ᠡᠷᠢᠶᠡᠨ ᠬᠤᠳᠠ ᠠᠴᠠ ᠤᠯᠳᠠᠬᠰᠠᠨ ᠱᠠᠩ ᠤᠯᠤᠰ ᠤᠨ ᠦᠶ᠎ᠠ ᠶᠢᠨ ᠬᠠᠰ  ︽ᠰᠦᠯᠳᠡ︾ ᠳᠠᠬᠢ ᠤᠢᠢᠭᠤᠷᠵᠢᠨ ᠮᠤᠩᠭᠤᠯ  ᠦᠰᠦᠭ ᠤᠨ ᠤᠳᠬ᠎ᠠ  ᠲᠠᠶᠢᠯᠤᠬᠳᠠᠪᠠ
ᠨᠡᠶᠢᠲᠡᠯᠡᠭᠰᠡᠨ ᠴᠠᠭ᠄
2018/9/18
     ᠡᠷᠢᠶᠡᠨ ᠬᠤᠳᠠ ᠠᠴᠠ ᠤᠯᠳᠠᠬᠰᠠᠨ ᠱᠠᠩ ᠤᠯᠤᠰ ᠤᠨ ᠦᠶ᠎ᠠ ᠶᠢᠨ ᠬᠠᠰ  ︽ᠰᠦᠯᠳᠡ︾ ᠳᠠᠬᠢ ᠤᠢᠢᠭᠤᠷᠵᠢᠨ ᠮᠤᠩᠭᠤᠯ  ᠦᠰᠦᠭ ᠤᠨ ᠤᠳᠬ᠎ᠠ  ᠲᠠᠶᠢᠯᠤᠬᠳᠠᠪᠠ               — ᠨᠠᠢᠮᠠᠨ ᠵᠠᠭᠤᠨ ᠤ ᠲᠡᠷᠳᠡᠭᠡᠬᠢ ᠤᠢᠢᠭᠤᠷᠵᠢᠨ ᠮᠤᠩᠭᠤᠯ ᠦᠰᠦᠭ ᠤᠨ ᠤᠨᠢᠰᠤᠭ᠎ᠠ  ᠲᠠᠶᠢᠯᠤᠬᠳᠠᠵᠤ ᠮᠤᠩᠭᠤᠯ ᠦᠰᠦᠭ  ᠪᠢᠴᠢᠭ ᠤᠨ ᠲᠡᠦᠬᠡ ᠮᠤᠩᠭᠤᠯ ᠰᠤᠶᠤᠯ ᠤᠨ ᠲᠡᠦᠬᠡ ᠶᠢᠨ ᠰᠤᠳᠤᠯᠭᠠᠨ ᠳᠤ ᠬᠤᠪᠤᠷ ᠨᠠᠨᠳᠢᠨ ᠪᠠᠷᠢᠮᠳᠠ ᠬᠠᠩᠭᠠᠯ᠎ᠠ  ᠰᠢᠨᠡᠪᠢᠯᠢᠭ                ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠤᠳᠤᠯᠤᠬᠴᠢ᠂ ᠫᠷᠦᠹᠧᠰᠰᠤᠷ ᠪᠤ  · ᠪᠤᠯᠠᠬ ᠤᠨ ᠲᠠᠪᠰᠢᠬᠦᠯᠦᠭᠰᠡᠨ ︽ᠡᠷᠢᠶᠡᠨ ᠬᠤᠳᠠ ᠠᠴᠠ ᠤᠯᠳᠠᠬᠰᠠᠨ ᠱᠠᠩ ᠤᠯᠤᠰ ᠤᠨ ᠦᠶ᠎ᠠ ᠶᠢᠨ ᠬᠠᠰ ︿ᠰᠦᠯᠳᠡ﹀ ᠳᠠᠬᠢ ᠤᠢᠢᠭᠤᠷᠵᠢᠨ ᠮᠤᠩᠭᠤᠯ ᠪᠢᠴᠢᠭ︾ ᠬᠡᠮᠡᠬᠦ ᠬᠠᠮᠤᠬ ᠤᠨ ᠰᠢᠨ᠎ᠠ  ᠰᠤᠳᠤᠯᠭᠠᠨ ᠤ  ᠦᠬᠦᠯᠡᠯ ᠨᠢ  ᠲᠦᠷᠦᠬᠦᠬᠡᠨ  ᠶᠠᠪᠤᠭᠳᠠᠭᠰᠠᠨ ᠲᠤᠮᠳᠠᠳᠤ ᠤᠷᠤᠰ ᠮᠤᠩᠭᠤᠯ ·  ᠭᠤᠷᠪᠠᠳᠤᠭᠠᠷ  ᠬᠤᠭᠤᠴᠠᠭᠠᠨ ᠤ  ᠮᠤᠩᠭᠤᠯ  ᠲᠦᠷᠦᠯ  ᠬᠡᠯᠡᠨ ᠤ  ᠰᠤᠳᠤᠯᠤᠯ ᠤᠨ  ᠤᠯᠠᠨ ᠤᠯᠤᠰ ᠤᠨ ᠡᠷᠳᠡᠮ ᠰᠢᠨᠵᠢᠯᠡᠬᠡᠨ ᠤ ᠰᠤᠳᠤᠯᠤᠨ ᠶᠠᠷᠢᠯᠴᠠᠬᠤ  ᠬᠤᠷᠠᠯ ᠳᠤ  ᠤᠷᠤᠯᠴᠠᠬᠰᠠᠨ  ᠡᠷᠳᠡᠮᠳᠡᠨ  ᠰᠤᠳᠤᠯᠭᠠᠳᠠᠳ ᠤᠨ ᠠᠩᠬᠠᠷᠤᠯ ᠢ ᠶᠡᠭᠡ ᠪᠠᠷ ᠲᠠᠳᠠᠯ᠎ᠠ᠃ ᠡᠨᠡ ᠬᠦ ᠬᠠᠰ ︽ᠰᠦᠯᠳᠠ︾ ᠳᠠᠬᠢ ᠤᠢᠢᠭᠤᠷᠵᠢᠨ  ᠮᠤᠩᠭᠤᠯ  ᠦᠰᠦᠭ ᠢ  ᠤᠷᠴᠢᠭᠤᠯᠤᠨ ᠲᠠᠶᠢᠯᠤᠬᠰᠠᠨ ᠶᠠᠪᠤᠳᠠᠯ ᠨᠢ ᠮᠤᠩᠭᠤᠯ ᠦᠰᠦᠭ ᠪᠢᠴᠢᠭ ᠤᠨ ᠲᠡᠦᠬᠡ᠂ ᠮᠤᠩᠭᠤᠯ  ᠰᠤᠶᠤᠯ ᠤᠨ  ᠲᠡᠦᠬᠡ ᠶᠢᠨ  ᠰᠤᠳᠤᠯᠭᠠᠨ ᠳᠤ ᠬᠤᠪᠤᠷ ᠨᠠᠨᠳᠢᠨ ᠪᠤᠳᠠᠳᠠᠢ ᠪᠠᠷᠢᠮᠳᠠ  ᠬᠠᠩᠭᠠᠭᠰᠠᠨ  ᠪᠠᠶᠢᠨ᠎ᠠ᠃  ᠦᠩᠬᠡᠨ  ᠲᠠᠯ᠎ᠠ  ᠪᠤᠯᠤᠨ  ᠠᠷᠤ  ᠲᠠᠯ᠎ᠠ ᠳᠤᠨᠢ  ᠡᠷᠳᠡᠨ ᠤ ᠤᠢᠢᠭᠤᠷᠵᠢᠨ ᠮᠤᠩᠭᠤᠯ ᠦᠰᠦᠭ ᠢ ᠰᠡᠶᠢᠯᠦᠭᠰᠡᠨ ᠲᠤᠰ ᠬᠠᠰ ︽ᠰᠦᠯᠳᠡ︾ ᠪᠤᠯ 40 ᠰᠡᠨᠲ᠋ᠢᠮᠧᠲᠷ ᠤᠷᠳᠤ᠂ 2000 ᠭᠷᠡᠮ ᠬᠦᠨᠳᠦ ᠭᠠᠤᠯᠢᠨ ᠪᠠᠷᠢᠭᠤᠯ ᠲᠠᠢ ᠬᠠᠰ ︽ᠰᠦᠯᠳᠡ︾ ᠪᠠᠶᠢᠵᠤ᠂ ᠡᠵᠡᠨ ᠬᠠᠭᠠᠨ ᠤ ᠡᠷᠬᠡ  ᠮᠡᠳᠡᠯ  ᠪᠠ  ᠪᠠᠶᠢᠷᠢ  ᠰᠠᠭᠤᠷᠢ ᠪᠠᠨ ᠤᠯᠠᠮᠵᠢᠯᠠᠨ ᠵᠠᠯᠭᠠᠮᠵᠢᠯᠠᠬᠤ ᠳᠤ ᠬᠡᠷᠡᠭᠯᠡᠳᠡᠭ ᠪᠡᠯᠬᠡ ᠲᠡᠮᠳᠡᠭ ᠤᠨ ᠴᠢᠨᠠᠷᠳᠠᠢ ᠶᠤᠰᠤᠯᠠᠯ ᠤᠨ ᠬᠡᠷᠡᠭᠰᠡᠯ ᠪᠤᠯᠬᠤ  ᠶᠤᠮ᠃  ᠬᠠᠮᠢᠶ᠎ᠠ ᠪᠦᠬᠦᠢ ᠲᠤᠰᠬᠠᠢ ᠮᠡᠷᠬᠡᠵᠢᠯᠳᠡᠨ ᠤ ᠬᠢᠨᠠᠨ ᠲᠤᠬᠳᠠᠭᠠᠯᠳᠠ ᠶᠢ ᠦᠨᠳᠦᠰᠦᠯᠡᠪᠡᠯ᠂ ᠲᠤᠰ ᠬᠠᠰ ︽ᠰᠦᠯᠳᠠ︾ ᠳᠠᠬᠢ ᠤᠢᠢᠭᠤᠷᠵᠢᠨ ᠮᠤᠩᠭᠤᠯ ᠦᠰᠦᠭ ᠨᠢ 12 ᠳ᠋ᠤᠭᠠᠷ ᠵᠠᠭᠤᠨ ᠤ ᠰᠡᠬᠦᠯᠴᠢ ᠪᠤᠶᠤ 13 ᠳ᠋ᠤᠭᠠᠷ ᠵᠠᠭᠤᠨ ᠤ ᠡᠬᠢᠨ ᠤ ᠦᠶ᠎ᠡ ᠳᠤ ᠰᠡᠶᠢᠯᠦᠭᠳᠡᠵᠦ᠂ ᠤᠳᠤ ᠠᠴᠠ 800 ᠭᠠᠷᠤᠢ ᠵᠢᠯ ᠤᠨ ᠲᠡᠦᠬᠡ ᠲᠠᠢ ᠪᠤᠯᠵᠠᠢ᠃               ᠲᠤᠰ  ᠰᠤᠳᠤᠯᠭᠠᠨ ᠢ  ᠭᠠᠷᠳᠠᠨ  ᠬᠢᠭᠰᠡᠨ  ᠦᠪᠦᠷ   ᠮᠤᠩᠭᠤᠯ ᠤᠨ   ᠨᠡᠶᠢᠬᠡᠮ ᠤᠨ   ᠰᠢᠨᠵᠢᠯᠡᠬᠦ   ᠤᠬᠠᠭᠠᠨ ᠤ ᠬᠦᠷᠢᠶᠡᠯᠡᠩ ᠤᠨ ᠰᠤᠳᠤᠯᠤᠬᠴᠢ᠂ ᠫᠷᠦᠹᠧᠰᠰᠤᠷ ᠪᠤ · ᠪᠤᠯᠠᠬ ᠰᠤᠷᠪᠤᠯᠵᠢᠯᠠᠬᠴᠢ ᠳᠤ᠄ ︽ᠪᠢ ᠡᠨᠡ  ᠵᠢᠯ ᠤᠨ  6  ᠰᠠᠷ᠎ᠠ ᠶᠢᠨ 7 ᠤ ᠡᠳᠦᠷ ᠲᠤᠰ ᠬᠠᠰ ︿ᠰᠦᠯᠳᠡ﹀ ᠶᠢ ᠬᠤᠷᠢᠶᠠᠨ ᠬᠠᠳᠠᠭᠠᠯᠠᠬᠴᠢ ᠵᠤᠤ ᠸᠧᠢ ᠵᠧᠩ ᠠᠪᠤᠭᠠᠢ ᠠᠴᠠ ᠬᠠᠰ  ︿ ᠰᠦᠯᠳᠡ﹀ ᠳᠠᠬᠢ ᠡᠷᠳᠡᠨ ᠤ ᠤᠢᠢᠭᠤᠷᠵᠢᠨ ᠮᠤᠩᠭᠤᠯ ᠦᠰᠦᠭ ᠢ ᠤᠷᠴᠢᠭᠤᠯᠤᠨ ᠲᠠᠶᠢᠯᠬᠤ ᠬᠦᠨᠳᠦ ᠡᠬᠦᠷᠬᠡ ᠶᠢ ᠬᠦᠯᠢᠶᠡᠵᠦ ᠠᠪᠴᠠᠢ᠃ ᠡᠨᠡ ᠬᠦ ᠤᠢᠢᠭᠤᠷᠵᠢᠨ ᠮᠤᠩᠭᠤᠯ ᠦᠰᠦᠭ ᠢ ᠵᠦᠪ ᠤᠩᠰᠢᠬᠤ ᠳᠤ ᠠᠯᠢ ᠲᠠᠯ᠎ᠠ ᠠᠴᠠ ᠨᠢ ᠤᠷᠢᠳ ᠢᠶᠠᠷ ᠤᠩᠰᠢᠬᠤ ᠪᠤᠢ ᠬᠡᠳᠡᠭ ᠪᠤᠯ ᠵᠠᠩᠬᠢᠯᠠᠭ᠎ᠠ ᠶᠢᠨ ᠠᠰᠠᠭᠤᠳᠠᠯ ᠪᠤᠯᠤᠨ᠎ᠠ᠃ ᠤᠴᠢᠷ ᠨᠢ ᠬᠡᠷᠪᠡ ᠮᠤᠩᠭᠤᠯ ᠪᠢᠴᠢᠭ ᠤᠨ ᠪᠢᠴᠢᠯᠬᠡ ᠶᠢᠨ  ᠮᠦᠷᠯᠡᠯ  ᠶᠤᠰᠤᠭᠠᠷ ᠵᠡᠬᠦᠨ ᠠᠴᠠ ᠪᠠᠷᠠᠭᠤᠨᠰᠢ ᠤᠩᠰᠢᠪᠠᠯ ᠤᠳᠬ᠎ᠠ ᠶᠢ ᠨᠢ ᠲᠠᠶᠢᠯᠵᠤ ᠴᠢᠳᠠᠬᠤ ᠦᠬᠡᠢ ᠪᠦᠬᠡᠳ ᠱᠠᠯ ᠲᠡᠮᠡᠢ ᠵᠦᠢᠯ  ᠪᠤᠯᠳᠠᠬ᠃  ︿ᠮᠤᠩᠭᠤᠯ ᠤᠨ ᠨᠢᠭᠤᠴᠠ ᠲᠤᠪᠴᠢᠶᠠᠨ﹀ ᠤ ᠬᠢᠳᠠᠳ ᠭᠠᠯᠢᠬᠯᠠᠯ ᠤᠨ ᠮᠤᠩᠭᠤᠯ ᠦᠬᠡᠰ ᠪᠤᠯᠤᠨ ᠮᠢᠩ ᠤᠯᠤᠰ ᠤᠨ  ᠦᠶ᠎ᠠ ᠶᠢᠨ ︿ ᠤᠢᠢᠭᠤᠷ  ᠪᠢᠴᠢᠭ ᠤᠨ  ᠬᠢᠴᠢᠶᠡᠯ  ﹀  ᠵᠡᠷᠬᠡ  ᠰᠤᠷᠪᠤᠯᠵᠢ  ᠪᠢᠴᠢᠭ ᠢ  ᠴᠦᠮ  ᠬᠢᠳᠠᠳ  ᠪᠢᠴᠢᠭ ᠤᠨ  ᠲᠠᠳᠬᠠᠯ ᠢᠶᠠᠷ ᠪᠠᠷᠠᠭᠤᠨ ᠠᠴᠠ ᠵᠡᠬᠦᠨᠰᠢ ᠤᠩᠰᠢᠳᠠᠬ ᠵᠢᠱᠢᠶ᠎ᠠ ᠪᠠᠰᠠ ᠬᠠᠷᠠᠬᠳᠠᠳᠠᠬ᠃ ᠪᠢ ᠡᠬᠦᠨ ᠠᠴᠠ ᠰᠡᠳᠡᠯᠳᠡ ᠤᠯᠵᠤ᠂ ᠬᠠᠰ ︿ᠰᠦᠯᠳᠡ﹀ ᠳᠠᠬᠢ ᠤᠢᠢᠭᠤᠷᠵᠢᠨ ᠮᠤᠩᠭᠤᠯ ᠦᠰᠦᠭ ᠤᠨ  ᠮᠦᠷᠯᠡᠯ ᠢ  ᠪᠠᠷᠠᠭᠤᠨ  ᠲᠠᠯ᠎ᠠ ᠠᠴᠠ  ᠡᠬᠢᠯᠡᠵᠦ  ᠵᠡᠬᠦᠨᠰᠢ ᠪᠠᠨ  ᠤᠩᠰᠢᠭᠠᠳ ᠤᠳᠬ᠎ᠠ ᠶᠢ ᠨᠢ ᠬᠤᠯᠪᠤᠵᠤ ᠴᠢᠳᠠᠪᠠ᠂ ᠦᠩᠬᠡᠨ ᠲᠠᠯ᠎ᠠ ᠪᠠ ᠠᠷᠤ ᠲᠠᠯ᠎ᠠ ᠬᠤᠶᠠᠷ ᠲᠠᠯ᠎ᠠ ᠶᠢᠨ ᠵᠢᠷᠭᠤᠭᠠᠨ ᠡᠷᠳᠡᠨ ᠤ  ᠮᠤᠩᠭᠤᠯ ᠦᠬᠡ ᠶᠢ ᠬᠤᠯᠪᠤᠨ ᠤᠩᠰᠢᠪᠠᠯ᠄ ᠡᠾᠦ᠋ᠩᠨᠦ ︿ᠮᠤᠩᠭᠤᠯ﹀ ᠤᠨ  ᠶᠡᠭᠡ  ᠸᠠᠩ᠂  ᠬᠦᠨᠦᠬᠡᠯᠳᠡᠨ  ᠮᠠᠩᠭᠤᠰ ᠢ  ᠤᠰᠠᠳᠬᠠᠬᠤ ᠵᠡᠪᠰᠡᠭ ᠬᠡᠳᠡᠭ ᠦᠬᠡ ᠪᠤᠯᠤᠨ᠎ᠠ︾ ᠬᠡᠵᠦ ᠲᠠᠨᠢᠯᠴᠠᠭᠤᠯᠤᠯ᠎ᠠ᠃               ᠲᠤᠰ ᠰᠤᠳᠤᠯᠭᠠᠨ ᠤ  ᠦᠷ᠎ᠠ  ᠪᠦᠳᠦᠬᠡᠯ ᠤᠨ  ᠠᠴᠢ  ᠬᠤᠯᠪᠤᠬᠳᠠᠯ ᠤᠨ  ᠲᠤᠬᠠᠢ  ᠪᠤ  ·  ᠪᠤᠯᠠᠬ  ᠫᠷᠦᠹᠧᠰᠰᠤᠷ ᠰᠤᠷᠪᠤᠯᠵᠢᠯᠠᠬᠴᠢ ᠳᠤ᠄ ︽ᠪᠢᠳᠡ ᠲᠤᠰ ᠬᠠᠰ ︿ᠰᠦᠯᠳᠡ﹀ ᠳᠠᠬᠢ  ᠤᠢᠢᠭᠤᠷᠵᠢᠨ  ᠮᠤᠩᠭᠤᠯ  ᠦᠰᠦᠭ ᠢ  ᠰᠤᠳᠤᠯᠬᠤ ᠪᠠᠷ ᠲᠠᠮᠵᠢᠭᠤᠯᠤᠨ᠂  ᠲᠤᠬᠠᠢ ᠶᠢᠨ  ᠦᠶ᠎ᠠ ᠳᠤ  ᠮᠤᠩᠭᠤᠯ  ᠬᠡᠯᠡᠨ ᠤ  ᠤᠷᠤᠭᠤᠯ ᠤᠨ  ᠡᠬᠡᠰᠢᠭ  ᠨᠢᠬᠡᠨᠳᠡ  ᠪᠤᠢ  ᠪᠤᠯᠤᠬᠰᠠᠨ︔ ᠵᠢᠭᠠᠬᠤ ᠶᠢᠨ ᠲᠡᠶᠢᠨ ᠢᠯᠭᠠᠯ ᠪᠤᠯᠤᠨ ᠬᠠᠷᠢᠶᠠᠯᠠᠬᠤ ᠶᠢᠨ ᠲᠡᠶᠢᠨ ᠢᠯᠭᠠᠯ ᠬᠠᠷᠢᠯᠴᠠᠨ ᠰᠡᠯᠬᠦᠴᠡᠵᠦ ᠪᠠᠶᠢᠬᠰᠠᠨ  ᠵᠡᠷᠬᠡ  ᠵᠦᠢᠯ ᠢ ᠤᠯᠵᠤ ᠮᠡᠳᠡᠯ᠎ᠡ᠃ 12 ᠳ᠋ᠤᠭᠠᠷ ᠵᠠᠭᠤᠨ ᠤ ᠰᠡᠬᠦᠯᠴᠢ ᠪᠤᠶᠤ 13 ᠳ᠋ᠤᠭᠠᠷ ᠵᠠᠭᠤᠨ ᠤ  ᠡᠬᠢᠨ ᠤ  ᠦᠶ᠎ᠡ ᠳᠤ  ᠰᠡᠶᠢᠯᠦᠭᠳᠡᠭᠰᠡᠨ ᠲᠤᠰ ᠬᠠᠰ ︿ᠰᠦᠯᠳᠡ﹀  ᠳᠠᠬᠢ ᠤᠢᠢᠭᠤᠷᠵᠢᠨ ᠮᠤᠩᠭᠤᠯ ᠦᠰᠦᠭ ᠨᠢ ᠨᠡᠶᠢᠳᠡ ᠳᠤ  ᠮᠡᠳᠡᠷᠡᠭᠳᠡᠵᠦ  ᠪᠠᠶᠢᠭ᠎ᠠ  ᠬᠠᠮᠤᠬ ᠤᠨ ᠡᠷᠳᠡᠨ ᠤ ᠤᠢᠢᠭᠤᠷᠵᠢᠨ ᠮᠤᠩᠭᠤᠯ ᠦᠰᠦᠭ ᠤᠨ ᠲᠤᠷᠠᠰᠬᠠᠯ ᠪᠤᠯᠬᠤ 1225 ᠤᠨ ᠤ ᠴᠢᠩᠬᠢᠰ ᠤᠨ ᠴᠢᠯᠠᠭᠤᠨ ᠪᠢᠴᠢᠭ ᠠᠴᠠ ᠴᠤ ᠡᠷᠳᠡ ᠪᠠᠶᠢᠳᠠᠬ᠃ ᠲᠤᠰ ᠬᠠᠰ ︿ᠰᠦᠯᠳᠡ﹀ ᠳᠠᠬᠢ ᠤᠢᠢᠭᠤᠷᠵᠢᠨ ᠮᠤᠩᠭᠤᠯ ᠦᠰᠦᠭ ᠢ ᠤᠷᠴᠢᠭᠤᠯᠵᠤ  ᠲᠠᠶᠢᠯᠤᠬᠰᠠᠨ ᠶᠠᠪᠤᠳᠠᠯ ᠨᠢ ᠮᠤᠩᠭᠤᠯ ᠦᠰᠦᠭ ᠪᠢᠴᠢᠭ ᠤᠨ ᠲᠡᠦᠬᠡ᠂ ᠮᠤᠩᠭᠤᠯ  ᠰᠤᠶᠤᠯ ᠤᠨ  ᠲᠡᠦᠬᠡ ᠶᠢᠨ  ᠰᠤᠳᠤᠯᠭᠠᠨ ᠳᠤ  ᠤᠯᠳᠠᠬᠤᠶ᠎ᠠ ᠪᠡᠷᠬᠡ ᠪᠤᠳᠠᠳᠠᠢ ᠬᠡᠷᠡᠴᠢ ᠪᠠᠷᠢᠮᠳᠠ  ᠪᠤᠯᠬᠤ ᠪᠠᠷ  ᠦᠯᠦ  ᠪᠠᠷᠠᠮ  ᠲᠤᠰ  ᠰᠤᠳᠤᠯᠭᠠᠨ ᠳᠤ  ᠮᠠᠰᠢ  ᠢᠳᠡᠪᠬᠢᠳᠡᠢ  ᠦᠢᠯᠡᠳᠦᠯ ᠦᠵᠡᠬᠦᠯᠬᠦ ᠨᠢ ᠲᠠᠮᠵᠢᠬ ᠦᠬᠡᠢ︾ ᠬᠡᠵᠦ ᠶᠠᠷᠢᠯ᠎ᠠ᠃  ᠬᠠᠷᠢᠭᠤᠴᠠᠭᠰᠠᠨ ᠨᠠᠶᠢᠷᠠᠭᠤᠯᠤᠭᠴᠢ᠄ ᠰᠤᠪᠤᠳ
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号