ᠠᠩᠭ᠍ᠯᠢ ᠶᠢᠨ ᠮᠤᠩᠭᠤᠯ ᠰᠤᠳᠤᠯᠤᠯ ᠢ ᠠᠯᠢ ᠡᠷᠳᠡ 16 ᠳ᠋ᠤᠭᠠᠷ ᠵᠠᠭᠤᠨ ᠤ ᠰᠡᠬᠦᠯᠴᠢ᠂ ᠶᠤᠸᠠᠨ ᠤᠯᠤᠰ ᠤᠨ | ᠦᠶ᠎ᠡ ᠶᠢᠨ ᠡᠸᠦ᠋ᠷᠦᠫᠠ ᠶᠢᠨ ᠱᠠᠰᠢᠨ ᠳᠡᠯᠭᠡᠷᠡᠬᠦᠯᠦᠭᠴᠢ ᠪᠤᠯᠤᠨ ᠵᠢᠭᠤᠯᠴᠢᠯᠠᠭᠴᠢᠳ ᠤᠨ ᠪᠠᠷᠳᠠᠭ᠎ᠠ ᠰᠢᠨᠵᠢᠯᠡᠬᠦ | ᠠᠵᠢᠯᠯᠠᠭᠠᠨ ᠠᠴᠠ ᠡᠬᠢᠯᠡᠯ᠎ᠡ ᠭᠡᠵᠦ ᠦᠵᠡᠵᠦ ᠪᠤᠯᠤᠨ᠎ᠠ᠃ ᠳᠤᠬᠠᠢ ᠶᠢᠨ ᠦᠶ᠎ᠡ ᠳᠤ ᠡᠸᠦ᠋ᠷᠦᠫᠠ ᠶᠢᠨ | ᠵᠢᠭᠤᠯᠴᠢᠯᠠᠭᠴᠢᠳ ᠤᠨ ᠵᠢᠭᠤᠯᠴᠢᠯᠠᠯ ᠤᠨ ᠳᠡᠮᠳᠡᠭᠯᠡᠯ ᠨᠢ ᠡᠷᠳᠡᠮᠳᠡᠳ ᠤᠨ ᠠᠩᠬᠠᠷᠤᠯ ᠢ ᠶᠡᠭᠡ ᠪᠠᠷ ᠳᠠᠳᠠᠭᠰᠠᠨ | ᠪᠠᠶᠢᠯ᠎ᠠ᠃ ᠠᠩᠭ᠍ᠯᠢ ᠶᠢᠨ ᠳᠡᠦᠭᠡᠴᠢᠨ ᠷ᠊ · ᠡᠾᠠᠺᠯᠦ᠋ᠲ ︵R.Hakluyt᠂ 1583— 1616︶ ᠤᠨ | ︽ᠠᠩᠭ᠍ᠯᠢ ᠬᠡᠯᠡᠳᠦ ᠦᠨᠳᠦᠰᠦᠳᠡᠨ ᠤ ᠭᠤᠤᠯ ᠭᠤᠤᠯ ᠳᠠᠯᠠᠢ ᠪᠠ ᠬᠠᠭᠤᠷᠠᠢ ᠶᠢᠨ ᠠᠶᠠᠯᠠᠯ ᠪᠤᠯᠤᠨ | ᠢᠯᠡᠷᠡᠬᠦᠯᠦᠯᠳᠡ︾ ︵1598— 1600 ᠤᠨ ᠤ ᠬᠢᠨᠠᠨ ᠵᠠᠰᠠᠭᠰᠠᠨ ᠢᠶᠠᠷ᠂1625 ᠤᠨ ᠤ Purchas | ᠤᠪᠤᠭᠳᠠᠨ ᠤ ᠨᠡᠮᠡᠯᠳᠡ ᠪᠠᠷ︶ ᠬᠡᠬᠦ ᠨᠡᠷᠡᠳᠦ ᠵᠤᠬᠢᠶᠠᠯ ᠳᠤ ᠫᠯᠠᠨᠤ᠋ ᠺᠠᠷᠫᠢᠨᠢ᠂ ᠷᠦᠪᠷᠦ᠋ᠺ᠂ ᠤᠳᠤᠷᠢᠺ | ︵Odoric᠂ 1265— 1331︶ ᠵᠡᠷᠭᠡ ᠬᠦᠮᠦᠰ ᠤᠨ ᠠᠶᠠᠯᠠᠯ ᠤᠨ ᠳᠤᠬᠠᠢ ᠳᠡᠮᠳᠡᠭᠯᠡᠭᠰᠡᠨ ᠪᠠᠶᠢᠳᠠᠭ᠃ ᠳᠤᠰ | ᠨᠤᠮ ᠤᠨ ᠳᠠᠷᠠᠭ᠎ᠠ ᠪᠠᠷ ᠬᠡᠪᠯᠡᠭᠳᠡᠭᠰᠡᠨ ᠪᠧᠷᠭᠧᠷᠤᠨ ︵Bergeron᠂1634︶ ᠤ ᠹᠷᠠᠨᠼᠢ ᠤᠷᠴᠢᠭᠤᠯᠭ᠎ᠠ᠂ | ᠫᠢᠸ᠋ᠲ᠋ᠧᠷᠸᠠᠨ ︵Pietervan der Aa᠂1706︶ ᠤ ᠭᠧᠷᠮᠠᠨ ᠤᠷᠴᠢᠭᠤᠯᠭ᠎ᠠ ᠪᠤᠯᠤᠨ ᠦᠭᠡᠷ᠎ᠡ ᠪᠤᠰᠤᠳ | ᠠᠩᠭ᠍ᠯᠢ ᠹᠷᠠᠨᠼᠢ᠂ ᠭᠧᠷᠮᠠᠨ ᠬᠡᠯᠡᠨ ᠤ ᠤᠷᠴᠢᠭᠤᠯᠭ᠎ᠠ ᠶᠢᠨ ᠳᠡᠪᠳᠡᠷ ᠨᠢ ᠴᠦᠮ ᠡᠾᠠᠺᠯᠦ᠋ᠲ ᠤᠨ ᠨᠤᠮ ᠤᠨ ᠠᠩᠭ᠍ᠯᠢ | ᠤᠷᠴᠢᠭᠤᠯᠭ᠎ᠠ ᠪᠤᠯᠤᠨ ᠤᠤᠯ ᠡᠬᠡ ᠨᠤᠤᠷᠠᠭ ᠳᠡᠭᠡᠷ᠎ᠡ ᠰᠠᠭᠤᠷᠢᠯᠠᠭᠰᠠᠨ ᠪᠠᠶᠢᠳᠠᠭ᠃ ᠴᠠᠭᠠᠳᠠᠢ ᠦᠰᠦᠭ ᠢᠶᠠᠷ | ᠪᠢᠴᠢᠭᠳᠡᠭᠰᠡᠨ ᠠᠪᠦ᠋ ᠠᠯ — ᠭᠾᠠᠽᠢ ᠪᠠᠾᠠᠳᠤᠷ ︵Abual—Ghazi Bahadur︶ ᠤᠨ ︽ᠲᠦᠷᠺ | ᠤᠨ ᠤᠭ ᠢᠵᠠᠭᠤᠷ︾ ᠬᠡᠬᠦ ᠨᠤᠮ ﹇ᠡᠨᠡ ᠨᠤᠮ ᠢ ᠦᠫᠠᠢ ᠶᠢᠨ ᠴᠡᠳᠡᠨᠳᠤᠷᠵᠢ ᠬᠠᠰᠠᠭ ᠬᠡᠯᠡᠨ ᠠᠴᠠ ᠮᠤᠩᠭᠤᠯ | ᠪᠢᠴᠢᠭ ᠲᠤ ᠤᠷᠴᠢᠭᠤᠯᠵᠦ᠂ 1999 ᠤᠨ ᠳᠤ ︽ᠰᠡᠴᠡᠯᠡᠭᠴᠢᠳ ᠤᠨ ᠴᠢᠭᠤᠯᠭᠠᠨ ᠤ ᠨᠠᠮᠠᠭ᠎ᠠ — | ᠮᠤᠩᠭᠤᠯ ᠬᠠᠭᠠᠳ ᠤᠨ ᠲᠦᠷᠦ ᠶᠢᠨ ᠳᠤᠪᠴᠢᠶᠠᠨ︾ ᠨᠡᠷ᠎ᠡ ᠪᠠᠷ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ | ᠬᠤᠷᠢᠶᠠᠨ ᠠᠴᠠ ᠬᠡᠪᠯᠡᠬᠦᠯᠵᠡᠢ᠃ ᠠᠪᠦ᠋ ᠠᠯ — ᠭᠾᠠᠽᠢ ᠪᠠᠾᠠᠳᠤᠷ = ᠠᠪᠠᠯᠭᠠᠽᠢ ᠪᠠᠭᠠᠳᠤᠷ᠃ — | ᠨᠠᠶᠢᠷᠠᠭᠤᠯᠤᠭᠴᠢ﹈ 1780 ᠤᠨ ᠳᠤ ᠠᠩᠭ᠍ᠯᠢ ᠬᠡᠯᠡᠨ ᠳᠤ ᠤᠷᠴᠢᠭᠤᠯᠤᠭᠳᠠᠵᠠᠢ᠃ ᠳᠤᠰ ᠨᠤᠮ ᠳᠤ ᠤᠷᠤᠭᠰᠠᠨ | ᠮᠤᠩᠭᠤᠯ ᠤᠨ ᠡᠷᠳᠡᠨ ᠤ ᠳᠡᠦᠭᠡ ᠶᠢᠨ ᠳᠤᠬᠠᠢ ᠳᠡᠮᠳᠡᠭᠯᠡᠯ ᠳᠤ ᠳᠤᠮᠤᠭ ᠦᠯᠢᠭᠡᠷ ᠤᠨ ᠵᠤᠶᠢᠯ ᠤᠯᠠᠨ ᠪᠠᠶᠢᠭᠰᠠᠨ | ᠪᠤᠯᠬᠤᠷ ᠳᠡᠦᠭᠡᠨ ᠮᠠᠲ᠋ᠧᠷᠢᠶᠠᠯ ᠤᠨ ᠦᠨ᠎ᠡ ᠦᠷᠳᠡᠭ ᠢᠶᠠᠷ ᠳᠡᠶᠢᠮᠦ ᠶᠡᠭᠡ ᠪᠢᠰᠢ ᠪᠢᠯᠡ᠃ ᠬᠡᠪᠡᠴᠦ ᠬᠠᠮᠤᠭ | ᠠᠴᠠ ᠡᠷᠳᠡ ᠠᠩᠭ᠍ᠯᠢ ᠬᠡᠯᠡᠨ ᠳᠤ ᠤᠷᠴᠢᠭᠤᠯᠤᠭᠳᠠᠭᠰᠠᠨ ᠮᠤᠩᠭᠤᠯ ᠳᠡᠦᠭᠡ ᠶᠢᠨ ᠳᠤᠬᠠᠢ ᠰᠤᠷᠪᠤᠯᠵᠢ ᠪᠤᠯᠬᠤᠷ | ᠳᠤᠬᠠᠢ ᠶᠢᠨ ᠦᠶ᠎ᠡ ᠳᠤ ᠮᠠᠰᠢ ᠴᠢᠬᠤᠯᠠᠴᠢᠯᠠᠭᠳᠠᠵᠦ ᠪᠠᠶᠢᠵᠠᠢ᠃ | 17 ᠳ᠋ᠤᠭᠠᠷ ᠵᠠᠭᠤᠨ ᠤ ᠡᠬᠢᠨ ᠪᠤᠯ ᠡᠸᠦ᠋ᠷᠦᠫᠠ ᠶᠢᠨ ᠳᠤᠷᠤᠨᠠᠳᠠᠬᠢᠨ ᠤ ᠰᠤᠳᠤᠯᠤᠯ ᠤᠨ ᠡᠬᠢᠯᠡᠨ | ᠮᠠᠨᠳᠤᠭᠰᠠᠨ ᠴᠠᠭ ᠦᠶ᠎ᠡ ᠪᠤᠯᠤᠨ᠎ᠠ᠃ ᠳᠤᠬᠠᠢ ᠶᠢᠨ ᠦᠶ᠎ᠡ ᠳᠤ᠂ ᠹᠷᠠᠨᠼᠢ᠂ ᠠᠩᠭ᠍ᠯᠢ᠂ ᠢᠲ᠋ᠠᠯᠢ᠂ ᠭᠧᠷᠮᠠᠨ᠂ ᠬᠤᠯᠠᠨᠳ᠋ | ᠵᠡᠷᠭᠡ ᠤᠯᠤᠰ ᠴᠦᠮ ᠦᠪᠡᠷ ᠦᠪᠡᠷ ᠤᠨ ᠢᠶᠠᠨ ᠨᠡᠯᠢᠶᠠᠳ ᠬᠡᠮᠵᠢᠶᠡᠨ ᠤ ᠳᠤᠷᠤᠨᠠᠳᠠᠬᠢᠨ ᠤ ᠰᠤᠷᠪᠤᠯᠵᠢ ᠪᠢᠴᠢᠭ | ᠲᠠᠢ ᠪᠤᠯᠵᠦ᠂ ᠵᠠᠷᠢᠮ ᠨᠡᠷᠡᠳᠦ ᠶᠡᠭᠡ ᠰᠤᠷᠭᠠᠭᠤᠯᠢ ᠨᠤᠭᠤᠳ ᠤᠷᠢᠳ ᠬᠤᠵᠢᠳ ᠠᠷᠠᠪ ᠬᠡᠯᠡ᠂ ᠫᠧᠷᠰ ᠬᠡᠯᠡ᠂ | ᠬᠢᠳᠡᠳ ᠬᠡᠯᠡ᠂ ᠮᠤᠩᠭᠤᠯ ᠬᠡᠯᠡ᠂ ᠲᠦᠷᠺ ᠬᠡᠯᠡ ᠵᠡᠷᠭᠡ ᠳᠤᠷᠤᠨᠠᠳᠠᠬᠢᠨ ᠤ ᠬᠡᠯᠡᠨ ᠤ ᠬᠢᠴᠢᠶᠡᠯ ᠬᠦᠮᠦᠵᠢᠯ ᠢ | ᠨᠡᠭᠡᠭᠡᠵᠦ᠂ ᠰᠢᠨᠵᠢᠯᠡᠬᠦ ᠤᠬᠠᠭᠠᠨ ᠤ ᠰᠤᠳᠤᠯᠤᠯ ᠤᠨ ᠨᠦᠬᠦᠴᠡᠯ ᠢ ᠪᠦᠷᠢᠯᠳᠦᠬᠦᠯᠦᠭᠰᠡᠨ ᠢᠶᠠᠷ ᠨᠢᠭᠡ ᠤᠯᠠᠨ | ᠳᠤᠷᠤᠨᠠᠳᠠᠬᠢᠨ ᠤ ᠡᠷᠳᠡᠮᠳᠡᠨ ᠪᠤᠯᠤᠨ ᠮᠤᠩᠭᠤᠯᠴᠢ ᠡᠷᠳᠡᠮᠳᠡᠨ ᠢᠯᠡᠷᠡᠨ ᠭᠠᠷᠤᠭᠰᠠᠨ ᠪᠠᠶᠢᠨ᠎ᠠ᠃ ᠢᠩᠬᠢᠭᠡᠳ | ᠨᠢᠭᠡᠨ ᠦᠶ᠎ᠡ ᠬᠦᠮᠦᠨ ᠲᠦᠷᠦᠯᠬᠢᠳᠡᠨ ᠤ ᠳᠡᠦᠭᠡᠨ ᠳᠡᠭᠡᠷᠡᠬᠢ ᠬᠠᠮᠤᠭ ᠤᠨ ᠬᠦᠴᠦᠷᠭᠡᠭ ᠮᠦᠷᠳᠡᠭᠡᠨ ᠡᠸᠦ᠋ᠷᠦᠫᠠ | ᠲᠢᠪ ᠲᠤ ᠰᠢᠭᠤᠳ ᠶᠡᠭᠡ ᠨᠦᠯᠦᠭᠡ ᠦᠵᠡᠬᠦᠯᠦᠭᠰᠡᠨ ᠮᠤᠩᠭᠤᠯ ᠬᠦᠮᠦᠨ ᠪᠤᠯᠤᠨ ᠮᠤᠩᠭᠤᠯ ᠬᠠᠭᠠᠨᠳᠤ ᠤᠯᠤᠰ ᠤᠨ | ᠳᠡᠦᠭᠡ ᠨᠢ ᠡᠳᠡᠭᠡᠷ ᠳᠤᠷᠤᠨᠠᠳᠠᠬᠢᠨ ᠤ ᠡᠷᠳᠡᠮᠳᠡᠳ ᠤᠨ ᠠᠩᠬᠠᠷᠤᠯ ᠢ ᠠᠶᠠᠨᠳᠠᠭᠠᠨ ᠳᠠᠳᠠᠭᠰᠠᠨ ᠰᠤᠳᠤᠯᠤᠯ ᠤᠨ | ᠴᠠᠷᠠᠭ᠎ᠠ ᠬᠦᠷᠢᠶ᠎ᠡ ᠪᠤᠯᠵᠠᠢ᠃ 17 ᠳ᠋ᠤᠭᠠᠷ ᠵᠠᠭᠤᠨ ᠳᠤ ᠹᠷᠠᠨᠼᠢ ᠳᠤ ᠮᠤᠩᠭᠤᠯ ᠶᠤᠸᠠᠨ ᠤᠯᠤᠰ ᠤᠨ ᠳᠡᠦᠭᠡ ᠶᠢᠨ | ᠳᠤᠬᠠᠢ ᠠᠩᠬᠠᠨ ᠤ ᠳᠤᠰᠬᠠᠢ ᠪᠦᠳᠦᠭᠡᠯ ᠮᠡᠨᠳᠦᠯᠡᠪᠡ᠃ ᠡᠨᠡ ᠪᠤᠯ ᠳᠠᠷᠤᠢ ᠺᠷᠦᠶᠢᠺᠰ ︵Petis dela | croix᠂ 1622 — 1695︶ ᠤᠨ ᠵᠤᠬᠢᠶᠠᠭᠰᠠᠨ ︽ᠡᠷᠳᠡᠨ ᠤ ᠮᠤᠩᠭᠤᠯ ᠪᠤᠯᠤᠨ ᠲᠠᠲ᠋ᠠᠷ ᠬᠦᠮᠦᠨ ᠤ | ᠨᠢᠭᠡᠳᠦᠭᠡᠷ ᠬᠠᠭᠠᠨ ᠠᠭᠤᠤ ᠶᠡᠭᠡ ᠴᠢᠩᠬᠢᠰ ᠬᠠᠭᠠᠨ ᠤ ᠳᠡᠦᠭᠡ︾ ᠭᠡᠬᠦ ᠨᠤᠮ ᠪᠤᠯᠤᠨ᠎ᠠ᠃ ᠺᠷᠤᠶᠢᠺᠰ ᠠᠪᠤᠭᠠᠢ | ᠫᠧᠷᠰ᠂ ᠠᠷᠠᠪ ᠬᠡᠯᠡᠨ ᠤ ᠳᠡᠦᠭᠡ ᠶᠢᠨ ᠮᠠᠲ᠋ᠧᠷᠢᠶᠠᠯ ᠪᠤᠯᠤᠨ ᠡᠸᠦ᠋ᠷᠦᠫᠠ ᠶᠢᠨ ᠵᠢᠭᠤᠯᠴᠢᠳ ᠤᠨ ᠵᠢᠭᠤᠯᠴᠢᠯᠠᠯ ᠤᠨ | ᠳᠡᠮᠳᠡᠭᠯᠡᠯ ᠳᠤ ᠦᠨᠳᠦᠰᠦᠯᠡᠵᠦ᠂10 ᠵᠢᠯ ᠤᠨ ᠬᠦᠴᠦ ᠬᠦᠳᠡᠯᠮᠤᠷᠢ ᠶᠢ ᠵᠠᠷᠤᠴᠠᠭᠤᠯᠵᠦ ᠪᠠᠶᠢᠭᠠᠳ ᠳᠤᠰ ᠨᠤᠮ ᠢ | ᠤᠷᠴᠢᠭᠤᠯᠤᠨ ᠨᠠᠶᠢᠷᠠᠭᠤᠯᠵᠦ ᠪᠦᠳᠦᠭᠡᠵᠡᠢ᠃ ᠳᠤᠰ ᠨᠤᠮ ᠨᠡᠶᠢᠳᠡ4 ᠪᠤᠳᠢ ᠲᠠᠢ᠃ ᠴᠢᠩᠬᠢᠰ ᠬᠠᠭᠠᠨ ᠤ ᠨᠠᠮᠳᠠᠷ | ᠵᠢᠴᠢ ᠳᠡᠬᠦᠨ ᠤ ᠵᠠᠯᠭᠠᠮᠵᠢᠯᠠᠭᠴᠢᠳ ︵17 ᠳ᠋ᠤᠭᠠᠷ ᠵᠠᠭᠤᠨ ᠪᠤᠯᠳᠠᠯᠠᠬᠢ︶ ᠤᠨ ᠳᠦᠬᠦᠮ ᠨᠠᠮᠳᠠᠷ᠂ ᠡᠷᠳᠡᠨ ᠤ ᠮᠤᠩᠭᠤᠯ | ᠤᠨ ᠵᠠᠩ ᠳᠠᠳᠬᠠᠯ᠂ ᠬᠠᠤᠯᠢ ᠴᠠᠭᠠᠵᠠ ᠠᠴᠠ ᠭᠠᠳᠠᠨ᠎ᠠ ᠮᠤᠩᠭᠤᠯ᠂ ᠲᠦᠷᠺ᠂ ᠬᠢᠪᠴᠠᠭ᠂ ᠤᠶᠢᠭᠤᠷ ᠪᠤᠯᠤᠨ | ᠦᠷᠦᠨᠡᠳᠦ ᠶᠢᠨ ᠲᠠᠲ᠋ᠠᠷᠴᠤᠳ ᠤᠨ ᠭᠠᠵᠠᠷ ᠵᠦᠢ ᠵᠡᠷᠭᠡ ᠠᠭᠤᠯᠭ᠎ᠠ ᠶᠢ ᠬᠠᠮᠤᠷᠤᠭᠰᠠᠨ ᠪᠠᠶᠢᠳᠠᠭ᠃ ᠨᠤᠮ ᠤᠨ | ᠡᠴᠦᠰ ᠲᠤ ᠡᠸᠦ᠋ᠷᠦᠫᠠ ᠶᠢᠨ ᠵᠢᠭᠤᠯᠴᠢᠳ ᠤᠨ ᠵᠤᠬᠢᠶᠠᠭᠰᠠᠨ ᠨᠤᠮ ᠤᠨ ᠨᠡᠷᠡᠰ ᠪᠤᠯᠤᠨ ᠳᠡᠳᠡ ᠨᠠᠷ ᠤᠨ | ᠨᠠᠮᠳᠠᠷ ᠢ ᠳᠠᠭᠠᠯᠳᠤᠭᠤᠯᠵᠠᠢ᠃ ᠳᠤᠰ ᠨᠤᠮ ᠵᠤᠬᠢᠶᠠᠭᠴᠢ ᠶᠢ ᠨᠠᠰᠤ ᠪᠠᠷᠠᠭᠰᠠᠨ ᠤ ᠳᠠᠷᠠᠭᠠᠬᠢ15 ᠵᠢᠯ ᠳᠠᠬᠢ ᠵᠢᠯ᠂ | ᠦᠭᠡᠷ᠎ᠡ ᠪᠠᠷ ᠬᠡᠯᠡᠪᠡᠯ1710 ᠤᠨ ᠳᠤ ᠫᠡᠷᠢᠰ ᠲᠤ ᠬᠡᠪᠯᠡᠭᠳᠡᠵᠦ᠂1722 ᠤᠨ ᠳᠤ ᠯᠤᠨᠳᠤᠨ ᠳᠤ ᠠᠩᠭ᠍ᠯᠢ | ᠬᠡᠯᠡ ᠳᠡᠭᠡᠷ᠎ᠡ ᠤᠷᠴᠢᠭᠤᠯᠤᠭᠳᠠᠨ ᠬᠡᠪᠯᠡᠭᠳᠡᠵᠡᠢ᠃ ᠡᠬᠦᠨ ᠠᠴᠠ ᠬᠤᠶᠢᠰᠢ ᠳᠡᠨᠳᠡᠬᠢ ᠶᠢᠨ ᠬᠦᠮᠦᠰ ᠳᠤᠷᠤᠨᠠᠳᠤ | ᠳᠤ ᠮᠤᠩᠭᠤᠯ ᠬᠡᠬᠦ ᠨᠢᠭᠡᠨ ᠠᠭᠤᠤ ᠶᠡᠭᠡ ᠦᠨᠳᠦᠰᠦᠳᠡᠨ ᠪᠠᠶᠢᠬᠤ ᠶᠢ ᠡᠬᠢᠯᠡᠨ ᠤᠶᠢᠯᠠᠭᠠᠵᠦ᠂ ᠮᠤᠩᠭᠤᠯ ᠬᠦᠮᠦᠨ | ᠳᠤ ᠶᠡᠬᠡᠳᠡ ᠰᠤᠨᠢᠷᠬᠠᠯᠳᠠᠢ ᠪᠤᠯᠤᠭᠰᠠᠨ ᠪᠠᠶᠢᠯ᠎ᠠ᠃ | 19 ᠳ᠋ᠤᠭᠡᠷ ᠵᠠᠭᠤᠨ ᠪᠤᠯ ᠠᠩᠭ᠍ᠯᠢ ᠶᠢᠨ ᠳᠤᠷᠤᠨᠠᠳᠠᠬᠢᠨ ᠤ ᠰᠤᠳᠤᠯᠤᠯ ᠪᠤᠯᠤᠨ ᠮᠤᠩᠭᠤᠯ ᠰᠤᠳᠤᠯᠤᠯ | ᠶᠡᠭᠡ ᠪᠠᠷ ᠬᠦᠭᠵᠢᠭᠰᠡᠨ ᠴᠠᠭ ᠦᠶ᠎ᠡ ᠪᠤᠯᠤᠨ᠎ᠠ᠃ ᠨᠢᠭᠡ ᠳᠠᠯ᠎ᠠ ᠪᠠᠷ᠂ ᠰᠢᠨᠵᠢᠯᠡᠬᠦ ᠤᠬᠠᠭᠠᠨ ᠤ ᠬᠦᠭᠵᠢᠯᠳᠡ ᠠᠴᠠ | ᠰᠢᠯᠳᠠᠭᠠᠯᠠᠵᠦ᠂ ᠬᠡᠯᠡ ᠰᠢᠨᠵᠢᠯᠡᠯ᠂ ᠳᠡᠦᠭᠡ ᠶᠢᠨ ᠤᠬᠠᠭᠠᠨ᠂ ᠬᠦᠮᠦᠨ ᠵᠦᠢ ᠶᠢᠨ ᠤᠬᠠᠭᠠᠨ ᠴᠦᠮ ᠰᠢᠨ᠎ᠡ ᠰᠤᠳᠤᠯᠤᠯ | ᠤᠨ ᠠᠷᠭ᠎ᠠ ᠪᠠᠷᠢᠯ ᠪᠤᠯᠤᠨ ᠮᠡᠷᠭᠡᠵᠢᠯ ᠤᠨ ᠰᠢᠰᠲ᠋ᠧᠮ ᠲᠠᠢ ᠪᠤᠯᠵᠦ᠂ ᠤᠨᠴᠠᠭᠠᠶᠢᠯᠠᠨ ᠬᠠᠷᠢᠴᠠᠭᠤᠯᠤᠭᠰᠠᠨ ᠬᠡᠯᠡ | ᠰᠢᠨᠵᠢᠯᠡᠯ ᠨᠢ ᠳᠤᠷᠤᠨᠠᠳᠠᠬᠢᠨ ᠤ ᠰᠤᠳᠤᠯᠤᠯ ᠤᠨ ᠬᠦᠭᠵᠢᠯᠳᠡ ᠳᠤ ᠬᠠᠮᠤᠭ ᠤᠨ ᠶᠡᠭᠡ ᠳᠦᠯᠬᠢᠬᠦ ᠬᠦᠴᠦᠨ ᠪᠤᠯᠵᠠᠢ᠃ | ᠨᠦᠬᠦᠭᠡ ᠳᠠᠯ᠎ᠠ ᠪᠠᠷ᠂ ᠠᠩᠭ᠍ᠯᠢ ᠵᠡᠷᠭᠡ ᠡᠸᠦ᠋ᠷᠦᠫᠠ ᠶᠢᠨ ᠬᠦᠴᠦᠷᠭᠡᠭ ᠬᠦᠷᠦᠨ ᠨᠦᠭᠦᠳ ᠤᠨ ᠺᠤᠯᠤᠨᠢᠴᠢᠯᠠᠨ | ᠦᠷᠭᠡᠳᠬᠡᠬᠦ ᠲᠦᠷᠦ ᠶᠢᠨ ᠪᠤᠳᠤᠯᠭ᠎ᠠ ᠨᠢ ᠠᠩᠭ᠍ᠯᠢ ᠶᠢᠨ ᠳᠤᠷᠤᠨᠠᠳᠠᠬᠢᠨ ᠤ ᠳᠡᠦᠭᠡ ᠰᠤᠶᠤᠯ ᠤᠨ ᠰᠤᠳᠤᠯᠤᠯ ᠢ | ᠳᠦᠯᠬᠢᠨ ᠠᠬᠢᠭᠤᠯᠤᠭᠰᠠᠨ ᠢᠶᠠᠷ ᠪᠠᠷᠠᠬᠤ ᠦᠭᠡᠢ ᠪᠠᠰᠠ ᠳᠤᠷᠤᠨᠠᠳᠠᠬᠢᠨ ᠤ ᠰᠤᠷᠪᠤᠯᠵᠢ ᠪᠢᠴᠢᠭ ᠪᠤᠯᠤᠨ | ᠪᠤᠳᠠᠳᠤ ᠪᠤᠳᠠᠰ ᠤᠨ ᠮᠠᠲ᠋ᠧᠷᠢᠶᠠᠯ ᠢ ᠠᠮᠠᠷᠬᠠᠨ ᠤᠯᠵᠦ ᠴᠢᠳᠠᠬᠤ ᠪᠤᠯᠭᠠᠭᠰᠠᠨ ᠪᠠᠶᠢᠨ᠎ᠠ᠃ ᠳᠤᠷᠤᠨᠠᠳᠠᠬᠢᠨ ᠤ | ᠰᠤᠳᠤᠯᠤᠯ ᠤᠨ ᠬᠡᠳᠦᠨ ᠰᠠᠯᠪᠤᠷᠢ ᠰᠤᠳᠤᠯᠤᠯ ᠤᠨ ᠨᠢᠭᠡᠨ ᠪᠤᠯᠬᠤ ᠮᠤᠩᠭᠤᠯ ᠰᠤᠳᠤᠯᠤᠯ ᠨᠢ ᠪᠠᠰᠠ ᠡᠬᠦᠨ ᠤ ᠳᠠᠭᠠᠤ | ᠢᠯᠡᠳᠳᠡ ᠬᠦᠭᠵᠢᠯᠳᠡ ᠲᠠᠢ ᠪᠤᠯᠤᠭᠰᠠᠨ ᠪᠠᠶᠢᠨ᠎ᠠ᠃ ᠤᠨᠴᠠᠭᠠᠶᠢᠯᠠᠨ20 ᠳ᠋ᠤᠭᠠᠷ ᠵᠠᠭᠤᠨ ᠤ ᠡᠬᠢᠨ ᠳᠤ᠂ ᠠᠮᠧᠷᠢᠺᠠ | ᠶᠢᠨ ᠨᠡᠷᠡᠳᠦ ᠬᠤᠶᠠᠷ ᠮᠤᠩᠭᠤᠯᠴᠢ ᠡᠷᠳᠡᠮᠳᠡᠨ ᠯᠠᠲᠲ᠋ᠢᠮᠤᠷᠧ᠂ ᠦᠨᠡᠨ ᠨᠠᠷ ᠠᠩᠭ᠍ᠯᠢ ᠳᠤ ᠤᠴᠢᠵᠦ ᠨᠤᠳᠤᠭᠰᠢᠭᠰᠠᠨ | ᠤ ᠳᠠᠷᠠᠭ᠎ᠠ ᠠᠩᠭ᠍ᠯᠢ ᠶᠢᠨ ᠮᠤᠩᠭᠤᠯ ᠤᠨ ᠰᠤᠳᠤᠯᠤᠯ ᠳᠠᠬᠢᠨ ᠰᠡᠷᠬᠦᠨ ᠬᠦᠭᠵᠢᠬᠦ ᠳᠤᠬᠢᠶᠠᠯ ᠢ ᠤᠯᠤᠭᠰᠠᠨ ᠪᠠᠶᠢᠨ᠎ᠠ᠃ | | 20 ᠳ᠋ᠤᠭᠠᠷ ᠵᠠᠭᠤᠨ ᠤ ᠰᠡᠬᠦᠯᠴᠢ ᠪᠤᠯᠬᠤ ᠳᠤ ᠠᠩᠭ᠍ᠯᠢ ᠳᠤ ᠤᠯᠠᠨ ᠠᠷᠪᠢᠨ ᠮᠤᠩᠭᠤᠯᠴᠢ ᠡᠷᠳᠡᠮᠳᠡᠨ | ᠴᠤᠯᠭᠤᠷᠠᠨ ᠭᠠᠷᠴᠦ᠂ ᠯᠤᠨᠳᠤᠨ ᠶᠡᠭᠡ ᠰᠤᠷᠭᠠᠭᠤᠯᠢ᠂ ᠺᠠᠮᠪᠷᠢᠵ ᠶᠡᠭᠡ ᠰᠤᠷᠭᠠᠭᠤᠯᠢ᠂ ᠯᠢᠢᠳᠡᠰ ᠶᠡᠭᠡ | ᠰᠤᠷᠭᠠᠭᠤᠯᠢ ᠵᠡᠷᠭᠡ ᠮᠤᠩᠭᠤᠯ ᠰᠤᠳᠤᠯᠤᠯ ᠤᠨ ᠲᠦᠪ ᠨᠦᠭᠦᠳ ᠪᠤᠢ ᠪᠤᠯᠵᠦ᠂ ᠤᠯᠠᠨ ᠠᠷᠪᠢᠨ ᠰᠤᠳᠤᠯᠭᠠᠨ ᠤ | ᠦᠷ᠎ᠡ ᠪᠦᠳᠦᠭᠡᠯ ᠬᠡᠪᠯᠡᠭᠳᠡᠨ ᠨᠡᠶᠢᠳᠡᠯᠡᠭᠳᠡᠵᠦ ᠪᠠᠶᠢᠭᠰᠠᠨ ᠢᠶᠠᠷ ᠪᠠᠷᠠᠬᠤ ᠦᠭᠡᠢ᠂ ᠠᠩᠭ᠍ᠯᠢ ᠶᠢᠨ ᠮᠤᠩᠭᠤᠯ | ᠰᠤᠳᠤᠯᠤᠯ ᠤᠨ ᠨᠡᠶᠢᠭᠡᠮᠯᠢᠭ ᠪᠠᠶᠢᠭᠤᠯᠤᠭᠳᠠᠵᠦ᠂ ᠠᠩᠭ᠍ᠯᠢ ᠶᠢᠨ ᠮᠤᠩᠭᠤᠯ ᠰᠤᠳᠤᠯᠤᠯ ᠢ ᠳᠦᠯᠦᠪᠯᠡᠭᠡ ᠲᠠᠢ᠂ | ᠵᠤᠬᠢᠶᠠᠨ ᠪᠠᠶᠢᠭᠤᠯᠤᠯᠳᠠ ᠲᠠᠢ ᠪᠠᠷ ᠤᠳᠤᠷᠢᠳᠤᠨ ᠬᠢᠵᠦ᠂ ᠠᠩᠭ᠍ᠯᠢ ᠶᠢᠨ ᠮᠤᠩᠭᠤᠯ ᠰᠤᠳᠤᠯᠤᠯ ᠤᠨ ᠦᠢᠯᠡᠰ ᠢ | ᠤᠯᠠᠮ ᠴᠢᠨᠠᠭᠰᠢᠳᠠ ᠲᠦᠯᠬᠢᠨ ᠠᠬᠢᠭᠤᠯᠵᠠᠢ᠃ ᠳᠡᠯᠡᠭᠡᠢ ᠶᠢᠨ ᠬᠤᠶᠠᠳᠤᠭᠠᠷ ᠳᠠᠶᠢᠨ ᠤ ᠳᠠᠷᠠᠭ᠎ᠠ᠂ ᠦᠷᠦᠨᠡᠳᠡᠬᠢᠨ ᠤ | ᠮᠤᠩᠭᠤᠯ ᠰᠤᠳᠤᠯᠤᠯ ᠭᠤᠤᠯᠳᠠᠭᠤ ᠤᠤᠯ ᠤᠨ ᠪᠠᠷᠠᠭᠤᠨ ᠭᠧᠷᠮᠠᠨ᠂ ᠠᠩᠭ᠍ᠯᠢ ᠪᠤᠯᠤᠨ ᠹᠷᠠᠨᠼᠢ ᠵᠡᠷᠭᠡ ᠤᠯᠤᠰ ᠲᠤ | ᠰᠡᠷᠬᠦᠨ ᠬᠦᠭᠵᠢᠪᠡ᠃ ᠡᠳᠡᠭᠡᠷ ᠤᠯᠤᠰ ᠤᠷᠢᠳ ᠬᠤᠵᠢᠳ ᠨᠡᠯᠢᠶᠡᠳ ᠤᠯᠠᠨ ᠮᠤᠩᠭᠤᠯ ᠰᠤᠳᠤᠯᠤᠯ ᠤᠨ ᠳᠦᠪ | ᠪᠤᠶᠤ ᠰᠤᠳᠤᠯᠭᠠᠨ ᠤ ᠪᠠᠶᠢᠭᠤᠯᠤᠮᠵᠢ ᠶᠢ ᠪᠠᠶᠢᠭᠤᠯᠵᠦ᠂ ᠡᠬᠦᠨ ᠤᠨ ᠳᠤᠳᠤᠷ᠎ᠠ ᠹᠷᠠᠨᠼᠢ ᠳᠡᠷᠢᠬᠦᠯᠡᠵᠦ ᠪᠠᠶᠢᠯ᠎ᠠ᠃ 20 | ᠳ᠋ᠤᠭᠠᠷ ᠵᠠᠭᠤᠨ ᠤ 90 ᠳ᠋ᠤᠭᠡᠷ ᠤᠨ ᠠᠴᠠ ᠬᠤᠶᠢᠰᠢ ᠠᠩᠭ᠍ᠯᠢ ᠶᠢᠨ ᠮᠤᠩᠭᠤᠯ ᠰᠤᠳᠤᠯᠤᠯ ᠨᠢ ᠨᠡᠩ ᠶᠡᠭᠡ | ᠬᠦᠭᠵᠢᠯᠳᠡ ᠶᠢᠨ ᠡᠷᠴᠢᠮ ᠲᠠᠢ ᠪᠤᠯᠵᠦ᠂ ᠵᠠᠷᠢᠮ ᠳᠠᠯ᠎ᠠ ᠪᠠᠷ ᠦᠷᠦᠨᠡᠳᠡᠬᠢᠨ ᠤ ᠮᠤᠩᠭᠤᠯ ᠰᠤᠳᠤᠯᠤᠯ ᠤᠨ ᠳᠦᠪ | ᠪᠤᠯᠵᠦ ᠪᠠᠶᠢᠭᠰᠠᠨ ᠹᠷᠠᠨᠼᠢ ᠠᠴᠠ ᠳᠠᠪᠠᠭ᠋ᠤ ᠪᠤᠯᠵᠠᠢ᠃ ᠠᠩᠭ᠍ᠯᠢ ᠶᠢᠨ ᠮᠤᠩᠭᠤᠯ ᠰᠤᠳᠤᠯᠤᠯ ᠨᠡᠯᠢᠶᠡᠳ ᠤᠷᠳᠤ | ᠬᠤᠭᠤᠴᠠᠭᠠᠨ ᠤ ᠳᠡᠦᠭᠡ ᠪᠤᠯᠤᠨ ᠤᠯᠠᠮᠵᠢᠯᠠᠯ ᠲᠠᠢ ᠪᠠᠶᠢᠵᠦ᠂ ᠮᠤᠩᠭᠤᠯ ᠰᠤᠳᠤᠯᠤᠤᠯ ᠤᠨ ᠳᠦᠪ ᠨᠦᠭᠦᠳ ᠨᠢ | ᠭᠤᠤᠯᠳᠠᠭᠤ ᠯᠤᠨᠳᠤᠨ ᠶᠡᠭᠡ ᠰᠤᠷᠭᠠᠭᠤᠯᠢ᠂ ᠺᠠᠮᠪᠷᠢᠵ ᠶᠡᠭᠡ ᠰᠤᠷᠭᠠᠭᠤᠯᠢ᠂ ᠯᠢᠢᠳᠡᠰ ᠶᠡᠭᠡ ᠰᠤᠷᠭᠠᠭᠤᠯᠢ ᠳᠤ | ᠪᠠᠶᠢᠭᠤᠯᠤᠭᠳᠠᠵᠦ᠂ ᠳᠤᠰ ᠳᠤᠰ ᠤᠨ ᠳᠤᠰᠬᠠᠢ ᠮᠡᠷᠭᠡᠵᠢᠯ ᠤᠨ ᠤᠨᠴᠠᠯᠢᠭ ᠪᠤᠯᠤᠨ ᠰᠤᠳᠤᠯᠤᠯ ᠤᠨ ᠴᠢᠭᠯᠡᠯ ᠲᠠᠢ | ᠪᠠᠶᠢᠵᠦ᠂ ᠬᠦᠭᠵᠢᠯᠳᠡ ᠶᠢᠨ ᠵᠠᠮ ᠨᠢ ᠭᠡᠰᠡᠭ ᠲᠡᠭᠡᠨ ᠬᠦᠭᠵᠢᠩᠬᠦᠢ᠂ ᠬᠡᠰᠡᠭ ᠲᠡᠭᠡᠨ ᠪᠠᠭᠤᠷᠠᠩᠭᠤᠢ ᠤᠨᠴᠠᠯᠢᠭ ᠲᠠᠢ | ᠪᠠᠶᠢᠵᠦ ᠪᠠᠶᠢᠨ᠎ᠠ᠃ ᠳᠤᠬᠠᠶᠢᠯᠠᠪᠠᠯ᠂ ᠯᠤᠨᠳᠤᠨ ᠶᠡᠭᠡ ᠰᠤᠷᠭᠠᠭᠤᠯᠢ ᠶᠢᠨ ᠳᠤᠮᠳᠠᠳᠤ ᠤᠯᠤᠰ ᠪᠤᠯᠤᠨ | ᠳᠤᠳᠤᠭᠠᠳᠤ ᠠᠽᠢᠶ᠎ᠠ ᠶᠢᠨ ᠰᠤᠳᠤᠯᠭᠠᠨ ᠤ ᠰᠠᠯᠪᠤᠷᠢ ᠶᠢᠨ ᠮᠤᠩᠭᠤᠯ ᠰᠤᠳᠤᠯᠤᠯ ᠨᠢ ᠨᠢᠭᠡᠨ ᠦᠶ᠎ᠡ ᠠᠩᠭ᠍ᠯᠢ ᠳᠤ | ᠳᠡᠷᠢᠬᠦᠯᠡᠵᠦ ᠪᠠᠶᠢᠭᠰᠠᠨ ᠶᠤᠮ᠃ ᠳᠡᠷᠡ ᠦᠶ᠎ᠡ ᠨᠢ ᠠᠩᠭ᠍ᠯᠢ ᠶᠢᠨ ᠨᠡᠷᠡᠳᠦ ᠮᠤᠩᠭᠤᠯᠴᠢ ᠡᠷᠳᠡᠮᠳᠡᠨ ᠴᠡᠷᠯᠢᠰ | ᠪᠠᠦᠳ᠋ᠸᠠ ᠤ ᠳᠤᠰ ᠰᠤᠷᠭᠠᠭᠤᠯᠢ ᠳᠤ ᠠᠵᠢᠯᠯᠠᠵᠦ ᠪᠠᠶᠢᠭᠰᠠᠨ ᠦᠶ᠎ᠡ ︵1955 — 1984︶ ᠪᠢᠯᠡ᠃ ᠳᠡᠷᠡ | ᠪᠠᠷ ᠮᠤᠩᠭᠤᠯ ᠰᠤᠳᠤᠯᠤᠯ ᠤᠨ ᠳᠤᠬᠠᠢ ᠤᠯᠠᠨ ᠳᠠᠯ᠎ᠠ ᠶᠢᠨ ᠰᠢᠨᠵᠢᠯᠡᠭᠡᠨ ᠤ ᠦᠬᠦᠯᠡᠯ ᠵᠤᠬᠢᠶᠠᠯ ᠪᠢᠴᠢᠨ ᠬᠡᠪᠯᠡᠬᠦᠯᠵᠦ | ᠪᠠᠶᠢᠭᠰᠠᠨ ᠢᠶᠠᠷ ᠪᠠᠷᠠᠬᠤ ᠦᠭᠡᠢ᠂ ᠮᠤᠩᠭᠤᠯ ᠰᠤᠳᠤᠯᠤᠯ ᠤᠨ ᠬᠢᠴᠢᠶᠡᠯ ᠬᠦᠮᠦᠵᠢᠯ ᠨᠡᠭᠡᠭᠡᠵᠦ᠂ ᠵᠾᠤᠨ ᠮᠠᠨ ᠮᠡᠳᠦ | ᠶᠢᠨ ᠤᠯᠠᠨ ᠠᠷᠪᠢᠨ ᠨᠡᠷᠡᠳᠦ ᠡᠷᠳᠡᠮᠳᠡᠨ ᠢ ᠬᠦᠮᠦᠵᠢᠬᠦᠯᠵᠦ ᠪᠠᠶᠢᠵᠠᠢ᠃ ᠬᠡᠪᠡᠴᠦ ᠳᠡᠷᠡ ᠠᠵᠢᠯ ᠠᠴᠠ ᠪᠠᠨ | ᠠᠮᠠᠷᠠᠭᠰᠠᠨ ᠤ ᠳᠠᠷᠠᠭ᠎ᠠ ᠳᠤᠰ ᠰᠤᠷᠭᠠᠭᠤᠯᠢ ᠶᠢᠨ ᠮᠤᠩᠭᠤᠯ ᠰᠤᠳᠤᠯᠤᠯ ᠠᠭᠠᠵᠢᠮ ᠢᠶᠠᠷ ᠪᠠᠭᠤᠷᠠᠯᠳᠠ ᠶᠢᠨ | ᠱᠠᠳᠤᠨ ᠳᠤ ᠤᠷᠤᠵᠦ᠂ ᠤᠳᠤ ᠪᠤᠯᠬᠤ ᠳᠤ ᠰᠤᠷᠤᠭᠴᠢ ᠶᠢᠨ ᠢᠷᠡᠯᠳᠡ ᠦᠭᠡᠢ ᠪᠤᠯᠤᠭᠰᠠᠨ ᠬᠡᠬᠦ ᠮᠡᠳᠦ ᠶᠢᠨ | ᠰᠢᠯᠳᠠᠭᠠᠨ ᠢᠶᠠᠷ ᠮᠤᠩᠭᠤᠯ ᠰᠤᠳᠤᠯᠤᠯ ᠤᠨ ᠬᠢᠴᠢᠶᠡᠯ ᠬᠦᠮᠦᠵᠢᠯ ᠢᠶᠠᠨ ᠬᠠᠭᠠᠵᠦ᠂ ᠨᠤᠮ ᠤᠨ ᠰᠠᠩ ᠨᠢ ᠴᠦ ᠡᠨᠡ | ᠳᠠᠯ᠎ᠠ ᠶᠢᠨ ᠰᠤᠷᠪᠤᠯᠵᠢ ᠪᠢᠴᠢᠭ ᠤᠨ ᠪᠦᠳᠦᠭᠡᠨ ᠪᠠᠶᠢᠭᠤᠯᠤᠯᠳᠠ ᠬᠢᠬᠦ ᠪᠠᠨ ᠦᠨᠳᠦᠰᠦᠨ ᠳᠡᠭᠡᠨ ᠵᠤᠭᠰᠤᠵᠦ᠂ | ᠤᠳᠤ ᠬᠡᠳᠦᠭᠡᠨ ᠪᠠᠭᠰᠢ ᠮᠤᠩᠭᠤᠯ ᠬᠡᠯᠡ ᠳᠡᠦᠭᠡ ᠰᠤᠶᠤᠯ ᠤᠨ ᠳᠤᠬᠠᠢ ᠬᠢᠴᠢᠶᠡᠯ ᠬᠦᠮᠦᠵᠢᠯ ᠢ ᠪᠤᠰᠤᠳ | ᠮᠡᠷᠭᠡᠵᠢᠯ ᠤᠨ ᠬᠡᠰᠡᠭ ᠠᠭᠤᠯᠭ᠎ᠠ ᠪᠤᠯᠭᠠᠨ ᠵᠢᠭᠠᠬᠤ ᠪᠤᠯᠵᠠᠢ᠃ ᠢᠩᠬᠢᠭᠡᠳ ᠳᠤᠰ ᠰᠤᠷᠭᠠᠭᠤᠯᠢ ᠶᠢᠨ ᠮᠤᠩᠭᠤᠯ | ᠰᠤᠳᠤᠯᠤᠯ ᠤᠨ ᠦᠢᠯᠡᠰ ᠨᠢ ᠪᠦᠬᠦ ᠠᠩᠭ᠍ᠯᠢ ᠳᠤ ᠳᠡᠷᠢᠬᠦᠯᠡᠵᠦ ᠪᠠᠶᠢᠭᠰᠠᠨ ᠠᠴᠠ ᠪᠠᠨ ᠤᠳᠤ ᠤᠮᠠᠷᠳᠠᠨ | ᠮᠠᠷᠳᠠᠭᠳᠠᠬᠤ ᠳᠤ ᠬᠦᠷᠦᠭᠰᠡᠨ ᠪᠠᠶᠢᠨ᠎ᠠ᠃ 1986 ᠤᠨ ᠳᠤ ︽ᠮᠤᠩᠭᠤᠯ ᠪᠤᠯᠤᠨ ᠳᠤᠳᠤᠭᠠᠳᠤ ᠠᠽᠢᠶ᠎ᠠ ᠶᠢᠨ | ᠰᠤᠳᠤᠯᠤᠯ ᠤᠨ ᠳᠦᠪ︾ ᠺᠠᠮᠪᠷᠢᠵ ᠶᠡᠭᠡ ᠰᠤᠷᠭᠠᠭᠤᠯᠢ ᠳᠤ ᠪᠠᠶᠢᠭᠤᠯᠤᠭᠳᠠᠭᠰᠠᠨ ᠠᠴᠠ ᠪᠠᠨ ᠺᠠᠮᠪᠷᠢᠵ ᠶᠡᠭᠡ | ᠰᠤᠷᠭᠠᠭᠤᠯᠢ ᠶᠢᠨ ᠮᠤᠩᠭᠤᠯ ᠰᠤᠳᠤᠯᠤᠯ ᠳᠠᠬᠢᠨ ᠰᠡᠷᠬᠦᠨ ᠬᠦᠭᠵᠢᠵᠦ᠂ ᠤᠳᠤ ᠠᠩᠭ᠍ᠯᠢ ᠶᠢᠨ ᠳᠡᠷᠢᠬᠦᠯᠡᠬᠦ ᠮᠤᠩᠭᠤᠯ | ᠰᠤᠳᠤᠯᠤᠯ ᠤᠨ ᠳᠦᠪ ᠪᠤᠯᠤᠨ ᠬᠦᠭᠵᠢᠭᠰᠡᠨ ᠪᠠᠶᠢᠨ᠎ᠠ᠃ | ᠳᠡᠯᠭᠡᠷ ᠤᠨ ᠵᠤᠬᠢᠶᠠᠭᠰᠠᠨ ︽ᠠᠩᠭ᠍ᠯᠢ ᠠᠮᠧᠷᠢᠺᠠ ᠶᠢᠨ ᠮᠤᠩᠭᠤᠯ ᠰᠤᠳᠤᠯᠤᠯ ᠤᠨ ᠳᠤᠶᠢᠮᠤ︾ ︵ᠦᠪᠦᠷ | ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2014 ᠤᠨ ᠤ 7 ᠰᠠᠷ᠎ᠠ︶ ᠬᠡᠬᠦ ᠨᠤᠮ ᠠᠴᠠ ᠰᠡᠶᠢᠷᠡᠬᠦᠯᠪᠡ᠃ | ᠬᠠᠷᠢᠭᠤᠴᠠᠭᠰᠠᠨ ᠨᠠᠶᠢᠷᠠᠭᠤᠯᠤᠭᠴᠢ᠄ ᠲᠤᠷᠤᠨ᠎ᠠ |