᠤ ᠤᠷᠴᠢᠯᠠᠩ ᠤᠨ ᠠᠮᠢᠳᠤᠷᠠᠯ ᠤᠨ ᠰᠠᠨᠠᠭ᠎ᠠ ᠶᠢ ᠵᠦᠪ ᠲᠠᠨᠢᠭᠤᠯᠵᠦ᠂ ᠮᠠᠭᠤ ᠶᠢ  ᠵᠢᠭᠰᠢᠬᠦᠯᠬᠦ ᠠᠯᠤᠰ ᠤᠨ ᠪᠤᠳᠤᠯ᠂ ᠤᠳᠬ᠎ᠠ ᠪᠢᠯᠢᠭ ᠢ ᠲᠡᠬᠦᠰ ᠪᠤᠳᠤᠯᠬᠢᠯᠬᠠᠰᠠᠨ ᠨᠢ ᠵᠦᠢᠷ ᠰᠡᠴᠡᠨ ᠦᠬᠡᠰ ᠶᠤᠮ᠃  ᠡᠶᠢᠮᠦ ᠪᠤᠯᠬᠤᠷ ᠵᠦᠢᠷ ᠰᠡᠴᠡᠨ ᠦᠬᠡ ᠶᠢ ᠮᠤᠩᠭᠤᠯ ᠲᠦᠮᠡᠨ ᠤ ᠤᠬᠠᠭᠠᠨ ᠪᠢᠯᠢᠭ᠂ ᠠᠮᠢᠳᠤᠷᠠᠯ ᠠᠬᠤᠢ ᠶᠢᠨ  ᠨᠡᠪᠳᠡᠷᠬᠡᠢ ᠲᠤᠯᠢ ᠬᠡᠬᠦ ᠳᠤ ᠢᠯᠡᠬᠦᠳᠡᠬᠦ ᠦᠬᠡᠢ᠃            ᠮᠤᠩᠭᠤᠯᠴᠤᠳ ᠤᠨ ᠵᠦᠢᠷ ᠰᠡᠴᠡᠨ ᠦᠬᠡ ᠳᠤ ︽ᠪᠠᠷᠰ ᠴᠠᠭ ᠲᠤ ᠪᠤᠰᠬᠤ ᠦᠬᠡᠢ ᠪᠤᠯ᠂ ᠡᠳᠤᠷ ᠤᠨ  ᠶᠠᠪᠤᠳᠠᠯ ᠬᠤᠴᠤᠷᠤᠨ᠎ᠠ᠃ ᠪᠠᠭ᠎ᠠ ᠨᠠᠰᠤᠨ ᠳᠠᠭᠠᠨ ᠰᠤᠷᠬᠤ ᠦᠬᠡᠢ ᠪᠤᠯ᠂ ᠨᠠᠰᠤᠨ ᠤ ᠶᠠᠪᠤᠳᠠᠯ ᠬᠤᠴᠤᠷᠤᠨ᠎ᠠ︾᠂ ︽ ᠬᠦᠮᠤᠨ ᠪᠤᠯᠬᠤ ᠪᠠᠭ᠎ᠠ ᠠᠴᠠ᠂ ᠬᠦᠯᠦᠭ ᠪᠤᠯᠬᠤ ᠤᠨᠠᠭᠠᠨ ᠠᠴᠠ︾᠂ ︽ᠡᠳ᠋ ᠢᠶᠠᠷ ᠪᠡᠶ᠎ᠠ ᠪᠠᠨ ᠴᠢᠮᠡᠬᠦ ᠪᠠᠷ᠂  ᠡᠷᠳᠡᠮ ᠢᠶᠠᠷ ᠪᠡᠶ᠎ᠠ ᠪᠠᠨ ᠴᠢᠮᠨ︾ ᠁ ᠬᠡᠬᠦ ᠮᠡᠳᠤ ᠨᠠᠨᠳᠢᠨ ᠰᠤᠷᠭᠠᠯ ᠲᠠᠢ ᠪᠠᠶᠢᠳᠠᠭ᠃ ᠲᠡᠶᠢᠮᠤ ᠳᠡᠭᠡᠨ  ᠪᠤᠯᠪᠠᠰᠤᠨ ᠶᠤᠰᠤ ᠰᠤᠷᠳᠠᠬᠤᠨ ᠲᠠᠢ ᠬᠤᠶᠢᠴᠢᠰ ᠴᠤᠯᠭᠤᠷᠠᠵᠦ᠂ ᠰᠤᠶᠤᠯ ᠲᠠᠢ᠂ ᠰᠤᠷᠭᠠᠯ ᠲᠠᠢ᠂ ᠰᠤᠷᠳᠠᠯ ᠲᠠᠢ  ᠪᠠᠶᠢᠳᠠᠭ ᠤᠨ ᠤᠴᠢᠷ ᠲᠡᠯᠡᠬᠡᠢ ᠨᠡᠶᠢᠳᠠ ᠳᠤ ᠪᠤᠯᠪᠠᠰᠤᠨ ᠦᠨᠳᠦᠰᠦᠳᠡᠨ ᠬᠡᠵᠦ ᠲᠠᠨᠢᠠᠨᠳ᠋ᠬᠠᠰᠠᠨ ᠪᠦᠯᠤᠬᠡ᠃ ᠮᠤᠩᠭᠤᠯ  ᠵᠦᠢᠷ ᠰᠡᠴᠡᠨ ᠦᠬᠡ ᠪᠤᠰᠤᠳ ᠦᠨᠳᠦᠰᠦᠳᠡᠨ ᠤ ᠠᠮᠠᠨ ᠵᠤᠬᠢᠶᠠᠯ ᠲᠠᠢ ᠠᠳᠠᠯᠢ ᠠᠵᠦ ᠦᠢᠯᠡᠳᠪᠤᠷᠢᠯᠡᠯ ᠤᠨ  ᠵᠢᠩᠬᠢᠨᠢ ᠲᠤᠷᠰᠢᠯᠭ᠎ᠠ ᠦᠡᠭᠭᠡᠷᠡᠯᠳᠠ᠂ ᠪᠤᠳᠤᠯ ᠰᠡᠳᠬᠢᠭᠳᠡᠯ ᠤᠨ ᠤᠷ᠎ᠠ ᠠᠪᠢᠶᠠᠰ᠂ ᠪᠠᠶᠢᠭᠠᠯᠢ ᠲᠡᠯᠡᠬᠡᠢ ᠶᠢᠨ  ᠰᠢᠨᠵᠢᠯᠡᠬᠦᠢ ᠬᠤᠪᠢᠷᠠᠯ᠂ ᠬᠦᠮᠤᠰ ᠤᠨ ᠰᠡᠳᠬᠢᠯ ᠰᠠᠨᠠᠭᠠᠨ ᠤ ᠢᠯᠡᠷᠡᠯ ᠬᠤᠪᠢᠷᠠᠯ᠂ ᠠᠵᠢᠠᠨᠯᠠᠯᠳᠠ ᠳ᠋ᠦᠡᠭᠨᠡᠯᠳᠠ ᠪᠠᠨ  ᠬᠠᠮᠤᠭ ᠤᠨ ᠲᠤᠪᠴᠢ ᠤᠨᠤᠪᠴᠢᠳᠡᠢ᠂ ᠤᠷ᠎ᠠ ᠤᠬᠠᠭᠠᠨ ᠤ ᠲᠤᠩᠭᠠᠮᠠᠯ ᠬᠡᠯᠪᠡᠷᠢ ᠪᠠᠷ ᠰᠠᠶᠢᠨ ᠮᠡᠳᠡᠬᠦ ᠦᠵᠡᠭᠳᠡᠯ ᠢᠶᠠᠷ  ᠲᠠᠮᠵᠢᠭᠤᠯᠤᠨ ᠢᠯᠡᠷᠭᠡᠶᠢᠯᠡᠳᠡᠭ ᠪᠦᠯᠤᠬᠡ᠃          ᠮᠤᠩᠭᠤᠯ ᠵᠦᠢᠷ ᠰᠡᠴᠡᠨ ᠦᠬᠡ ᠨᠢ ᠠᠯᠢ ᠡᠷᠳᠠ ᠤᠯᠠᠨ ᠵᠠᠭᠤ ᠮᠢᠩᠭᠠᠨ ᠵᠢᠯ ᠤᠨ ᠦᠨᠢ ᠤᠳᠠᠭᠠᠨ ᠠᠮᠢᠳᠤᠷᠠᠯ  ᠂ ᠦᠡᠭᠭᠡ ᠦᠬᠡᠳᠡᠳᠡᠢ ᠬᠦᠳᠡᠯᠮᠤᠷᠢ᠂ ᠦᠡᠭᠭᠡᠷᠡᠵᠦ ᠶᠠᠪᠤᠠᠨᠰᠠᠨ ᠲᠤᠷᠰᠢᠯᠭ᠎ᠠ ᠰᠤᠷᠭᠠᠮᠵᠢ ᠠᠴᠠ ᠡᠬᠢ ᠠᠪᠴᠠᠢ᠃  ᠦᠯᠢᠬᠡᠷ ᠲᠤᠤᠯᠢ᠂ ᠬᠤᠯᠪᠤᠭ᠎ᠠ᠂ ᠠᠮᠠᠨ ᠵᠤᠬᠢᠶᠠᠯ ᠤᠨ ᠪᠤᠰᠤᠳ ᠲᠦᠷᠦᠯ ᠤᠨ ᠲᠤᠳᠤᠷ᠎ᠠ ᠠᠷᠢᠭᠤᠨ ᠪᠠᠶᠠᠯᠢᠭ  ᠤᠷᠳᠤ ᠬᠦᠤᠷᠨᠢᠯ ᠦᠬᠦᠯᠡᠪᠤᠷᠢ ᠶᠢ ᠬᠤᠷᠢᠶᠠᠨ ᠪᠠᠭᠴᠠᠯᠠᠵᠦ ᠴᠤᠮᠨᠤᠯ ᠤᠨ ᠬᠡᠪᠴᠢᠶᠡᠨ ᠳᠤ ᠪᠠᠭᠳᠠᠭᠠᠨ ᠬᠦᠨ  ᠤᠬᠠᠭᠠᠨ᠂ ᠲᠠᠯᠳᠠ ᠬᠦᠴᠤᠨ ᠲᠠᠢ ᠵᠦᠢᠷ ᠰᠡᠴᠡᠨ ᠦᠬᠡ ᠪᠤᠯᠵᠦ᠂ ᠶᠠᠪᠤᠭᠠᠨ ᠳᠠᠭᠠᠨ ᠪᠡᠶ᠎ᠠ ᠪᠠᠨ ᠲᠠᠭᠠᠭᠠᠠᠨᠰᠠᠨ  ᠵᠦᠢᠷ ᠰᠡᠴᠡᠨ ᠦᠬᠡ ᠪᠤᠯᠵᠡᠢ᠃ ᠵᠠᠷᠢᠮ ᠵᠦᠢᠷ ᠰᠡᠴᠡᠨ ᠦᠬᠡ ᠨᠢ ᠪᠢᠴᠢᠭ ᠢᠶᠠᠷ ᠠᠩᠬ᠎ᠠ ᠡᠬᠦᠰᠤᠭᠡᠳ ᠤᠯᠠᠨ ᠤ  ᠲᠤᠮᠳᠠ ᠲᠠᠷᠬᠠᠵᠦ᠂ ᠠᠭᠠᠵᠢᠮ ᠳᠠᠭᠠᠨ ᠠᠮᠠᠨ ᠵᠤᠬᠢᠶᠠᠯ ᠪᠤᠯᠤᠨ ᠬᠤᠪᠢᠷᠠᠵᠡᠢ᠃          ᠮᠤᠩᠭᠤᠯ ᠠᠮᠠᠨ ᠵᠤᠬᠢᠶᠠᠯ ᠳᠤ ᠵᠦᠢᠷ ᠰᠡᠴᠡᠨ ᠦᠬᠡ ᠴᠢᠬᠤᠯᠨ ᠪᠠᠶᠢᠷᠢ ᠲᠠᠢ᠂ ᠵᠦᠢᠷ ᠰᠡᠴᠡᠨ ᠦᠬᠡ ᠨᠢ  ᠤᠷᠠᠯᠢᠭ ᠴᠢᠨᠠᠷ᠂ ᠤᠬᠠᠭᠠᠯᠢᠭ ᠮᠡᠳᠡᠷᠡᠮᠵᠢ ᠦᠨᠳᠤᠷ ᠪᠠᠶᠢᠳᠠᠭ ᠢᠶᠠᠷ ᠢᠶᠠᠨ ᠠᠷᠠᠳ ᠲᠦᠮᠡᠨ ᠤ ᠰᠤᠶᠤᠯ ᠤᠨ ᠦᠬᠡ  ᠬᠡᠯᠡᠨ ᠳᠤ ᠵᠤᠬᠢᠬᠤ ᠨᠡᠮᠡᠬᠦᠷᠢ ᠲᠠᠢ᠂ ᠤᠳᠬ᠎ᠠ ᠵᠤᠬᠢᠶᠠᠯ ᠳᠤ ᠨᠢᠬᠡᠨ ᠪᠠᠭᠴᠨ ᠴᠡᠴᠡᠭ ᠪᠤᠯᠤᠠᠨᠰᠠᠭᠠᠷ ᠢᠷᠡᠵᠡᠢ᠃  ᠮᠤᠩᠭᠤᠯᠴᠤᠳ ᠡᠷᠳᠠ ᠦᠶ᠎ᠠ ᠠᠴᠠ ᠵᠦᠢᠷ ᠰᠡᠴᠡᠨ ᠦᠬᠡ ᠶᠢ ᠤᠷᠤᠰᠤᠮ᠎ᠠ ᠰᠠᠶᠢᠬᠠᠨ ᠶᠠᠷᠢᠵᠦ᠂ ᠴᠡᠭᠡᠵᠢᠯᠡᠵᠦ᠂  ᠦᠷ᠎ᠠ ᠬᠤᠶᠢᠴᠢᠰ ᠲᠠᠭᠠᠨ ᠰᠤᠷᠭᠠᠵᠦ᠂ ᠮᠡᠳᠡᠬᠦᠯᠵᠦ᠂ ᠨᠠᠢᠮᠠᠨ ᠨᠠᠰᠤᠳᠡᠢ ᠬᠡᠤᠬᠡᠳ ᠠᠴᠠ ᠠᠪᠤᠭᠠᠳ ᠨᠠᠶᠠᠨ ᠨᠠᠰᠤᠳᠡᠢ  ᠡᠪᠤᠭᠡᠨ ᠪᠤᠭᠤᠷᠤᠯᠴᠤᠳ ᠬᠦᠷᠳᠡᠯ᠎ᠠ ᠲᠦᠬᠡᠮᠡᠯ ᠶᠠᠷᠢᠵᠦ᠂ ᠲᠦᠪ ᠴᠢᠩᠭ᠎ᠠ ᠬᠡᠷᠡᠭᠯᠡᠵᠦ ᠢᠷᠡᠭᠰᠡᠨ ᠪᠠᠶᠢᠨ᠎ᠠ᠃ ᠵᠦᠢᠷ  ᠰᠡᠴᠡᠨ ᠦᠬᠡ ᠨᠢ ᠶᠡᠷᠤᠨᠢ ᠤᠷᠤᠨ ᠵᠠᠢ᠂ ᠴᠠᠭ ᠡᠷᠡᠨ᠂ ᠨᠦᠬᠦᠴᠡᠯ ᠪᠤᠯᠤᠯᠴᠠᠭ᠎ᠠ ᠳᠤ ᠰᠢᠯᠳᠠᠭᠠᠯᠬᠠᠳᠠᠬᠤ ᠦᠬᠡᠢ  ᠴᠢᠯᠤᠬᠡᠳᠡᠢ ᠬᠡᠷᠡᠭᠯᠡᠭᠳᠡᠳᠡᠭ ᠮᠦᠷᠳᠡᠭᠡᠨ ᠬᠡᠵᠢᠶᠡᠳᠠ ᠴᠠᠭ ᠲᠠᠭᠠᠨ ᠲᠤᠬᠢᠷᠬᠠᠰᠠᠨ ᠤᠨᠴᠠᠯᠢᠭ ᠲᠠᠢ ᠲᠤᠯᠨ ᠶᠡᠭᠡ  ᠡᠷᠳᠠ ᠠᠴᠠ ᠤᠯᠠᠮᠵᠢᠯᠬᠠᠳᠠᠨ ᠠᠷᠠᠳ ᠤᠯᠠᠨ ᠤ ᠠᠮᠠᠨ ᠵᠤᠬᠢᠶᠠᠯ᠂ ᠠᠷᠢᠭᠤᠨ ᠰᠠᠶᠢᠬᠠᠨ ᠰᠤᠷᠭᠠᠯ ᠪᠤᠯᠵᠦ᠂  ᠬᠦᠨᠳᠤᠳᠬᠡᠨ ᠬᠠᠶᠢᠷᠠᠯᠠᠵᠦ ᠲᠡᠬᠡᠵᠢᠯᠡᠨ ᠬᠡᠷᠡᠭᠯᠡᠭᠰᠡᠭᠡᠷ ᠢᠷᠡᠵᠡᠢ᠃ ᠵᠦᠢᠷ ᠰᠡᠴᠡᠨ ᠦᠬᠡ ᠳᠤ ᠶᠢᠷᠳᠢᠨᠴᠤ ᠶᠢᠨ  ᠦᠵᠡᠯᠳᠠ᠂ ᠠᠮᠢᠳᠤᠷᠠᠬᠤᠢ ᠶᠢᠨ ᠦᠵᠡᠯᠳᠠ᠂ ᠲᠡᠤᠬᠡ᠂ ᠰᠤᠷᠭᠠᠨ ᠬᠦᠮᠤᠵᠢᠯ᠂ ᠶᠤᠰᠤ ᠰᠤᠷᠳᠠᠬᠤᠨ᠂ ᠵᠠᠩ ᠵᠠᠩᠰᠢᠯ  ᠂ ᠱᠠᠰᠢᠨ ᠰᠢᠳᠤᠯᠬᠡ ᠵᠡᠷᠭᠡ ᠠᠭᠤᠰᠴᠦ ᠪᠠᠶᠢᠬᠤ ᠶᠢ ᠤᠶᠢᠯᠠᠭᠠᠵᠦ ᠪᠤᠯᠤᠨ᠎ᠠ᠃          ᠨᠡᠶᠢᠳᠠ ᠮᠤᠩᠭᠤᠯᠴᠤᠳ ᠤᠨ ᠰᠤᠶᠤᠯ ᠤᠨ ᠵᠢᠩᠬᠢᠨᠢ ᠦᠮᠴᠢᠯᠡᠯ ᠪᠤᠯᠤᠠᠨᠰᠠᠨ ᠵᠦᠢᠷ ᠰᠡᠴᠡᠨ ᠦᠬᠡᠰ ᠨᠢ  ᠮᠤᠩᠭᠤᠯ ᠤᠨ ᠨᠤᠳᠤᠠᠨᠰᠢᠨ ᠰᠠᠭᠤᠠᠨᠰᠠᠨ ᠦᠡᠭ ᠰᠢᠮᠡᠯᠢᠭ ᠬᠦᠷᠤᠰᠤᠨ᠎ᠠ ᠦᠨᠳᠤᠰᠤ ᠬᠦᠨ ᠬᠠᠳᠬᠤᠵᠦ᠂ ᠦᠪ  ᠵᠤᠵᠠᠭᠠᠨ ᠬᠦᠷᠦᠩᠭᠡᠰᠢᠵᠦ᠂ ᠵᠠᠭᠤᠨ ᠵᠠᠭᠤᠨ ᠢ ᠲᠠᠮᠵᠢᠨ ᠰᠤᠶᠤᠭᠠᠯᠠᠨ ᠨᠠᠬᠢᠶᠠᠯᠠᠵᠦ ᠰᠠᠯᠪᠤᠷᠢᠯᠠᠨ ᠲᠡᠯᠬᠡᠷᠡᠭᠰᠡᠭᠡᠷ  ᠡᠳᠤᠭᠡ ᠶᠢᠨ ᠬᠦᠭᠵᠢᠯᠳᠤ ᠡᠷᠡᠨ ᠢᠶᠠᠨ ᠤᠠᠨᠳᠤᠠᠨᠰᠠᠨ ᠪᠠᠶᠢᠬ᠎ᠠ᠃          ᠮᠤᠩᠭᠤᠯ ᠵᠦᠢᠷ ᠰᠡᠴᠡᠨ ᠦᠬᠡ ᠲᠤᠳᠤᠷᠬᠠᠢ ᠨᠦᠬᠦᠴᠡᠯ ᠴᠠᠭ ᠬᠤᠭᠤᠴᠠᠭ᠎ᠠ ᠳᠤ ᠡᠬᠦᠰᠴᠤ ᠤᠷᠤᠰᠢᠨ  ᠲᠤᠠᠨᠳᠠᠨᠢᠬᠤ ᠲᠤᠯᠨ ᠮᠤᠩᠭᠤᠯ ᠲᠤᠭᠤᠷᠭᠠᠳᠠᠨ ᠤ ᠲᠦᠷᠪᠡᠨ ᠤᠯᠠᠷᠢᠯ ᠤᠨ ᠨᠡᠬᠦᠳᠡᠯᠴᠢᠨ ᠤ ᠰᠤᠶᠤᠯ ᠢᠷᠭᠡᠨᠰᠢᠯ ᠤᠨ  ᠲᠠᠪᠳ᠋ᠬᠠᠳᠠᠰᠢ ᠦᠬᠡᠢ ᠤᠨᠴᠠᠯᠢᠭ ᠢ ᠲᠤᠪᠤᠶᠢᠮ᠎ᠠ ᠢᠯᠡᠷᠬᠡᠶᠢᠯᠡᠳᠡᠭ ᠢᠶᠠᠷ ᠢᠶᠠᠨ ᠦᠨᠳᠦᠰᠦᠳᠡᠨ ᠤ ᠰᠢᠨᠵᠢ ᠴᠢᠨᠠᠷ ᠲᠠᠢ᠂  ᠰᠤᠳᠤᠯᠵᠦ ᠰᠤᠷᠬᠤ ᠳᠤ ᠠᠰᠢᠠᠨᠳᠡᠢ ᠪᠠᠶᠢᠳᠠᠭ᠃          ᠮᠤᠩᠭᠤᠯ ᠵᠦᠢᠷ ᠰᠡᠴᠡᠨ ᠦᠬᠡ ᠳᠤ᠄ ︽ᠠᠭᠤᠯᠨ ᠮᠤᠷᠢ ᠶᠢ ᠵᠤᠪᠠᠭᠠᠨ᠎ᠠ᠂ ᠠᠭᠤᠷ ᠪᠡᠶ᠎ᠠ ᠶᠢ ᠵᠤᠪᠠᠭᠠᠨ᠎ᠠ︾  ᠭᠡᠵᠦ ᠠᠭᠤᠷ ᠤᠮᠤᠭ ᠢᠶᠠᠨ ᠲᠠᠷᠤᠵᠦ᠂ ᠪᠤᠯᠪᠠᠰᠤᠨ ᠶᠤᠰᠤ ᠰᠤᠷᠳᠠᠬᠤᠨ ᠲᠠᠢ᠂ ᠰᠤᠷᠭᠠᠯ ᠰᠤᠷᠳᠠᠯ ᠲᠠᠢ ᠶᠠᠪᠤᠬᠤ ᠶᠢ  ᠵᠢᠭᠠᠵᠠᠢ᠃ ᠮᠦᠨ ᠪᠠᠰᠨ ︽ᠠᠭᠤᠯᠨ ᠬᠡᠳᠤᠢ ᠦᠨᠳᠤᠷ ᠪᠤᠯᠪᠠᠴᠤ ᠤᠠᠨᠳᠠᠷᠭᠤᠢ ᠲᠤᠤᠷ᠎ᠠ᠂ ᠡᠷ᠎ᠠ ᠬᠡᠳᠦᠢ ᠬᠡᠴᠡᠬᠦᠤ  ᠪᠤᠯᠪᠠᠴᠤ ᠬᠠᠤᠯᠢ ᠲᠤᠤᠷ᠎ᠠ︾ ᠭᠡᠳᠡᠭ ᠨᠢ ᠬᠡᠷᠡᠭ ᠪᠤᠳᠠᠰ ᠤᠨ ᠵᠢᠮ᠎ᠠ ᠬᠠᠤᠯᠢ ᠶᠢ ᠵᠦᠷᠢᠴᠡᠵᠦ᠂ ᠦᠪᠡᠷ ᠤᠨ  ᠰᠠᠨ᠋ᠬᠠᠰᠠᠨ ᠢᠶᠠᠷ ᠢᠶᠠᠨ ᠪᠤᠯᠤᠨ᠎ᠠ ᠬᠡᠵᠦ ᠠᠭᠠᠰᠢᠯᠠᠵᠦ ᠪᠤᠯᠬᠤ ᠦᠬᠡᠢ ᠬᠡᠰᠡᠨ ᠰᠤᠷᠭᠠᠯ᠃ ︽ᠠᠭᠤᠯᠨ ᠶᠢᠨ ᠪᠤᠭᠤ ᠶᠢ  ᠦᠵᠡᠬᠡᠳ᠂ ᠤᠨᠤᠠᠠᠰᠠᠨ ᠪᠤᠬ᠎ᠠ ᠪᠠᠨ ᠬᠠᠶᠠᠬᠤ︾᠂ ᠡᠬᠦᠨ ᠳᠤ ᠤᠯᠠᠨ ᠤᠳᠬ᠎ᠠ ᠰᠠᠨᠠᠭ᠎ᠠ ᠶᠢ ᠪᠠᠭᠳᠠᠭᠠᠵᠠᠢ᠃  ᠬᠤᠪᠳᠤᠭ ᠰᠠᠨᠠᠭ᠎ᠠ ᠬᠤᠭᠤᠰᠤᠨ ᠰᠠᠭᠤᠯᠭᠠᠨ᠎ᠠ ᠭᠡᠰᠡᠨ ᠢᠯᠨ ᠤᠳᠬ᠎ᠠ ᠲᠠᠢ᠃ ᠮᠦᠨ ᠪᠠᠰᠨ ︽ᠠᠭᠤᠯᠨ ᠶᠢᠨ  ᠴᠢᠨᠡᠬᠡᠨ ᠬᠠᠷ᠎ᠠ ᠶᠢ ᠲᠠᠤᠯᠠᠢ ᠶᠢᠨ ᠴᠢᠨᠡᠬᠡᠨ ᠴᠠᠭᠠᠨ ᠲᠡᠶᠢᠯᠤᠨ᠎ᠠ︾ ᠭᠡᠳᠡᠭ ᠨᠢ ᠡᠬᠢᠯᠡᠬᠦ ᠳᠡᠭᠡᠨ ᠪᠠᠭ᠎ᠠ ᠪᠠᠭᠤᠷᠠᠢ  ᠪᠠᠶᠢᠠᠨᠰᠠᠨ ᠴᠤ ᠡᠴᠤᠰ ᠲᠡᠭᠡᠨ ᠬᠦᠴᠦᠷᠭᠡᠭᠵᠢᠨ ᠪᠤᠵᠠᠭᠠᠶᠢᠷᠠᠵᠦ ᠴᠢᠳᠠᠨ᠎ᠠ ᠬᠡᠰᠡᠨ ᠰᠠᠨᠠᠭ᠎ᠠ ᠲᠠᠢ᠃ ᠵᠦᠢᠷ ᠰᠡᠴᠡᠨ  ᠦᠬᠡ ᠨᠢ ᠭᠤᠤᠯ ᠰᠠᠨᠠᠭ᠎ᠠ ᠪᠠᠨ ᠲᠠᠯᠳᠠ ᠢᠯᠡᠳᠭᠡᠳᠡᠭ ᠮᠦᠷᠳᠡᠭᠡᠨ ᠰᠤᠷᠭᠠᠯ ᠤᠨ ᠬᠡᠯᠪᠡᠷᠢ ᠪᠠᠷ ᠲᠠᠯᠳᠠ ᠶᠠᠷᠢᠳᠠᠭ  ᠤᠨᠴᠠᠯᠢᠭ ᠲᠠᠢ᠃            ᠤᠳᠤᠮᠰᠢᠯᠳᠤ ᠮᠤᠩᠭᠤᠯᠴᠤᠳ ᠤᠨ ᠤᠯᠪᠠᠭ᠎ᠠ ᠵᠠᠯᠭᠠᠨ ᠤᠯᠠᠮᠵᠢᠯᠠᠵᠦ ᠢᠷᠡᠭᠰᠡᠨ ᠵᠦᠢᠷ ᠰᠡᠴᠡᠨ ᠦᠬᠡ ᠪᠤᠯ  ︽ᠮᠤᠩᠭᠤᠯ ᠬᠡᠯᠡᠨ ᠤ ᠭᠠᠶᠢᠬᠠᠮᠰᠢᠭ᠂ ᠮᠤᠩᠭᠤᠯ ᠰᠤᠶᠤᠯ ᠤᠨ ᠭᠠᠶᠢᠬᠠᠮᠰᠢᠭ᠂ ᠮᠤᠩᠭᠤᠯ ᠬᠦᠮᠤᠨ ᠤ ᠭᠠᠶᠢᠬᠠᠮᠰᠢᠭ︾  ᠬᠡᠵᠦ ᠡᠷᠳᠡᠮᠳᠡᠨ ᠶᠠᠷᠢᠵᠦ ᠦᠡᠭᠭᠡᠷᠡᠭᠰᠡᠨ ᠪᠢᠯᠨ᠃             ᠤᠯᠤᠰ ᠲᠠᠶᠠᠭᠠᠷ ᠤᠳᠤ ᠦᠪ ᠰᠤᠶᠤᠯ ᠢᠶᠠᠨ ᠡᠷᠬᠦᠵᠦ᠂ ᠬᠠᠮᠠᠭᠠᠯᠠᠵᠦ᠂ ᠬᠦᠭᠵᠢᠬᠦᠯᠬᠦ ᠠᠵᠢᠯ ᠪᠦᠬᠦ  ᠲᠠᠯ᠎ᠠ ᠪᠠᠷ ᠦᠷᠨᠢᠵᠦ᠂ ᠦᠨᠳᠦᠰᠦᠳᠡᠨ ᠶᠠᠰᠤᠳᠡᠨ ᠦᠪᠡᠷ ᠦᠪᠡᠷ ᠤᠨ ᠰᠤᠶᠤᠯ ᠢᠶᠠᠨ ᠡᠷᠬᠦᠵᠦ᠂ ᠲᠡᠭᠡᠳᠤᠰ ᠤᠨ  ᠭᠤᠯᠤᠮᠳᠠ ᠳᠠᠭᠠᠨ ᠲᠠᠯᠠᠷᠬᠠᠵᠦ᠂ ᠲᠡᠯᠡᠬᠡᠢ ᠳᠤ ᠪᠢ ᠬᠡᠨ ᠪᠢᠯᠨ ᠬᠡᠵᠦ ᠨᠡᠷ᠎ᠠ ᠪᠠᠨ ᠮᠡᠳᠡᠬᠦᠯᠵᠦ ᠪᠠᠶᠢᠨ᠎ᠠ᠃ ︽ ᠰᠤᠶᠤᠯᠳᠤ ᠦᠨᠳᠦᠰᠦᠳᠡᠨ︾ ᠬᠡᠵᠦ ᠲᠠᠶᠠᠩ ᠳᠤ ᠠᠯᠳᠠᠷᠰᠢᠠᠨᠰᠠᠨ ᠮᠤᠩᠭᠤᠯ ᠬᠦᠮᠤᠰ ᠰᠤᠶᠤᠯ ᠳᠠᠭᠠᠨ ᠬᠠᠶᠢᠷᠠᠳᠡᠢ᠂  ᠨᠤᠳᠤᠭ ᠤᠰᠤᠨ ᠳᠠᠭᠠᠨ ᠬᠠᠶᠢᠷᠠᠳᠡᠢ᠂ ᠦᠨᠳᠤᠰᠤᠳᠡᠨ ᠳᠡᠭᠡᠨ ᠬᠠᠶᠢᠷᠠᠳᠡᠢ᠂ ᠦᠪ ᠰᠤᠶᠤᠯ ᠢᠶᠠᠨ ᠦᠪᠯᠡᠨ  ᠬᠠᠮᠠᠭᠠᠯᠠᠬᠤ ᠬᠡᠵᠦ ᠦᠳᠡᠯᠤᠬᠡ ᠵᠠᠯᠠᠭᠤᠰ ᠢᠯᠭᠠᠯ ᠦᠬᠡᠢ ᠮᠡᠷᠡᠶᠢᠨ ᠴᠢᠷᠮᠠᠶᠢᠵᠦ᠂ ᠵᠤᠪᠠᠨ ᠵᠦᠳᠡᠷᠡᠵᠦ ᠪᠠᠶᠢᠯᠤᠭ᠎ᠠ᠃  ᠡᠳᠡᠭᠡᠷ ᠬᠦᠮᠤᠰ ᠤᠨ ᠠᠷᠢᠭᠤᠨ ᠬᠦᠳᠡᠯᠮᠤᠷᠢ᠂ ᠠᠵᠢᠯᠴᠢ ᠰᠤᠷᠳᠠᠯᠴᠢ ᠠᠵᠢᠯᠯᠠᠭᠠᠨ ᠢᠶᠠᠷ ᠤᠳᠤ ᠵᠦᠢᠷ ᠰᠡᠴᠡᠨ  ᠦᠬᠡ ᠪᠠᠶᠢᠭᠠᠯᠢ ᠨᠡᠶᠢᠬᠡᠮ ᠤᠨ ᠵᠢᠮ᠎ᠠ ᠶᠤᠰᠤᠨ᠂ ᠤᠯᠠᠨ ᠲᠦᠮᠡᠨ ᠤ ᠬᠠᠨᠳᠤᠯᠭ᠎ᠠ ᠬᠠᠷᠢᠯᠴᠠᠭ᠎ᠠ᠂ ᠠᠮᠢᠳᠤᠷᠠᠯ  ᠲᠡᠮᠡᠴᠡᠯ ᠤᠨ ᠤᠳᠬ᠎ᠠ ᠤᠴᠢᠷ ᠢ ᠦᠨᠡᠯᠡᠵᠦ ᠢᠯᠡᠳᠭᠡᠭᠰᠡᠨ ᠠᠵᠦ ᠲᠦᠷᠦᠬᠦᠢ ᠳᠤ ᠵᠢᠷᠤᠮᠯᠠᠯ᠂ ᠴᠡᠭ ᠪᠠᠷᠢᠮᠳᠠᠯᠠᠯ  ᠪᠤᠯᠬᠤ ᠬᠦᠨ ᠰᠡᠳᠬᠢᠯᠬᠡ᠂ ᠮᠡᠷᠭᠡᠨ ᠰᠠᠨᠠᠭ᠎ᠠ᠂ ᠢᠷᠠᠭᠤ ᠲᠦᠷᠰᠦᠯᠢᠭ ᠪᠦᠬᠦᠢ ᠶᠡᠭᠡ ᠲᠦᠯᠤᠪ ᠬᠤᠶᠠᠷ ᠠᠴᠠ  ᠲᠦᠷᠪᠡᠨ ᠮᠦᠷ ᠤᠨ ᠵᠦᠢᠷ ᠰᠡᠴᠡᠨ ᠦᠬᠡ ᠤᠡᠭᠰᠢᠠᠨᠴᠢ ᠲᠦᠮᠡᠨ ᠤ ᠤᠶᠠᠬᠠᠨ ᠮᠡᠯᠮᠡᠢ ᠶᠢ ᠪᠠᠶᠠᠰᠬᠠᠵᠦ᠂ ᠦᠢ  ᠲᠦᠮᠡᠨ ᠤ ᠰᠡᠳᠬᠢᠯ ᠳᠤ ᠬᠦᠷᠴᠤ ᠪᠠᠶᠢᠨ᠎ᠠ᠃ ︽ᠨᠤᠳᠤᠭ ᠲᠠᠢ ᠬᠦᠮᠤᠨ ᠲᠦᠬᠡᠷᠢᠬᠦ ᠦᠬᠡᠢ᠂ ᠰᠤᠶᠤᠯ ᠲᠠᠢ  ᠦᠨᠳᠦᠰᠦᠳᠡᠨ ᠪᠠᠯᠠᠷᠠᠬᠤ ᠦᠬᠡᠢ︾ ᠬᠡᠳᠡᠭ ᠪᠢᠯᠢᠭᠳᠦ ᠦᠬᠡᠰ ᠢ ᠲᠡᠭᠡᠵᠢᠯᠡᠨ ᠮᠤᠩᠭᠤᠯ ᠦᠨᠳᠦᠰᠦᠳᠡᠨ ᠤ  ᠠᠷᠠᠳ ᠤᠨ ᠰᠤᠶᠤᠯ ᠤᠨ ᠦᠪ ᠬᠦᠷᠦᠩᠭᠡ ᠬᠡᠵᠢᠶᠡᠳᠠ ᠠᠷᠠᠳ ᠤᠨ ᠤᠶᠤᠨ ᠤᠬᠠᠭᠠᠨ ᠢ ᠬᠡᠶᠢᠬᠦᠯᠤᠨ ᠪᠠᠶᠢᠭᠠᠰᠠᠢ  ᠬᠡᠵᠦ ᠵᠦᠡᠭᠨᠡᠯ ᠳᠡᠪᠰᠢᠭᠦᠯᠦᠶ᠎ᠠ᠃  ᠵᠣᠬᠢᠶᠠᠭᠴᠢ᠄ ᠪᠡ᠊᠂ ᠴᠤᠯᠮᠤᠨ     ᠨᠠᠶᠢᠷᠠᠭᠤᠯᠤᠭᠴᠢ᠄  ᠬᠠᠷᠠᠬᠦᠤ
 
ᠢᠷᠡᠯᠲᠡ᠄ ᠤᠯᠠᠭᠠᠨᠬᠳᠠ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号