| ᠬᠠᠪᠤᠳᠤ ᠬᠠᠰᠠᠷ ᠤᠨ ᠲᠠᠬᠢᠯᠭ᠎ᠠ ᠨᠢ ᠬᠡᠪᠴᠢᠶ᠎ᠡ ᠪᠠᠷ ᠨᠡᠯᠢᠶᠡᠳ ᠦᠷᠭᠡᠨ᠂ ᠠᠭᠤᠯᠭ᠎ᠠ ᠪᠠᠷ ᠣᠯᠠᠨ ᠪᠠᠶᠢᠳᠠᠭ᠃ | ᠮᠤᠤᠮᠢᠩᠭᠠᠨ ᠤ ᠲᠠᠬᠢᠯᠭ᠎ᠠ ᠳᠤ ᠲᠠᠬᠢᠵᠤ ᠪᠠᠶᠢᠭ᠎ᠠ ᠪᠣᠯ ᠲᠠᠬᠢᠯᠭ᠎ᠠ ᠶᠢᠨ ᠣᠷᠳᠤᠨ᠂ ᠲᠠᠬᠢᠯᠭ᠎ᠠ ᠶᠢᠨ ᠦᠷᠭᠦᠭᠡ; ᠠᠷᠤ | ᠬᠤᠷᠴᠢᠨ ᠤ ᠲᠠᠬᠢᠵᠦ ᠪᠠᠶᠢᠭ᠎ᠠ ᠪᠣᠯ ᠲᠠᠬᠢᠯᠭ᠎ᠠ ᠶᠢᠨ ᠣᠪᠣᠭ᠎ᠠ; ᠣᠳᠤᠭ ᠤᠨ ᠡᠮᠦᠨᠡᠳᠦ ᠬᠤᠰᠢᠭᠤᠨ ᠳᠤ ᠲᠠᠬᠢᠵᠤ | ᠪᠠᠶᠢᠭ᠎ᠠ ᠪᠣᠯ ᠠᠯᠠᠭ ᠰᠦᠯᠳᠡ; ᠠᠯᠠᠱᠠ ᠳᠤ ᠲᠠᠬᠢᠵᠦ ᠪᠠᠶᠢᠭ᠎ᠠ ᠪᠣᠯ ᠪᠠᠶᠢᠪᠠᠩᠬ᠎ᠠ᠂ ᠪᠦᠷ ᠬᠠᠰᠠᠷ ᠢ ᠲᠠᠬᠢᠵᠦ ᠪᠠᠶᠢᠨ᠎ᠠ | ᠃ | ᠮᠠᠨ ᠤ ᠪᠤᠭᠤᠳᠤ ᠬᠤᠲᠠ ᠨᠢ ᠳᠡᠭᠡᠳᠦᠰ ᠤᠨ ᠲᠡᠤᠬᠡ ᠰᠣᠳᠣᠯᠣᠯ ᠪᠣᠯᠣᠨ ᠵᠢᠭᠤᠯᠴᠢᠯᠡᠯ ᠤᠨ ᠦᠢᠯᠡᠰ ᠢ | ᠤᠶᠠᠯᠳᠤᠭᠤᠯᠵᠤ ᠬᠠᠪᠤᠳᠤ ᠬᠠᠰᠠᠷ ᠤᠨ ᠲᠠᠬᠢᠯᠭ᠎ᠠ ᠶᠢ ᠪᠣᠯ ᠨᠡᠯᠢᠶᠡᠳ ᠦᠷᠭᠡᠳᠭᠡᠨ᠂ ᠬᠠᠰᠠᠷ ᠤᠨ ᠣᠪᠣᠭ᠎ᠠ ᠶᠢ | ᠰᠢᠨᠡᠳᠭᠡᠨ᠂ ᠬᠠᠰᠠᠷ ᠤᠨ ᠰᠦᠯᠳᠡ ᠶᠢᠨ ᠲᠠᠬᠢᠯᠭ᠎ᠠ ᠶᠢ ᠡᠬᠢᠯᠡᠭᠦᠯᠵᠦ᠂ ᠬᠠᠰᠠᠷ ᠤᠨ ᠦᠷᠭᠦᠭᠡᠨ ᠤ ᠲᠠᠬᠢᠯᠭ᠎ᠠ᠂ | ᠬᠠᠰᠠᠷ ᠤᠨ ᠪᠦᠷᠢᠶᠡᠨ ᠤ ᠲᠠᠬᠢᠯᠭ᠎ᠠ ᠵᠡᠷᠭᠡ ᠶᠢ ᠬᠢᠳᠡᠭ ᠠᠴᠠ ᠬᠠᠪᠤᠳᠤ ᠬᠠᠰᠠᠷ ᠤᠨ ᠲᠦᠪᠯᠡᠷᠡᠭᠰᠡᠨ ᠨᠢᠭᠡᠨ ᠲᠠᠬᠢᠯᠭ᠎ᠠ | ᠪᠣᠯᠣᠨ᠎ᠠ᠃ | 1988ᠣᠨ ᠳᠤ ᠲᠠᠷᠬᠠᠨ ᠮᠤᠤᠮᠢᠩᠭᠠᠨ ᠳᠤ ᠰᠢᠨ᠎ᠡ ᠪᠠᠷ ᠪᠠᠶᠢᠭᠤᠯᠤᠭᠰᠠᠨ《 ᠬᠠᠪᠤᠳᠤ ᠬᠠᠰᠠᠷ ᠤᠨ | ᠲᠠᠬᠢᠯᠭ᠎ᠠ ᠶᠢᠨ ᠣᠷᠳᠤᠨ》 ᠨᠢ ᠶᠡᠷᠡᠨ ᠲᠡᠭᠰᠢ ᠲᠦᠷᠪᠡᠯᠵᠢᠨ ᠮᠧᠲᠷ ᠲᠠᠯᠠᠪᠠᠢ ᠲᠠᠢ ᠶᠢᠰᠦᠨ ᠮᠧᠲᠷ ᠦᠨᠳᠦᠷ | ᠪᠦᠮᠪᠦᠭᠡᠷ ᠣᠷᠦᠢ ᠲᠠᠢ ᠭᠤᠣᠯ ᠲᠠᠩᠬᠢᠮ ᠪᠣᠯᠣᠨ ᠬᠤᠶᠠᠷ ᠴᠢᠬᠢᠨ ᠲᠠᠩᠬᠢᠮ ᠢᠶᠠᠷ ᠪᠦᠷᠢᠯᠳᠦᠵᠡᠢ᠃ ᠮᠤᠩᠭᠤᠯ ᠭᠡᠷ | ᠰᠢᠭ ᠪᠦᠮᠪᠦᠭᠡᠷ ᠣᠷᠣᠢ ᠳᠡᠭᠡᠷ᠎ᠡ ᠨᠢ ᠠᠯᠳᠠᠨ ᠭᠠᠨᠵᠢᠷ᠎ᠠ ᠮᠠᠨᠳᠤᠭᠤᠯᠵᠤ ᠤᠭᠠᠯᠵᠠ ᠭᠦᠯᠳᠦᠷᠭᠡ ᠵᠢᠷᠤᠭᠰᠠᠨ ᠪᠦᠭᠡᠳ | ᠬᠤᠶᠠᠷ ᠴᠢᠬᠢᠨ ᠲᠠᠩᠬᠢᠮ ᠤᠨ ᠬᠢᠨᠢ ᠣᠷᠣᠢ ᠲᠡᠭᠡᠷ᠎ᠡ ᠲᠠᠯᠢᠵᠦ ᠪᠠᠶᠢᠭ᠎ᠠ ᠨᠣᠮᠤ ᠰᠤᠮᠤ ᠪᠣᠯᠣᠨ ᠰᠦᠯᠳᠡ ᠰᠢᠷᠡᠭᠡ ᠶᠢ | ᠲᠤᠰ ᠪᠦᠷᠢ ᠪᠣᠰᠬᠠᠭᠰᠠᠨ ᠬᠠᠪᠤᠳᠤ ᠬᠠᠰᠠᠷ ᠤᠨ ᠮᠡᠷᠭᠡᠨ ᠪᠣᠳᠣᠯᠭ᠎ᠠ᠂ ᠡᠷᠡᠮᠡᠬᠡᠢ ᠴᠢᠳᠠᠯ ᠢᠶᠠᠷ ᠢᠶᠠᠨ ᠲᠠᠭᠠᠷᠢᠬᠤ ᠪᠦᠷᠢ | ᠲᠠᠶᠢᠯᠵᠤ᠂ ᠪᠠᠶᠢᠯᠳᠤᠬᠤ ᠪᠦᠷᠢ ᠢᠯᠠᠳᠠᠭ ᠠᠤᠭ᠎ᠠ ᠶᠡᠭᠡ ᠰᠦᠷ ᠬᠦᠴᠦᠨ᠂ ᠰᠦᠯᠳᠡ ᠬᠡᠢ ᠮᠣᠷᠢ ᠶᠢ ᠨᠢ ᠪᠡᠯᠭᠡᠳᠡᠵᠡᠢ᠃ | | ᠬᠠᠪᠤᠳᠤ ᠬᠠᠰᠠᠷ ᠤᠨ ᠡᠳ᠋ᠯᠡᠯ ᠬᠡᠷᠡᠭᠰᠡᠯ ᠳᠡᠭᠡᠷ᠎ᠡ ᠪᠠᠰᠠ ᠣᠯᠠᠨ ᠬᠡᠯᠡᠯᠭᠡ ᠲᠠᠢ᠃ ᠬᠠᠪᠤᠳᠤ ᠬᠠᠰᠠᠷ ᠤᠨ | ᠦᠶ᠎ᠡ ᠶᠢᠨ ᠶᠠᠭᠤᠮ᠎ᠠ ᠬᠡᠵᠦ ᠪᠠᠶᠢᠭ᠎ᠠ ᠪᠢᠰᠢ᠃ ᠭᠡᠪᠡᠴᠦ ᠬᠠᠪᠤᠳᠤ ᠬᠠᠰᠠᠷ ᠤᠨ ᠬᠤᠶᠢᠴᠢ ᠦᠶ᠎ᠡ ᠶᠢᠨ ᠬᠦᠮᠦᠰ ᠤᠨ | ᠤᠯᠠᠮᠵᠢᠯᠠᠭᠰᠠᠨ ᠬᠠᠪᠤᠳᠤ ᠬᠠᠰᠠᠷ ᠤᠨ ᠲᠠᠬᠢᠯᠭ᠎ᠠ ᠲᠠᠢ ᠬᠤᠯᠪᠤᠭᠳᠠᠬᠤ ᠦᠨ᠎ᠡ ᠴᠡᠨ᠎ᠡ ᠲᠠᠢ ᠵᠦᠢᠯᠡᠰ ᠪᠣᠯ ᠪᠤᠢ᠃ | ᠬᠠᠪᠤᠳᠤ ᠬᠠᠰᠠᠷ ᠤᠨ ᠬᠤᠶᠠᠷ ᠵᠢᠷᠤᠮᠠᠯ ᠬᠦᠷᠦᠭ ᠪᠣᠯ ᠳᠠᠷᠤᠢ ᠬᠠᠪᠤᠳᠤ ᠬᠠᠰᠠᠷ ᠤᠨ ᠤᠤᠯ ᠤᠨ ᠪᠠᠶᠢᠭᠰᠠᠨ | ᠬᠦᠷᠦᠭ ᠢ ᠰᠡᠭᠦᠳᠡᠷᠯᠡᠵᠦ ᠠᠪᠤᠭᠰᠠᠨ ᠪᠠᠶᠢᠨ᠎ᠠ᠃ | ᠲᠠᠬᠢᠪᠠᠯ ᠲᠠᠬᠢᠯᠭ᠎ᠠ ᠶᠢᠨ ᠣᠷᠳᠤᠨ ᠳᠤ ᠨᠢᠭᠡ ᠦᠯᠢᠶᠡᠳᠡᠭ ᠳᠤᠩ ᠪᠤᠢ᠂ ᠡᠨᠡ ᠪᠣᠯ ᠬᠠᠭᠤᠴᠢᠨ ᠦᠶ᠎ᠡ ᠳᠤ | ᠪᠠᠶᠢᠭᠰᠠᠨ ᠳᠤᠩ ᠪᠣᠯᠤᠨ᠎ᠠ᠃ ᠲᠠᠬᠢᠯᠭ᠎ᠠ ᠶᠢᠨ ᠪᠠᠰᠠ ᠨᠢᠭᠡ ᠬᠤᠪᠢᠩ ᠪᠤᠢ᠂ ᠭᠠᠤᠯᠢᠨ ᠰᠠᠭᠤᠯᠭ᠎ᠠ ᠪᠤᠢ᠂ ᠡᠨᠡ ᠨᠢ | ᠡᠩ ᠤᠨ ᠦᠨᠢᠶ᠎ᠡ ᠰᠠᠭᠠᠳᠠᠭ ᠰᠠᠭᠤᠯᠠᠭ᠎ᠠ ᠠᠴᠠ ᠶᠡᠭᠡ᠂ ᠡᠨᠡᠰᠠᠭᠤᠯᠠᠭᠠ ᠪᠣᠯ ᠮᠦᠨ ᠤᠤᠯ ᠠᠴᠠ ᠪᠠᠨ ᠪᠠᠶᠢᠭᠰᠠᠨ᠃ | ᠪᠠᠰᠠ ᠨᠢᠭᠡ ᠨᠣᠮᠤ ᠰᠤᠮᠤ ᠪᠤᠢ᠂ ᠲᠡᠷᠡ ᠴᠤ ᠤᠤᠯ ᠠᠴᠠ ᠪᠠᠨ ᠪᠠᠶᠢᠭᠰᠠᠨ᠃ ᠨᠡᠩ ᠦᠨᠡᠳᠡᠢ ᠵᠦᠢᠯ ᠪᠣᠯ《 | ᠴᠢᠩᠭᠢᠰ ᠤᠨ ᠲᠠᠬᠢᠯᠭ᠎ᠠ ᠶᠢᠨ ᠰᠤᠳᠤᠷ ᠣᠷᠣᠰᠢᠪᠠᠢ》᠂《 ᠴᠢᠩᠭᠢᠰ ᠤᠨ ᠴᠠᠳᠢᠭ ᠣᠷᠣᠰᠢᠪᠠᠢ》 ᠭᠡᠬᠦ ᠬᠤᠶᠠᠷ | ᠰᠤᠳᠤᠷ ᠨᠤᠮᠤ ᠪᠣᠯ ᠶᠡᠷᠦ ᠨᠢ ᠠᠳᠡ ᠬᠠᠳᠠᠭᠠᠯᠠᠭᠳᠠᠵᠤ ᠪᠠᠶᠢᠭᠰᠠᠨ᠃ | ᠡᠭᠦᠨ ᠢ ᠦᠪᠦᠷ ᠮᠤᠩᠭᠤᠯ ᠤᠨ ᠰᠢᠨᠵᠢᠯᠡᠬᠦ ᠤᠬᠠᠭᠠᠨ ᠤ ᠬᠦᠷᠢᠶᠡᠯᠡᠩ ᠳᠤ ᠲᠡᠷᠡ ᠶᠣᠰᠤᠭᠠᠷ ᠨᠢ ᠬᠠᠳᠠᠭᠠᠯᠠᠵᠤ | ᠪᠤᠢ᠂ ᠲᠤᠷᠤᠩᠭᠠ ᠨᠣᠮ ᠳᠠᠭᠠᠨ ᠲᠡᠪᠲᠡᠷᠯᠡᠵᠦ ᠭᠠᠷᠭᠠᠭᠰᠠᠨ᠃ ᠲᠠᠬᠢᠭᠠᠳ ᠬᠡᠯᠡᠪᠡᠯ ᠭᠠᠳᠠᠷ ᠲᠠᠯ᠎ᠠ ᠳᠤ ᠪᠢᠴᠢᠭ ᠤᠨ | ᠬᠠᠳᠠ ᠭᠡᠵᠦ ᠪᠤᠢ᠃ ᠲᠡᠷᠡ ᠦᠶ᠎ᠡ ᠳᠤ ᠬᠠᠰᠠᠷ ᠤᠨ ᠲᠠᠬᠢᠯᠭ᠎ᠠ ᠶᠢᠨ ᠣᠯᠠᠨ ᠵᠦᠢᠯ ᠤᠨ ᠶᠠᠭᠤᠮ᠎ᠠ ᠳᠠᠭᠤᠤ᠂ ᠰᠢᠯᠦᠭ | ᠂ ᠢᠷᠦᠭᠡᠯ ᠮᠠᠭᠲᠠᠭᠠᠯ᠂ ᠤᠩᠰᠢᠯᠭ᠎ᠠ ᠰᠠᠩ᠂ ᠲᠡᠤᠬᠡ ᠨᠠᠮᠲᠠᠷ ᠪᠣᠯ ᠪᠦᠷ ᠪᠢᠴᠢᠭ ᠤᠨ ᠬᠠᠳᠠᠨ ᠳᠤ ᠬᠠᠳᠠᠭᠠᠯᠠᠭᠳᠠᠵᠤ | ᠪᠠᠶᠢᠭᠰᠠᠨ᠃ | ᠦᠷᠭᠦᠭᠡ ᠶᠢᠨ ᠬᠢᠨᠢ ᠪᠦᠷᠢᠶᠡᠰᠦ ᠶᠢ ᠪᠣᠯ ᠭᠤᠷᠪᠠᠨ ᠵᠢᠯ ᠳᠤ ᠨᠢᠭᠡ ᠤᠳᠠᠭ᠎ᠠ ᠰᠣᠯᠢᠨ᠎ᠠ᠃ ᠡᠨᠡ ᠰᠣᠯᠢᠭᠰᠠᠨ | ᠪᠦᠷᠢᠶᠡᠰᠦ ᠪᠠᠷ ᠢᠶᠠᠨ ᠨᠣᠮ ᠰᠤᠳᠤᠷ ᠢᠶᠠᠨ ᠪᠦᠳᠡᠭᠡᠵᠦ ᠲᠠᠯᠪᠢᠳᠠᠭ᠃ ᠭᠤᠷᠪᠠᠨ ᠵᠢᠯ ᠳᠤ ᠨᠢᠭᠡ ᠰᠤᠯᠢᠬᠤ ᠪᠣᠯᠭᠠᠨ | ᠲᠡᠷᠡ ᠭᠠᠵᠠᠷ ᠲᠠᠯᠪᠢᠵᠦ᠂ ᠪᠤᠰᠤᠳ ᠭᠠᠵᠠᠷ ᠬᠠᠶᠠᠵᠦ ᠪᠣᠯᠬᠤ ᠦᠭᠡᠢ᠃ ᠢᠰᠡᠭᠡᠢ ᠪᠣᠯ ᠤᠰᠤᠨ ᠳᠤ ᠳᠠᠭᠠᠭᠠᠴᠠᠳᠠᠢ᠃ | ᠵᠤᠵᠠᠭᠠᠨ ᠪᠣᠯᠣᠭᠠᠳ ᠢᠷᠡᠬᠦ ᠳᠤ ᠪᠤᠷᠤᠭᠠᠨ ᠤ ᠤᠰᠤ ᠨᠡᠪᠳᠡᠷᠡᠬᠦ ᠦᠭᠡᠢ ᠪᠣᠯᠳᠠᠭ᠃ ᠬᠠᠰᠠᠷ ᠤᠨ ᠪᠢᠴᠢᠭ ᠤᠨ | ᠬᠠᠳᠠᠨ ᠳᠤ ᠪᠠᠶᠢᠭ᠎ᠠ ᠨᠣᠮ ᠰᠤᠳᠤᠷ ᠲᠡᠷᠡ ᠴᠢᠭ ᠢᠶᠠᠷ ᠢᠶᠠᠨ ᠰᠠᠶᠢᠬᠠᠨ ᠬᠠᠳᠠᠭᠠᠯᠠᠭᠳᠠᠵᠤ ᠪᠠᠶᠢᠨ᠎ᠠ᠃ | ᠰᠤᠳᠤᠷ ᠤᠨ ᠬᠠᠳᠠ ᠪᠣᠯ ᠪᠠᠰᠠ ᠳᠤᠷᠠᠰᠬᠠᠯᠳᠤ ᠵᠦᠢᠯ ᠤᠨ ᠦᠯᠡᠳᠡᠭᠳᠡᠯ ᠳᠤ ᠣᠷᠣᠵᠣ ᠪᠣᠯᠣᠨ᠎ᠠ᠃ | ᠲᠣᠭᠤᠭᠠᠴᠢ ᠶᠢᠨ ᠪᠤᠯᠠᠭ ᠲᠡᠷᠡ ᠬᠡᠪ ᠢᠶᠠᠷ ᠢᠶᠠᠨ ᠪᠤᠢ᠂ ᠲᠡᠨᠳᠡ ᠪᠠᠰᠠ ᠨᠢᠭᠡ ᠪᠠᠯᠪᠠᠷᠬᠠᠢ ᠬᠠᠰᠠᠭ ᠪᠤᠢ᠂ ᠲᠡᠭᠦᠨ ᠢ | ᠬᠠᠰᠠᠷ ᠤᠨ ᠲᠠᠬᠢᠯᠭ᠎ᠠ ᠶᠢᠨ ᠦᠶ᠎ᠡ ᠳᠤ ᠠᠷᠭᠠᠯ ᠲᠡᠭᠦᠬᠦ ᠪᠤᠶᠤ ᠪᠦᠷᠢᠶᠡᠰᠦ ᠪᠠᠨ ᠲᠡᠭᠡᠭᠡᠬᠦ ᠳᠤ ᠬᠡᠷᠡᠭᠯᠡᠵᠦ ᠪᠠᠶᠢᠭᠰᠠᠨ | ᠭᠡᠳᠡᠭ᠃ | ᠬᠠᠰᠠᠷ ᠢ ᠰᠤᠳᠤᠯᠬᠤ ᠳᠤ ᠲᠡᠭᠦᠨ ᠤ ᠦᠯᠢᠭᠡᠷ ᠲᠡᠤᠬᠡ ᠪᠤᠢ᠂ ᠭᠠᠷ ᠲᠤ ᠬᠠᠳᠠᠭᠠᠯᠠᠭᠳᠠᠵᠤ ᠦᠯᠡᠳᠡᠭᠰᠡᠨ | ᠶᠠᠭᠤᠮ᠎ᠠ ᠪᠠᠰᠠ ᠪᠤᠢ᠃ ᠪᠠᠰᠠ ᠨᠢᠭᠡ ᠡᠮᠡᠭᠡᠯ ᠪᠣᠢ᠂ ᠰᠠᠭᠤᠳᠠᠯ ᠨᠢ ᠶᠡᠭᠡ᠂ ᠡᠩ ᠤᠨ ᠡᠮᠡᠭᠡᠯ ᠲᠠᠢ ᠲᠠᠭᠠᠷᠠᠬᠤ ᠦᠭᠡᠢ | ᠃ ᠡᠳᠡᠭᠡᠷ ᠵᠦᠢᠯ ᠪᠣᠯ ᠬᠠᠰᠠᠷ ᠤᠨ ᠲᠠᠬᠢᠯᠭ᠎ᠠ ᠶᠢ ᠲᠠᠬᠢᠬᠤ ᠦᠶ᠎ᠡ ᠳᠤ ᠬᠡᠷᠡᠭᠯᠡᠵᠦ᠂ ᠬᠤᠵᠢᠮ ᠰᠤᠳᠤᠯᠬᠤ ᠳᠤ | ᠬᠡᠷᠡᠭᠴᠡᠭᠡ ᠲᠠᠢ᠂ ᠶᠠᠭᠤ ᠪᠤᠯᠤᠭᠰᠠᠨ ᠴᠤ ᠤᠯᠠᠮᠵᠢᠯᠠᠬᠤ ᠵᠦᠢᠯ ᠪᠠᠰᠠ ᠪᠤᠢ᠂ ᠬᠤᠳᠠᠯ ᠬᠡᠶᠢᠰᠪᠦᠷᠢ ᠦᠭᠡᠷ᠎ᠡ ᠪᠤᠷᠬᠠᠨ | ᠲᠠᠬᠢᠯᠭ᠎ᠠ ᠲᠠᠢ ᠠᠳᠠᠯᠢ ᠦᠭᠡᠢ᠃ | ᠬᠠᠰᠠᠷ ᠤᠨ ᠲᠠᠬᠢᠯᠭ᠎ᠠ ᠪᠣᠯ ᠶᠡᠭᠡ ᠴᠢᠬᠤᠯᠠ ᠦᠨ᠎ᠡ ᠦᠷᠲᠡᠭ ᠲᠠᠢ᠂ ᠲᠡᠤᠬᠡ ᠶᠢᠨ ᠤᠯᠠᠮᠵᠢᠯᠠᠯ ᠲᠠᠢ ᠰᠤᠶᠤᠯ | ᠪᠠᠶᠢᠭ᠎ᠠ ᠶᠤᠮ᠃ ᠲᠡᠶᠢᠮᠦ ᠳᠡᠭᠡᠨ ᠬᠠᠰᠠᠷ ᠤᠨ ᠲᠠᠬᠢᠯᠭ᠎ᠠ ᠶᠢᠨ ᠰᠤᠶᠤᠯ ᠢ ᠮᠠᠨ ᠤ ᠬᠤᠶᠢᠴᠢ ᠦᠶ᠎ᠡ ᠳᠡᠭᠡᠨ | ᠤᠯᠠᠮᠵᠢᠯᠠᠵᠤ ᠬᠦᠭᠵᠢᠬᠦᠯᠬᠦ ᠴᠢᠬᠤᠯᠠᠳᠠᠢ᠃ | 《 ᠪᠤᠭᠤᠳᠤ ᠶᠢᠨ ᠲᠡᠤᠬᠡᠨ ᠳᠠᠬᠢ ᠨᠡᠷᠡᠲᠦ ᠬᠦᠮᠦᠰ 》 ᠠᠴᠠ ᠪᠠᠭᠤᠯᠭᠠᠪᠠ |