ᠤᠷᠠᠳᠴᠤᠳ ᠤᠨ ᠲᠡᠦᠬᠡᠨ ᠢᠷᠡᠯᠲᠡ
ᠨᠡᠶᠢᠲᠡᠯᠡᠭᠰᠡᠨ ᠴᠠᠭ᠄
2018/5/18
       1206ᠣᠨ ᠳᠤ ᠴᠢᠩᠭᠢᠰ ᠬᠠᠭᠠᠨ ᠮᠣᠩᠭᠤᠯ ᠠᠶᠢᠮᠠᠭ ᠤᠳ ᠢ ᠨᠢᠭᠡᠳᠭᠡᠭᠰᠡᠨ ᠤ ᠳᠠᠷᠠᠭ᠎ᠠ᠂ ᠮᠣᠩᠭᠤᠯ ᠤᠨ ᠬᠦᠭᠵᠢᠯᠲᠡ ᠶᠢᠨ ᠱᠠᠭᠠᠷᠳᠠᠯᠭ᠎ᠠ ᠪᠠ ᠠᠵᠢᠯ ᠲᠥᠷᠥᠯ ᠤᠨ ᠬᠤᠪᠢᠶᠠᠷᠢᠯᠠᠯᠲᠠ ᠶᠢᠨ ᠨᠢᠭᠲᠠ ᠪᠣᠯᠬᠤ ᠶᠢ ᠳᠠᠭᠠᠯᠳᠤᠵᠤ᠂ ᠭᠡᠷ ᠲᠡᠷᠭᠡ᠂ ᠪᠠᠭᠠᠵᠢ ᠬᠡᠷᠡᠭᠰᠡᠯ᠂ ᠵᠠᠷ ᠵᠡᠪᠰᠡᠭ ᠦᠢᠯᠡᠳᠪᠦᠷᠢᠯᠡᠬᠦ ᠲᠤᠬᠠᠢ ᠤᠷᠠᠳ ᠳᠠᠷᠬᠠᠬᠴᠤᠳ ᠤᠨ ᠡᠩᠨᠡᠭᠡ ᠪᠦᠷᠢᠯᠳᠦᠭᠦᠯᠵᠦ᠂ ᠬᠡᠷᠡᠭᠰᠡᠯ ᠤᠨ ᠮᠤᠳᠤ ᠪᠠᠶᠠᠯᠢᠭ᠂ ᠵᠢᠭᠠᠰᠤᠨ ᠴᠠᠪᠠᠤ ᠶᠢᠨ ᠭᠠᠷᠤᠯᠲᠠ ᠡᠯᠪᠡᠭ ᠬᠥᠯᠦᠨ ᠨᠠᠭᠤᠷ᠂ ᠪᠤᠶᠢᠷ ᠨᠠᠭᠤᠷ ᠳᠠᠭᠠᠤ ᠨᠤᠲᠤᠭ ᠲᠤ ᠡᠨᠡ ᠬᠦ ᠤᠷᠠᠨ ᠳᠠᠷᠬᠠᠨ ᠤ ᠠᠶᠢᠮᠠᠭ ᠢ ᠨᠤᠲᠤᠭᠯᠠᠨ ᠰᠠᠭᠤᠷᠢᠰᠢᠭᠤᠯᠤᠭᠰᠠᠨ ᠶᠤᠮ᠃ ᠡᠶᠢᠨ ᠬᠦ ᠬᠤᠯᠠ ᠣᠶᠢᠷ᠎ᠠ ᠳᠤ ᠪᠠᠨ ᠠᠯᠳᠠᠷᠰᠢᠭᠰᠠᠨ ᠤᠷᠠᠳ ᠠᠶᠢᠮᠠᠭ ᠪᠤᠢ ᠪᠤᠯᠤᠭᠰᠠᠨ ᠪᠢᠯᠡ᠃ ᠡᠨᠡ ᠠᠶᠢᠮᠠᠭ ᠤᠨ ᠲᠦᠷᠦᠭᠦᠦ ᠪᠣᠯ ᠴᠢᠩᠭᠢᠰ ᠤᠨ ᠳᠡᠭᠦᠦ ᠬᠠᠪᠤᠲᠤ ᠬᠠᠰᠠᠷ ᠤᠨ ᠠᠷᠪᠠᠨ ᠲᠠᠪᠤᠳᠤᠭᠠᠷ ᠦᠶ᠎ᠡ ᠶᠢᠨ ᠠᠴᠢ ᠪᠣᠯᠬᠤ ᠤᠷᠠᠳ ᠠᠶᠢᠮᠠᠭ ᠤᠨ ᠳᠡᠭᠡᠳᠦᠰ ᠪᠤᠷᠬᠠᠢ ᠭᠡᠭᠴᠢ ᠬᠦᠮᠦᠨ ᠪᠣᠯᠣᠨ᠎ᠠ᠃        ᠠᠷᠪᠠᠨ ᠲᠠᠪᠤᠳᠤᠭᠠᠷ ᠵᠠᠭᠤᠨ ᠤ ᠡᠬᠢᠨ ᠤ ᠦᠶᠡᠰ ᠢᠶᠠᠷ ᠮᠠᠨᠵᠤ ᠦᠨᠳᠦᠰᠦᠲᠡᠨ ᠤ ᠴᠡᠷᠢᠭ ᠳᠠᠶᠢᠨ ᠤ ᠲᠤᠯᠤᠭᠠᠶᠢᠯᠠᠭᠴᠢ ᠨᠤᠷᠠᠭᠴᠢ ᠬᠦᠴᠦᠷᠬᠡᠭᠵᠢᠨ ᠪᠣᠰᠤᠭᠠᠳ ᠲᠤᠯᠭᠤᠷ ᠲᠥᠷᠥ ᠪᠠᠶᠢᠭᠤᠯᠵᠤ ᠬᠤᠶᠢᠳᠤ ᠠᠯᠲᠠᠨ ᠤᠯᠤᠰ ᠭᠡᠵᠦ ᠨᠡᠷᠡᠶᠢᠳᠪᠡ᠃ ᠬᠤᠶᠢᠳᠤ ᠠᠯᠲᠠᠨ ᠤᠯᠤᠰ ᠤᠨ ᠲᠡᠭᠷᠢ ᠶᠢᠨ ᠰᠡᠴᠡᠨ ᠤ ᠳᠤᠯᠤᠳᠤᠭᠠᠷ ᠣᠨ ︵1633 ᠣᠨ︶ ᠳᠤ ᠬᠤᠸᠠᠩ ᠲᠠᠢ ᠵᠢᠢ ᠰᠠᠭᠤᠷᠢᠨ ᠳᠤ ᠪᠠᠶᠢᠬᠤ ᠥᠶ᠎ᠡ ᠳᠤ ᠪᠤᠷᠬᠠᠢ ᠶᠢᠨ ᠠᠬᠠᠮᠠᠳ ᠬᠦᠪᠡᠭᠦᠨ ᠯᠠᠶᠢᠭ᠎ᠠ ᠶᠢᠨ ᠠᠴᠢ ᠤᠮᠪᠤ᠂ ᠣᠳᠬᠤᠨ ᠬᠥᠪᠡᠭᠦᠨ ᠪᠡᠷᠰᠢ ᠶᠢᠨ ᠠᠴᠢ ᠲᠣᠪᠠ᠂ ᠠᠴᠢ ᠰᠠᠷᠠᠩ ᠨᠠᠷ ᠤᠷᠠᠳ ᠠᠶᠢᠮᠠᠭ ᠢ ᠳᠠᠭᠠᠭᠤᠯᠵᠤ᠂  ᠬᠥᠯᠥᠨ ᠪᠣᠶᠢᠷ ᠤᠨ ᠬᠥᠪᠲᠤ ᠨᠠᠢᠮᠠᠨᠴᠠᠭᠠᠨ ᠠᠴᠠ ᠬᠤᠶᠢᠲᠤ ᠠᠯᠲᠠᠨ ᠤᠯᠤᠰ ᠢ ᠳᠠᠭᠠᠬᠤ ᠪᠠᠷ ᠠᠯᠤᠰ ᠬᠤᠯᠠ ᠠᠶᠠᠯᠠᠵᠤ᠂ ᠲᠡᠮᠡᠭᠡ ᠮᠣᠷᠢ ᠬᠦᠷᠭᠡᠭᠡᠳ᠂ ᠴᠢᠩ ᠦᠨᠡᠨᠴᠢ ᠭᠡᠳᠡᠭ ᠢᠶᠠᠨ ᠢᠯᠡᠳᠬᠡᠪᠡ᠃       ᠮᠠᠨᠵᠤ ᠶᠢᠨ ᠨᠣᠶᠠᠷᠬᠠᠭᠴᠢᠳ ᠶᠠᠭ ᠰᠢᠨ᠎ᠡ ᠪᠠᠷ ᠮᠠᠨᠳᠤᠵᠤ ᠪᠠᠶᠢᠭᠰᠠᠨ ᠴᠠᠭ ᠦᠶ᠎ᠡ ᠳᠤ ᠪᠠᠨ ᠪᠠᠶᠢᠭᠰᠠᠨ ᠲᠤᠯᠠ ᠮᠢᠩ ᠤᠨ ᠬᠠᠭᠠᠨᠲᠤ ᠤᠯᠤᠰ ᠢ ᠰᠦᠨᠦᠭᠡᠨ᠂ ᠮᠣᠩᠭᠤᠯ ᠤᠨ ᠪᠦᠬᠦ ᠴᠤᠭᠴᠠ ᠶᠢ ᠰᠣᠯᠠᠷᠠᠭᠤᠯᠵᠤ᠂ ᠮᠠᠨᠵᠤ ᠶᠢᠨ ᠬᠦᠴᠦᠨ ᠢ ᠨᠡᠮᠡᠭᠳᠡᠭᠦᠯᠬᠦ ᠪᠠᠷ ᠪᠠᠶᠢᠭᠰᠠᠨ ᠨᠢ ᠲᠤᠳᠤᠷᠬᠠᠢ᠃       ᠤᠷᠠᠳ ᠠᠶᠢᠮᠠᠭ᠂ ᠮᠠᠨᠵᠤ ᠴᠢᠩ ᠤᠯᠤᠰ ᠲᠤ ᠤᠷᠤᠵᠤ ᠦᠭᠭᠦᠭᠰᠡᠨ ᠠᠴᠠ ᠨᠠᠰᠢ ᠶᠡᠭᠡ ᠴᠢᠩ ᠤᠨ ᠬᠠᠭᠠᠨᠲᠤ ᠤᠯᠤᠰ ᠲᠤ ᠨᠣᠲᠤᠭ ᠳᠡᠪᠢᠰᠬᠡᠷ ᠢ ᠨᠢ ᠥᠷᠭᠡᠳᠬᠡᠬᠦ ᠳᠤ ᠴᠢᠰᠤᠨ ᠭᠠᠪᠢᠶ᠎ᠠ ᠪᠠᠶᠢᠭᠤᠯᠵᠤ ᠥᠭᠭᠦᠭᠰᠡᠨ ᠶᠤᠮ᠃ ᠲᠤᠬᠠᠶᠢᠯᠠᠪᠠᠯ᠂1633--1649 ᠣᠨ ᠬᠦᠷᠲᠡᠯᠡᠬᠢ ᠠᠷᠪᠠ ᠭᠠᠷᠤᠢ ᠵᠢᠯ ᠤᠨ ᠬᠤᠭᠤᠷᠤᠨᠳᠤ ᠬᠠᠯᠬ᠎ᠠ᠂ ᠰᠦᠨᠢᠳ᠂ ᠰᠣᠯᠣᠩᠭᠤᠰ ᠵᠡᠷᠭᠡ ᠲᠠᠢ ᠪᠠᠶᠢᠯᠳᠤᠭᠠᠳ᠂ ᠮᠠᠨᠵᠤ ᠴᠢᠩ ᠤᠨ ᠢᠲᠡᠭᠡᠯ ᠨᠠᠶᠢᠳᠠᠪᠤᠷᠢ ᠪᠠ ᠮᠠᠭᠲᠠᠭᠠᠯ ᠰᠠᠶᠢᠰᠢᠶᠠᠯ ᠢ ᠣᠯᠪᠠ᠃        ᠴᠢᠩ ᠤᠯᠤᠰ ᠤᠨ ᠡᠶᠡᠪᠡᠷ ᠵᠠᠰᠠᠭᠴᠢ ᠶᠢᠨ ᠲᠠᠪᠤᠳᠤᠭᠠᠷ ᠣᠨ ᠳᠤ ᠳᠠᠶᠢᠨ ᠤ ᠭᠠᠪᠢᠶ᠎ᠠ ᠵᠢᠳᠬᠦᠯ ᠢ ᠨᠢ ᠲᠣᠭᠠᠴᠢᠵᠤ᠂ ᠡᠷᠬᠡ ᠲᠠᠶᠢᠵᠢ ᠲᠣᠪᠠ ᠶᠢ ᠲᠦᠰᠢᠶ᠎ᠠ ᠭᠦᠩ᠂ ᠲᠦᠮᠡᠨ ᠳᠠᠷᠬᠠᠨ ᠲᠠᠶᠢᠵᠢ ᠣᠮᠪᠤ ᠶᠢᠨ ᠬᠦᠪᠡᠭᠦᠨ ᠦᠪᠠᠨ ᠢ ᠲᠦᠰᠢᠶ᠎ᠠ ᠭᠦᠩ᠂ ᠢᠯᠳᠤᠨ ᠬᠤᠰᠢᠭᠤᠴᠢ ᠰᠠᠷᠠᠩ ᠤᠨ ᠬᠦᠪᠡᠭᠦᠨ ᠪᠠᠭᠪᠠᠭ᠋ᠠᠢ ᠶᠢ ᠲᠣᠰᠠᠯᠠᠭᠴᠢ ᠭᠦᠩ ᠢᠶᠠᠷ ᠲᠣᠰ ᠲᠣᠰ ᠡᠷᠭᠦᠮᠵᠢᠯᠡᠵᠦ᠂ ᠪᠣᠷᠣ ᠲᠤᠬᠠᠢ ᠶᠢᠨ ᠬᠤᠶᠢᠳᠤ ᠬᠡᠰᠡᠭ ᠤᠨ ᠮᠣᠨᠠ ᠠᠭᠤᠯᠠ᠂ ᠬᠤᠶᠠᠷ ᠪᠣᠭᠳᠠ ᠶᠢᠨ ᠬᠤᠭᠤᠷᠤᠨᠳᠤᠬᠢ ᠦᠷᠭᠡᠨ ᠠᠭᠤᠳᠠᠮ ᠨᠣᠲᠤᠭ ᠳᠡᠪᠢᠰᠬᠡᠷ ᠢ ᠪᠡᠯᠴᠢᠭᠡᠷ ᠪᠣᠯᠭᠠᠨ ᠬᠦᠷᠲᠡᠭᠡᠵᠦ᠂ ᠤᠷᠠᠳ ᠠᠶᠢᠮᠠᠭ ᠢ ᠳᠤᠮᠳᠠᠳᠤ᠂ ᠪᠠᠷᠠᠭᠤᠨ᠂ ᠵᠡᠭᠦᠨ ᠭᠤᠷᠪᠠᠨ ᠬᠤᠰᠢᠭᠤ ᠪᠣᠯᠭᠠᠨ ᠬᠤᠪᠢᠶᠠᠵᠤ᠂ ᠤᠯᠠᠭᠠᠨᠴᠠᠪ ᠤᠨ ᠴᠢᠭᠤᠯᠭᠠᠨ ᠳᠤ ᠵᠠᠬᠢᠷᠠᠭᠤᠯᠪᠠ᠃       ᠭᠤᠷᠪᠠᠨ ᠭᠦᠩ ᠤᠨ ᠳᠤᠲᠤᠷ᠎ᠠ ᠪᠠᠨ ᠡᠮᠦᠨᠡᠳᠦ ᠬᠤᠰᠢᠭᠤ ᠶᠢ ᠦᠪᠡᠨ ᠵᠠᠬᠢᠷᠴᠤ ᠪᠠᠷᠠᠭᠤᠨ ᠭᠦᠩ ᠤᠨ ᠬᠤᠰᠢᠭᠤ ᠭᠡᠵᠦ᠂ ᠬᠤᠶᠢᠲᠤ ᠬᠤᠰᠢᠭᠤ ᠶᠢ ᠲᠣᠪᠠ ᠵᠠᠬᠢᠷᠴᠤ ᠵᠡᠭᠦᠨ ᠭᠦᠩ ᠤᠨ ᠬᠤᠰᠢᠭᠤ ᠭᠡᠵᠦ᠂ ᠳᠤᠮᠳᠠᠳᠤ ᠬᠤᠰᠢᠭᠤ ᠶᠢ ᠪᠠᠭᠪᠠᠭ᠋ᠠᠢ ᠵᠠᠬᠢᠷᠤᠭᠠᠳ ᠳᠤᠮᠳᠠᠳᠤ ᠭᠦᠩ ᠤᠨ ᠬᠤᠰᠢᠭᠤ ᠭᠡᠵᠦ ᠲᠣᠰ ᠲᠣᠰ ᠨᠡᠷᠡᠶᠢᠳᠴᠦ᠂ ᠭᠤᠷᠪᠠᠭᠤᠯᠠ ᠪᠠᠨ ᠵᠠᠰᠠᠭ ᠤᠨ ᠲᠣᠰᠢᠶᠠᠯ ᠢ ᠬᠦᠷᠲᠡᠭᠡᠳ ᠦᠶ᠎ᠡ ᠤᠯᠠᠷᠢᠨ ᠵᠠᠯᠭᠠᠮᠵᠢᠯᠠᠪᠠ᠃ ᠡᠭᠦᠨ ᠢ ᠤᠷᠠᠳ ᠤᠨ ᠭᠤᠷᠪᠠᠨ ᠭᠦᠩ ᠤᠨ ᠬᠤᠰᠢᠭᠤ ᠭᠡᠳᠡᠭ ᠶᠤᠮ᠃ ᠲᠡᠳᠡᠨ ᠤ ᠲᠣᠬᠠᠢ ᠶᠢᠨ ᠦᠶ᠎ᠡ ᠶᠢᠨ ᠡᠭᠦᠷᠭᠡ ᠪᠣᠯ ᠬᠠᠯᠬ᠎ᠠ ᠶᠢᠨ ᠳᠤᠪᠲᠤᠯᠤᠯ ᠠᠴᠠ ᠰᠡᠷᠭᠡᠶᠢᠯᠡᠬᠦ ᠶᠢᠨ ᠲᠥᠯᠥᠭᠡ ᠮᠣᠨᠠ᠂ ᠬᠤᠱᠤᠤ᠂ ᠰᠠᠭᠠᠳᠠᠭ᠂ ᠬᠦᠨᠳᠡᠯᠡᠨ ᠤ ᠠᠮᠠ ᠵᠡᠷᠭᠡ ᠭᠤᠷᠪᠠᠨ ᠰᠦᠪᠡ ᠶᠢ ᠰᠠᠬᠢᠨ ᠬᠠᠮᠠᠭᠠᠯᠠᠬᠤ ᠡᠭᠦᠷᠭᠡ ᠲᠠᠢ ᠪᠠᠶᠢᠵᠠᠢ᠃
 
ᠢᠷᠡᠯᠲᠡ᠄ ᠤᠷᠠᠳ ᠤᠨ ᠵᠠᠩ ᠠᠭᠠᠯᠢ ᠠᠴᠠ ᠰᠤᠩᠭᠤᠪᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号