ᠶᠡᠭᠡ ᠬᠦᠢᠲᠡᠨ — ᠶᠡᠭᠡ ᠬᠦᠢᠲᠡᠨ ᠪᠤᠯ ᠬᠤᠷᠢᠨ ᠳᠦᠷᠪᠡᠨ ᠴᠠᠭ ᠣᠯᠠᠷᠢᠯ ᠤᠨ ᠬᠠᠮᠤᠭ ᠰᠡᠭᠦᠯ ᠤᠨ | ᠨᠢᠭᠡ ᠤᠯᠠᠷᠢᠯ ᠪᠤᠯᠤᠨ᠎ᠠ᠃ ᠠᠷᠭ᠎ᠠ ᠶᠢᠨ ᠤᠯᠠᠷᠢᠯ ᠤᠨ ᠵᠢᠯ ᠪᠦᠷᠢ ᠶᠢᠨ 1 ᠳ᠋ᠤᠭᠡᠷ ᠰᠠᠷ᠎ᠠ ᠶᠢᠨ 20 ︵ᠪᠤᠶᠤ 21︶ ᠤ | ᠡᠳᠦᠷ᠃ ᠨᠠᠷᠠ ᠰᠢᠷ᠎ᠠ ᠤᠷᠲᠤᠷᠢᠭ ᠤᠨ 300 ᠭᠷᠡᠳᠦ᠋ᠰ ᠲᠤ ᠬᠦᠷᠴᠦ ᠢᠷᠡᠬᠦ ᠦᠶ᠎ᠡ ᠶᠢ ︽ᠶᠡᠭᠡ ᠬᠦᠢᠲᠡᠨ︾ ᠭᠡᠳᠡᠭ᠃ | | ᠬᠠᠪᠤᠷ ᠤᠨ ᠠᠭᠤᠷ — ᠬᠤᠷᠢᠨ ᠳᠦᠷᠪᠡᠨ ᠤᠯᠠᠷᠢᠯ ᠤᠨ ᠨᠢᠭᠡᠳᠦᠭᠡᠷ ᠤᠯᠠᠷᠢᠯ ᠪᠤᠯᠤᠨ᠎ᠠ᠃ ᠠᠷᠭ᠎ᠠ ᠶᠢᠨ | ᠤᠯᠠᠷᠢᠯ ᠤᠨ ᠵᠢᠯ ᠪᠦᠷᠢ ᠶᠢᠨ 2 ᠳ᠋ᠤᠭᠠᠷ ᠰᠠᠷ᠎ᠠ ᠶᠢᠨ 4 ︵ᠪᠤᠶᠤ 5︶ ᠤ ᠡᠳᠦᠷ᠃ ᠨᠠᠷᠠ ᠰᠢᠷ᠎ᠠ ᠤᠷᠲᠤᠷᠢᠭ ᠤᠨ | 315 ᠭᠷᠡᠳᠦ᠋ᠰ ᠲᠤ ᠬᠦᠷᠦᠨ᠎ᠡ᠃ | ᠬᠤᠷ᠎ᠠ ᠤᠰᠤ — ᠬᠤᠷᠢᠨ ᠳᠦᠷᠪᠡᠨ ᠴᠠᠭ ᠤᠯᠠᠷᠢᠯ ᠤᠨ ᠬᠤᠶᠠᠳᠤᠭᠠᠷ ᠤᠯᠠᠷᠢᠯ ᠪᠤᠯᠤᠨ᠎ᠠ᠃ ᠠᠷᠭ᠎ᠠ ᠶᠢᠨ | ᠤᠯᠠᠷᠢᠯ ᠤᠨ ᠵᠢᠯ ᠪᠦᠷᠢ ᠶᠢᠨ 2 ᠳ᠋ᠤᠭᠠᠷ ᠰᠠᠷ᠎ᠠ ᠶᠢᠨ 19 ︵ᠪᠤᠶᠤ 18᠂ 20︶ ᠤ ᠡᠳᠦᠷ᠃ ᠨᠠᠷᠠ ᠰᠢᠷ᠎ᠠ | ᠤᠷᠲᠤᠷᠢᠭ ᠤᠨ 330 ᠭᠷᠡᠳᠦ᠋ᠰ ᠲᠤ ᠬᠦᠷᠦᠨ᠎ᠡ᠃ ᠠᠭᠤᠷ ᠠᠮᠢᠰᠬᠤᠯ ᠳᠤᠯᠠᠭᠠᠷᠠᠨ ᠮᠦᠰᠦ ᠴᠠᠰᠤ ᠬᠠᠶᠢᠯᠤᠨ᠎ᠠ᠃ | | ᠢᠴᠢᠭᠰᠡᠳ ᠬᠦᠳᠡᠯᠬᠦ — ᠬᠤᠷᠢᠨ ᠳᠦᠷᠪᠡᠨ ᠤᠯᠠᠷᠢᠯ ᠤᠨ ᠭᠤᠷᠪᠠᠳᠤᠭᠠᠷ ᠤᠯᠠᠷᠢᠯ᠂ ᠠᠷᠭ᠎ᠠ ᠶᠢᠨ ᠵᠢᠯ | ᠪᠦᠷᠢ ᠶᠢᠨ 3 ᠳ᠋ᠤᠭᠠᠷ ᠰᠠᠷ᠎ᠠ ᠶᠢᠨ 5 ︵ᠪᠤᠶᠤ 6︶ ᠤ ᠡᠳᠦᠷ᠃ ᠨᠠᠷᠠ ᠰᠢᠷ᠎ᠠ ᠤᠷᠲᠤᠷᠢᠭ ᠤᠨ 245 ᠭᠷᠡᠳᠦ᠋ᠰ ᠲᠤ | ᠬᠦᠷᠦᠨ᠎ᠡ᠃ ᠠᠭᠤᠷ ᠠᠮᠢᠰᠬᠤᠯ ᠳᠤᠯᠠᠭᠠᠷᠠᠨ᠂ ᠨᠦᠬᠡᠨ ᠳᠤ ᠢᠴᠡᠭᠡᠯᠡᠭᠰᠡᠨ ᠠᠮᠢᠲᠠᠳ ᠵᠢᠴᠢ ᠬᠤᠷᠤᠬᠠᠢ ᠰᠢᠪᠡᠵᠢ ᠶᠢ | ᠰᠤᠴᠢᠭᠠᠨ ᠰᠡᠷᠢᠭᠡᠬᠦ ᠭᠡᠰᠡᠨ ᠣᠳᠬ᠎ᠠ ᠲᠠᠢ᠃ | ᠬᠠᠪᠤᠷ ᠤᠨ ᠬᠤᠭᠤᠰ — ᠬᠤᠷᠢᠨ ᠳᠦᠷᠪᠡᠨ ᠤᠯᠠᠷᠢᠯ ᠤᠨ ᠳᠦᠷᠪᠡᠳᠦᠭᠡᠷ ᠤᠯᠠᠷᠢᠯ᠂ ᠠᠷᠭ᠎ᠠ ᠶᠢᠨ ᠵᠢᠯ | ᠪᠦᠷᠢ ᠶᠢᠨ 3 ᠳ᠋ᠤᠭᠠᠷ ᠰᠠᠷ᠎ᠠ ᠶᠢᠨ 20 ︵ᠪᠤᠶᠤ 21︶ ᠤ ᠡᠳᠦᠷ ᠪᠤᠯᠤᠨ᠎ᠠ᠃ ᠨᠠᠷᠠ ᠰᠢᠷ᠎ᠠ ᠤᠷᠲᠤᠷᠢᠭ ᠤᠨ 0 | ᠭᠷᠡᠳᠦ᠋ᠰ ᠲᠤ ᠬᠦᠷᠴᠦ᠂ ᠡᠳᠦᠷ ᠰᠦᠨᠢ ᠶᠢᠨ ᠤᠷᠲᠤ ᠬᠠᠷᠢᠯᠴᠠᠨ ᠲᠡᠩᠴᠡᠭᠦᠦ᠂ ᠶᠠᠭ ᠰᠠᠶ᠋ᠢᠬᠠᠨ ᠬᠠᠪᠤᠷ ᠤᠨ ᠤᠯᠠᠷᠢᠯ | ᠤᠨ ᠶᠡᠷᠡᠨ ᠡᠳᠦᠷ ᠤᠨ ᠬᠠᠭᠠᠰ ᠪᠤᠯᠬᠤᠷ ︽ᠬᠠᠪᠤᠷ ᠤᠨ ᠬᠤᠭᠤᠰ︾ ᠭᠡᠪᠡ᠃ | ᠨᠡᠬᠡᠭᠡᠭᠰᠡᠨ ᠬᠠᠩᠰᠢ — ᠬᠤᠷᠢᠨ ᠳᠦᠷᠪᠡᠨ ᠤᠯᠠᠷᠢᠯ ᠤᠨ ᠲᠠᠪᠤᠳᠤᠭᠠᠷ ᠤᠯᠠᠷᠢᠯ ᠢ ᠬᠡᠯᠡᠨ᠎ᠡ᠃ ᠠᠷᠭ᠎ᠠ ᠶᠢᠨ | ᠤᠯᠠᠷᠢᠯ ᠤᠨ ᠵᠢᠯ ᠪᠦᠷᠢ ᠶᠢᠨ 4 ᠳ᠋ᠤᠭᠡᠷ ᠰᠠᠷ᠎ᠠ ᠶᠢᠨ 4 ︵ᠪᠤᠶᠤ 5.6︶ ᠤ ᠡᠳᠦᠷ᠃ ᠨᠠᠷᠠ ᠰᠢᠷ᠎ᠠ ᠤᠷᠲᠤᠷᠢᠭ ᠤᠨ | 15 ᠭᠷᠡᠳᠦ᠋ᠰ ᠲᠤ ᠬᠦᠷᠦᠨ᠎ᠡ᠃ | ᠲᠠᠷᠢᠶᠠᠯᠠᠩ ᠤᠨ ᠬᠤᠷ᠎ᠠ — ᠬᠤᠷᠢᠨ ᠳᠦᠷᠪᠡᠨ ᠴᠠᠭ ᠤᠯᠠᠷᠢᠯ ᠤᠨ ᠵᠢᠷᠭᠤᠳᠤᠭᠠᠷ ᠤᠯᠠᠷᠢᠯ᠂ ᠠᠷᠭ᠎ᠠ ᠶᠢᠨ | ᠤᠯᠠᠷᠢᠯ ᠤᠨ ᠵᠢᠯ ᠪᠦᠷᠢ ᠶᠢᠨ 4 ᠳ᠋ᠤᠭᠡᠷ ᠰᠠᠷ᠎ᠠ ᠶᠢᠨ 20 ︵ᠪᠤᠶᠤ 21︶ ᠤ ᠡᠳᠦᠷ᠃ ᠨᠠᠷᠠ ᠰᠢᠷ᠎ᠠ ᠤᠷᠲᠤᠷᠢᠭ ᠤᠨ | 30 ᠭᠷᠡᠳᠦ᠋ᠰ ᠲᠤ ᠬᠦᠷᠦᠨ᠎ᠡ᠃ | ᠵᠤᠨ ᠤ ᠠᠭᠤᠷ — ᠬᠤᠷᠢᠨ ᠳᠦᠷᠪᠡᠨ ᠤᠯᠠᠷᠢᠯ ᠤᠨ ᠳᠤᠯᠤᠳᠤᠭᠠᠷ ᠤᠯᠠᠷᠢᠯ᠂ ᠠᠷᠭ᠎ᠠ ᠶᠢᠨ ᠤᠯᠠᠷᠢᠯ | ᠤᠨ ᠵᠢᠯ ᠪᠦᠷᠢ ᠶᠢᠨ 5 ᠳ᠋ᠤᠭᠠᠷ ᠰᠠᠷ᠎ᠠ ᠶᠢᠨ 5 ︵ᠪᠤᠶᠤ 6︶ ᠤ ᠡᠳᠦᠷ᠃ ᠨᠠᠷᠠ ᠰᠢᠷ᠎ᠠ ᠤᠷᠲᠤᠷᠢᠭ ᠤᠨ | 45 ᠭᠷᠡᠳᠦ᠋ᠰ ᠲᠤ ᠬᠦᠷᠦᠨ᠎ᠡ᠃ | ᠦᠴᠦᠬᠡᠨ ᠳᠦᠭᠦᠷᠡᠩ — ᠬᠤᠷᠢᠨ ᠳᠦᠷᠪᠡᠨ ᠤᠯᠠᠷᠢᠯ ᠤᠨ ᠨᠠᠢᠮᠠᠳᠤᠭᠠᠷ ᠤᠯᠠᠷᠢᠯ᠂ ᠠᠷᠭ᠎ᠠ ᠶᠢᠨ ᠤᠯᠠᠷᠢᠯ | ᠤᠨ ᠵᠢᠯ ᠪᠦᠷᠢ ᠶᠢᠨ 5 ᠳ᠋ᠤᠭᠠᠷ ᠰᠠᠷ᠎ᠠ ᠶᠢᠨ 21 ︵ᠪᠤᠶᠤ 22︶ ᠤ ᠡᠳᠦᠷ᠃ ᠨᠠᠷᠠ ᠰᠢᠷ᠎ᠠ ᠤᠷᠲᠤᠷᠢᠭ ᠤᠨ 60 | ᠭᠷᠡᠳᠦ᠋ᠰ ᠲᠤ ᠬᠦᠷᠦᠨ᠎ᠡ᠃ | ᠪᠤᠭᠤᠳᠠᠢ ᠪᠤᠯᠪᠠᠰᠤᠷᠠᠬᠤ — ᠬᠤᠷᠢᠨ ᠳᠦᠷᠪᠡᠨ ᠤᠯᠠᠷᠢᠯ ᠤᠨ ᠶᠢᠰᠦᠳᠦᠭᠡᠷ ᠤᠯᠠᠷᠢᠯ᠂ ᠠᠷᠭ᠎ᠠ ᠶᠢᠨ | ᠤᠯᠠᠷᠢᠯ ᠤᠨ ᠵᠢᠯ ᠪᠦᠷᠢ ᠶᠢᠨ 6 ᠳ᠋ᠤᠭᠠᠷ ᠰᠠᠷ᠎ᠠ ᠶᠢᠨ 5 ︵ᠪᠤᠶᠤ 6 .7︶ ᠤ ᠡᠳᠦᠷ᠃ ᠨᠠᠷᠠ ᠰᠢᠷ᠎ᠠ ᠤᠷᠲᠤᠷᠢᠭ | ᠤᠨ 75 ᠭᠷᠡᠳᠦ᠋ᠰ ᠲᠤ ᠬᠦᠷᠦᠨ᠎ᠡ᠃ | ᠵᠤᠨ ᠤ ᠲᠤᠶᠢᠯ — ᠬᠤᠷᠢᠨ ᠳᠦᠷᠪᠡᠨ ᠤᠯᠠᠷᠢᠯ ᠤᠨ ᠠᠷᠪᠠᠳᠤᠭᠠᠷ ᠤᠯᠠᠷᠢᠯ᠂ ᠠᠷᠭ᠎ᠠ ᠶᠢᠨ ᠤᠯᠠᠷᠢᠯ | ᠤᠨ ᠵᠢᠯ ᠪᠦᠷᠢ ᠶᠢᠨ 6 ᠳ᠋ᠤᠭᠠᠷ ᠰᠠᠷ᠎ᠠ ᠶᠢᠨ 21 ︵ᠪᠤᠶᠤ 22︶ ᠤ ᠡᠳᠦᠷ᠃ ᠨᠠᠷᠠ ᠰᠢᠷ᠎ᠠ ᠤᠷᠲᠤᠷᠢᠭ ᠤᠨ | 90 ᠭᠷᠡᠳᠦ᠋ᠰ ᠲᠤ ᠬᠦᠷᠦᠨ᠎ᠡ᠃ ᠳᠡᠯᠡᠬᠡᠢ ᠶᠢᠨ ᠪᠦᠮᠪᠦᠷᠴᠡᠭ ᠤᠨ ᠤᠮᠠᠷᠠᠲᠦ ᠬᠠᠭᠠᠰ ᠪᠦᠮᠪᠦᠷᠴᠡᠭ ᠤᠨ ᠡᠳᠦᠷ | ᠬᠠᠮᠤᠭ ᠤᠨ ᠤᠷᠲᠤ᠂ ᠰᠦᠨᠢ ᠬᠠᠮᠤᠭ ᠤᠨ ᠤᠬᠤᠷ᠃ | ᠪᠠᠭ᠎ᠠ ᠬᠠᠯᠠᠭᠤᠨ — ᠬᠤᠷᠢᠨ ᠳᠦᠷᠪᠡᠨ ᠤᠯᠠᠷᠢᠯ ᠤᠨ ᠠᠷᠪᠠᠨ ᠨᠢᠭᠡᠳᠦᠭᠡᠷ ᠤᠯᠠᠷᠢᠯ᠂ ᠠᠷᠭ᠎ᠠ ᠶᠢᠨ | ᠤᠯᠠᠷᠢᠯ ᠤᠨ ᠵᠢᠯ ᠪᠦᠷᠢ ᠶᠢᠨ 7 ᠳ᠋ᠤᠭᠠᠷ ᠰᠠᠷ᠎ᠠ ᠶᠢᠨ 7 ︵ᠪᠤᠶᠤ 8︶ ᠤ ᠡᠳᠦᠷ᠃ ᠨᠠᠷᠠ ᠰᠢᠷ᠎ᠠ ᠤᠷᠲᠤᠷᠢᠭ ᠤᠨ | 105 ᠭᠷᠡᠳᠦ᠋ᠰ ᠲᠤ ᠬᠦᠷᠦᠨ᠎ᠡ᠃ | ᠶᠡᠭᠡ ᠬᠠᠯᠠᠭᠤᠨ — ᠬᠤᠷᠢᠨ ᠳᠦᠷᠪᠡᠨ ᠤᠯᠠᠷᠢᠯ ᠤᠨ ᠠᠷᠪᠠᠨ ᠬᠤᠶᠠᠳᠤᠭᠠᠷ ᠤᠯᠠᠷᠢᠯ᠂ ᠠᠷᠭ᠎ᠠ ᠶᠢᠨ | ᠤᠯᠠᠷᠢᠯ ᠤᠨ ᠵᠢᠯ ᠪᠦᠷᠢ ᠶᠢᠨ 7 ᠳ᠋ᠤᠭᠠᠷ ᠰᠠᠷ᠎ᠠ ᠶᠢᠨ 23 ︵ᠪᠤᠶᠤ 24︶ ᠤ ᠡᠳᠦᠷ᠃ ᠨᠠᠷᠠ ᠰᠢᠷ᠎ᠠ ᠤᠷᠲᠤᠷᠢᠭ | ᠤᠨ 120 ᠭᠷᠡᠳᠦ᠋ᠰ ᠲᠤ ᠬᠦᠷᠦᠨ᠎ᠡ᠃ ᠴᠠᠭ ᠠᠭᠤᠷ ᠠᠭᠠᠭᠢᠮ᠎ᠠ ᠬᠠᠯᠠᠭᠤᠨ ᠪᠤᠯᠳᠠᠭ᠃ | ᠨᠠᠮᠤᠷ ᠤᠨ ᠠᠭᠤᠷ — ᠬᠤᠷᠢᠨ ᠳᠦᠷᠪᠡᠨ ᠤᠯᠠᠷᠢᠯ ᠤᠨ ᠠᠷᠪᠠᠨ ᠭᠤᠷᠪᠠᠳᠤᠭᠠᠷ ᠤᠯᠠᠷᠢᠯ᠂ ᠠᠷᠭ᠎ᠠ ᠶᠢᠨ | ᠤᠯᠠᠷᠢᠯ ᠤᠨ ᠵᠢᠯ ᠪᠦᠷᠢ ᠶᠢᠨ 8 ᠳ᠋ᠤᠭᠠᠷ ᠰᠠᠷ᠎ᠠ ᠶᠢᠨ 7 ︵ᠪᠤᠶᠤ 8︶ ᠤ ᠡᠳᠦᠷ᠃ ᠨᠠᠷᠠ ᠰᠢᠷ᠎ᠠ ᠤᠷᠲᠤᠷᠢᠭ ᠤᠨ | 135 ᠭᠷᠡᠳᠦ᠋ᠰ ᠲᠤ ᠬᠦᠷᠦᠨ᠎ᠡ᠃ | ᠬᠠᠯᠠᠭᠤᠨ ᠡᠭᠡᠬᠦ — ᠬᠤᠷᠢᠨ ᠳᠦᠷᠪᠡᠨ ᠤᠯᠠᠷᠢᠯ ᠤᠨ ᠠᠷᠪᠠᠨ ᠳᠦᠷᠪᠡᠳᠦᠭᠡᠷ ᠤᠯᠠᠷᠢᠯ᠂ ᠠᠷᠭ᠎ᠠ ᠶᠢᠨ | ᠤᠯᠠᠷᠢᠯ ᠤᠨ ᠵᠢᠯ ᠪᠦᠷᠢ ᠶᠢᠨ 8 ᠳ᠋ᠤᠭᠠᠷ ᠰᠠᠷ᠎ᠠ ᠶᠢᠨ 23 ︵ᠪᠤᠶᠤ 22.21︶ ᠤ ᠡᠳᠦᠷ᠃ ᠨᠠᠷᠠ ᠰᠢᠷ᠎ᠠ ᠤᠷᠲᠤᠷᠢᠭ | ᠤᠨ 150 ᠭᠷᠡᠳᠦ᠋ᠰ ᠲᠤ ᠬᠦᠷᠦᠨ᠎ᠡ᠃ | ᠴᠠᠭᠠᠨ ᠰᠢᠭᠦᠳᠡᠷᠢ — ᠬᠤᠷᠢᠨ ᠳᠦᠷᠪᠡᠨ ᠤᠯᠠᠷᠢᠯ ᠤᠨ ᠠᠷᠪᠠᠨ ᠲᠠᠪᠤᠳᠤᠭᠠᠷ ᠤᠯᠠᠷᠢᠯ᠂ ᠠᠷᠭ᠎ᠠ ᠶᠢᠨ | ᠤᠯᠠᠷᠢᠯ ᠤᠨ ᠵᠢᠯ ᠪᠦᠷᠢ ᠶᠢᠨ 9 ᠳ᠋ᠤᠭᠡᠷ ᠰᠠᠷ᠎ᠠ ᠶᠢᠨ 8 ︵ᠪᠤᠶᠤ 7 . 9︶ ᠤ ᠡᠳᠦᠷ᠃ ᠨᠠᠷᠠ ᠰᠢᠷ᠎ᠠ ᠤᠷᠲᠤᠷᠢᠭ | ᠤᠨ 165 ᠭᠷᠡᠳᠦ᠋ᠰ ᠲᠤ ᠬᠦᠷᠦᠨ᠎ᠡ᠃ | ᠨᠠᠮᠤᠷ ᠤᠨ ᠬᠤᠭᠤᠰ — ᠬᠤᠷᠢᠨ ᠳᠦᠷᠪᠡᠨ ᠤᠯᠠᠷᠢᠯ ᠤᠨ ᠠᠷᠪᠠᠨ ᠵᠢᠷᠭᠤᠳᠤᠭᠠᠷ ᠤᠯᠠᠷᠢᠯ᠂ ᠠᠷᠭ᠎ᠠ ᠶᠢᠨ | ᠤᠯᠠᠷᠢᠯ ᠤᠨ ᠵᠢᠯ ᠪᠦᠷᠢ ᠶᠢᠨ 9 ᠳ᠋ᠤᠭᠡᠷ ᠰᠠᠷ᠎ᠠ ᠶᠢᠨ 23 ︵ᠪᠤᠶᠤ 22 .24︶ ᠤ ᠡᠳᠦᠷ᠃ ᠨᠠᠷᠠ ᠰᠢᠷ᠎ᠠ | ᠤᠷᠲᠤᠷᠢᠭ ᠤᠨ 180 ᠭᠷᠡᠳᠦ᠋ᠰ ᠲᠤ ᠬᠦᠷᠦᠨ᠎ᠡ᠃ | ᠬᠦᠢᠲᠡᠨ ᠰᠢᠭᠦᠳᠡᠷᠢ — ᠬᠤᠷᠢᠨ ᠳᠦᠷᠪᠡᠨ ᠤᠯᠠᠷᠢᠯ ᠤᠨ ᠠᠷᠪᠠᠨ ᠳᠤᠯᠤᠳᠤᠭᠠᠷ ᠤᠯᠠᠷᠢᠯ᠂ ᠠᠷᠭ᠎ᠠ ᠶᠢᠨ | ᠤᠯᠠᠷᠢᠯ ᠤᠨ ᠵᠢᠯ ᠪᠦᠷᠢ ᠶᠢᠨ 10 ᠳ᠋ᠤᠭᠠᠷ ᠰᠠᠷ᠎ᠠ ᠶᠢᠨ 8 ︵ᠪᠤᠶᠤ 9︶ ᠤ ᠡᠳᠦᠷ᠃ ᠨᠠᠷᠠ ᠰᠢᠷ᠎ᠠ ᠤᠷᠲᠤᠷᠢᠭ ᠤᠨ | 195 ᠭᠷᠡᠳᠦ᠋ᠰ ᠲᠤ ᠬᠦᠷᠦᠨ᠎ᠡ᠃ | ᠬᠢᠷᠠᠭᠤ ᠤᠨᠠᠬᠤ — ᠬᠤᠷᠢᠨ ᠳᠦᠷᠪᠡᠨ ᠤᠯᠠᠷᠢᠯ ᠤᠨ ᠠᠷᠪᠠᠨ ᠨᠠᠢᠮᠠᠳᠤᠭᠠᠷ ᠤᠯᠠᠷᠢᠯ᠂ ᠠᠷᠭ᠎ᠠ ᠶᠢᠨ | ᠤᠯᠠᠷᠢᠯ ᠤᠨ ᠵᠢᠯ ᠪᠦᠷᠢ ᠶᠢᠨ 10 ᠳ᠋ᠤᠭᠠᠷ ᠰᠠᠷ᠎ᠠ ᠶᠢᠨ 23 ︵ᠪᠤᠶᠤ 24︶ ᠤ ᠡᠳᠦᠷ᠃ ᠨᠠᠷᠠ ᠰᠢᠷ᠎ᠠ ᠤᠷᠲᠤᠷᠢᠭ | ᠤᠨ 210 ᠭᠷᠡᠳᠦ᠋ᠰ ᠲᠤ ᠬᠦᠷᠦᠨ᠎ᠡ᠃ | ᠡᠪᠦᠯ ᠤᠨ ᠠᠭᠤᠷ — ᠬᠤᠷᠢᠨ ᠳᠦᠷᠪᠡᠨ ᠤᠯᠠᠷᠢᠯ ᠤᠨ ᠠᠷᠪᠠ ᠶᠢᠰᠦᠳᠦᠭᠡᠷ ᠤᠯᠠᠷᠢᠯ᠂ ᠠᠷᠭ᠎ᠠ ᠶᠢᠨ | ᠤᠯᠠᠷᠢᠯ ᠤᠨ ᠵᠢᠯ ᠪᠦᠷᠢ ᠶᠢᠨ 11 ᠳ᠋ᠤᠭᠡᠷ ᠰᠠᠷ᠎ᠠ ᠶᠢᠨ 7 ︵ᠪᠤᠶᠤ 8︶ ᠤ ᠡᠳᠦᠷ᠃ ᠨᠠᠷᠠ ᠰᠢᠷ᠎ᠠ ᠤᠷᠲᠤᠷᠢᠭ ᠤᠨ | 225 ᠭᠷᠡᠳᠦ᠋ᠰ ᠲᠤ ᠬᠦᠷᠦᠨ᠎ᠡ᠃ ᠡᠪᠦᠯ ᠤᠨ ᠤᠯᠠᠷᠢᠯ ᠤᠨ ᠡᠬᠢᠯᠡᠯᠲᠡ ᠪᠤᠯᠤᠨ᠎ᠠ᠃ | ᠪᠠᠭ᠎ᠠ ᠴᠠᠰᠤ — ᠬᠤᠷᠢᠨ ᠳᠦᠷᠪᠡᠨ ᠤᠯᠠᠷᠢᠯ ᠤᠨ ᠬᠤᠷᠢᠳᠤᠭᠠᠷ ᠤᠯᠠᠷᠢᠯ᠂ ᠠᠷᠭ᠎ᠠ ᠶᠢᠨ ᠤᠯᠠᠷᠢᠯ ᠤᠨ | ᠵᠢᠯ ᠪᠦᠷᠢ ᠶᠢᠨ 11 ᠳ᠋ᠤᠭᠡᠷ ᠰᠠᠷ᠎ᠠ ᠶᠢᠨ 21 ︵ᠪᠤᠶᠤ 22︶ ᠤ ᠡᠳᠦᠷ᠃ ᠨᠠᠷᠠ ᠰᠢᠷ᠎ᠠ ᠤᠷᠲᠤᠷᠢᠭ ᠤᠨ | 240 ᠭᠷᠡᠳᠦ᠋ᠰ ᠲᠤ ᠬᠦᠷᠦᠨ᠎ᠡ᠃ | ᠶᠡᠭᠡ ᠴᠠᠰᠤ — ᠬᠤᠷᠢᠨ ᠳᠦᠷᠪᠡᠨ ᠤᠯᠠᠷᠢᠯ ᠤᠨ ᠬᠤᠷᠢᠨ ᠨᠢᠭᠡᠳᠦᠭᠡᠷ ᠤᠯᠠᠷᠢᠯ᠂ ᠠᠷᠭ᠎ᠠ ᠶᠢᠨ ᠤᠯᠠᠷᠢᠯ | ᠤᠨ ᠵᠢᠯ ᠪᠦᠷᠢ ᠶᠢᠨ 12 ᠳ᠋ᠤᠭᠠᠷ ᠰᠠᠷ᠎ᠠ ᠶᠢᠨ 7 ︵ᠪᠤᠶᠤ 8︶ ᠤ ᠡᠳᠦᠷ᠃ ᠨᠠᠷᠠ ᠰᠢᠷ᠎ᠠ ᠤᠷᠲᠤᠷᠢᠭ ᠤᠨ | 255 ᠭᠷᠡᠳᠦ᠋ᠰ ᠲᠤ ᠬᠦᠷᠦᠨ᠎ᠡ᠃ ᠴᠠᠭ ᠠᠭᠤᠷ ᠬᠦᠢᠲᠡᠷᠡᠭᠡᠳ ᠶᠡᠭᠡ ᠴᠠᠰᠤ ᠪᠠᠭᠤᠬᠤ ᠴᠠᠭ ᠤᠯᠠᠷᠢᠯ ᠳᠤ | ᠤᠷᠤᠨ᠎ᠠ᠃ | ᠡᠪᠦᠯ ᠤᠨ ᠲᠦᠢᠯ — ᠬᠤᠷᠢᠨ ᠳᠦᠷᠪᠡᠨ ᠤᠯᠠᠷᠢᠯ ᠤᠨ ᠬᠤᠷᠢᠨ ᠬᠤᠶᠠᠳᠤᠭᠠᠷ ᠤᠯᠠᠷᠢᠯ᠂ ᠠᠷᠭ᠎ᠠ ᠶᠢᠨ | ᠤᠯᠠᠷᠢᠯ ᠤᠨ ᠵᠢᠯ ᠪᠦᠷᠢ ᠶᠢᠨ 12 ᠳ᠋ᠤᠭᠠᠷ ᠰᠠᠷ᠎ᠠ ᠶᠢᠨ 22 ︵ᠪᠤᠶᠤ 21 .23︶ ᠤ ᠡᠳᠦᠷ᠃ ᠨᠠᠷᠠ ᠰᠢᠷ᠎ᠠ | ᠤᠷᠲᠤᠷᠢᠭ ᠤᠨ 270 ᠭᠷᠡᠳᠦ᠋ᠰ ᠲᠤ ᠬᠦᠷᠦᠨ᠎ᠡ᠃ ᠳᠡᠯᠡᠬᠡᠢ ᠶᠢᠨ ᠪᠦᠮᠪᠦᠷᠴᠡᠭ ᠤᠨ ᠤᠮᠠᠷᠠᠲᠦ ᠬᠠᠭᠠᠰ | ᠪᠦᠮᠪᠦᠷᠴᠡᠭ ᠲᠤ ᠡᠳᠦᠷ ᠬᠠᠮᠤᠭ ᠤᠬᠤᠷ᠂ ᠰᠦᠨᠢ ᠬᠠᠮᠤᠭ ᠤᠷᠲᠤ᠃ | ᠪᠠᠭ᠎ᠠ ᠬᠦᠢᠲᠡᠨ — ᠬᠤᠷᠢᠨ ᠳᠦᠷᠪᠡᠨ ᠤᠯᠠᠷᠢᠯ ᠤᠨ ᠬᠤᠷᠢᠨ ᠭᠤᠷᠪᠠᠳᠤᠭᠠᠷ ᠤᠯᠠᠷᠢᠯ᠂ ᠠᠷᠭ᠎ᠠ ᠶᠢᠨ | ᠤᠯᠠᠷᠢᠯ ᠤᠨ ᠵᠢᠯ ᠪᠦᠷᠢ ᠶᠢᠨ 1 ᠳ᠋ᠤᠭᠡᠷ ᠰᠠᠷ᠎ᠠ ᠶᠢᠨ 6 ︵ᠪᠤᠶᠤ 7︶ ᠤ ᠡᠳᠦᠷ᠃ ᠨᠠᠷᠠ ᠰᠢᠷ᠎ᠠ ᠤᠷᠲᠤᠷᠢᠭ ᠤᠨ | 285 ᠭᠷᠡᠳᠦ᠋ᠰ ᠲᠤ ᠬᠦᠷᠦᠨ᠎ᠡ᠃ ᠮᠠᠨ ᠤ ᠤᠯᠤᠰ ᠤᠨ ᠤᠮᠠᠷᠠᠲᠦ ᠭᠠᠵᠠᠷ ᠤᠷᠤᠨ ᠳᠤ ᠴᠠᠭ ᠠᠭᠤᠷ ᠨᠢᠭᠡ ᠵᠢᠯ | ᠤᠨ ᠬᠠᠮᠤᠭ ᠬᠦᠢᠲᠡᠨ ᠤᠯᠠᠷᠢᠯ ᠳᠤ ᠡᠬᠢᠯᠡᠨ ᠤᠷᠤᠨ᠎ᠠ᠃ | ᠬᠠᠷᠢᠭᠤᠴᠠᠭᠰᠠᠨ ᠨᠠᠶᠢᠷᠠᠭᠤᠯᠤᠭᠴᠢ᠄ ᠲᠤᠷᠤᠨ᠎ᠠ |