| ᠡᠵᠡᠨ ᠲᠦᠷᠦ ᠶᠢᠨ ᠠᠰᠢᠭ ᠲᠤᠰᠠ ᠶᠢ ᠲᠡᠷᠢᠭᠦᠨ ᠪᠠᠶᠢᠷᠢᠨ ᠳᠤ ᠲᠠᠯᠪᠢᠵᠤ᠂ ᠲᠦᠭᠰᠢᠭᠦᠷᠢᠳᠦ | ᠮᠦᠴᠡ ᠳᠤ ᠠᠮᠢ ᠪᠡᠶ᠎ᠡ ᠪᠠᠨ ᠴᠦᠯᠡᠳᠡᠭ᠂ ᠪᠠᠭ᠎ᠠ ᠶᠢ ᠲᠡᠪᠴᠢᠵᠦ᠂ ᠶᠡᠭᠡ ᠶᠢ ᠬᠠᠷᠠᠭᠠᠯᠵᠡᠨ᠂ ᠡᠶ᠎ᠡ ᠪᠦᠯᠬᠦᠮᠳᠡᠯ ᠢ | ᠡᠷᠬᠢᠮᠯᠡᠳᠡᠭ᠃ ᠪᠤᠳᠠᠳᠠᠢ ᠳᠤ ᠬᠠᠨᠳᠤᠨ᠂ ᠲᠡᠭᠷᠢ ᠶᠢᠨ ᠵᠠᠶᠠᠭ᠎ᠠ ᠭᠡᠬᠦ ᠦᠵᠡᠯᠳᠡ ᠶᠢ ᠰᠡᠵᠢᠭᠯᠡᠨ᠂ ᠬᠦᠮᠦᠨ ᠤ ᠬᠦᠴᠦ | ᠤᠬᠠᠭᠠᠨ ᠢ ᠢᠳᠡᠭᠡᠭᠦ ᠦᠵᠡᠯ ᠰᠠᠨᠠᠭ᠎ᠠ ᠪᠣᠯ ᠬᠠᠰᠠᠷ ᠤᠨ ᠭᠤᠣᠯ ᠦᠵᠡᠯ ᠰᠠᠨᠠᠭ᠎ᠠ ᠪᠣᠯᠤᠨ᠎ᠠ᠃ | ᠴᠢᠩᠭᠢᠰ ᠪᠣᠯ ᠡᠷᠳᠡᠨ ᠤ ᠪᠦᠬᠡ ᠶᠢᠨ ᠱᠠᠰᠢᠨ ᠢ ᠰᠢᠳᠦᠳᠡᠭ᠃ ᠨᠡᠩ ᠢᠯᠡᠩᠭᠤᠶ᠎ᠠ ᠮᠡᠩᠭᠡᠯᠢᠭ ᠡᠴᠢᠭᠡ | ᠶᠢᠨ ᠬᠦᠦ ᠬᠦᠭᠡᠴᠦ ᠪᠦᠬᠡ ᠲᠡᠭᠷᠢ ᠶᠢ ᠲᠦᠯᠦᠭᠡᠯᠡᠵᠦ ᠦᠭᠡ ᠶᠠᠷᠢᠳᠠᠭ᠂ ᠶᠠᠭᠤ ᠶᠠᠷᠢᠯ᠎ᠠ ᠴᠤ ᠲᠡᠭᠦᠨ ᠤ | ᠵᠢᠭᠠᠪᠤᠷᠢ ᠪᠠᠷ ᠪᠣᠯᠳᠠᠭ᠃ ᠴᠢᠩᠭᠢᠰ ᠪᠣᠯ ᠡᠭᠦᠨ ᠢ ᠢᠳᠡᠭᠡᠨ᠎ᠡ᠃ ᠬᠡᠪᠡᠴᠦ ᠬᠠᠰᠠᠷ ᠪᠣᠯ ᠢᠩᠭᠢᠵᠦ ᠦᠵᠡᠳᠡᠭ | ᠦᠭᠡᠢ᠃ ᠬᠦᠭᠡᠴᠦ ᠪᠦᠬᠡ ᠲᠡᠭᠷᠢ ᠪᠤᠷᠬᠠᠨ ᠢ ᠠᠰᠢᠭᠯᠠᠨ ᠴᠤᠤᠷᠬᠠᠯ ᠲᠠᠷᠬᠠᠭᠠᠭᠠᠳ ᠠᠷᠪᠢᠨ ᠮᠠᠭᠤ ᠶᠠᠪᠤᠳᠠᠯ | ᠬᠢᠭᠰᠡᠨ ᠪᠤᠯᠬᠤᠷ ᠬᠠᠰᠠᠷ ᠪᠣᠯ ᠬᠦᠮᠦᠨ ᠭᠡᠳᠡᠭ ᠶᠠᠭᠤᠮ᠎ᠠ ᠴᠢᠨᠢ ᠬᠦᠴᠦ ᠴᠢᠳᠠᠯ᠂ ᠲᠡᠭᠷᠢ ᠭᠡᠳᠡᠭ ᠶᠠᠭᠤᠮ᠎ᠠ ᠴᠢᠨᠢ | ᠴᠠᠯᠴᠢᠶ᠎ᠠ᠂ ᠬᠦᠮᠦᠨ ᠢ ᠮᠡᠬᠡᠯᠡᠭᠰᠡᠨ ᠶᠠᠭᠤᠮ᠎ᠠ ᠬᠡᠵᠦ ᠦᠵᠡᠳᠡᠭ᠃ ᠲᠡᠶᠢᠮᠦ ᠳᠡᠭᠡᠨ ᠶᠧᠯᠢᠤᠢ ᠴᠦᠽᠠᠢ ᠮᠡᠳᠦ ᠶᠢᠨ | ᠬᠦᠮᠦᠰ ᠤᠳ ᠲᠠᠢ ᠮᠡᠷᠭᠤᠯᠳᠤᠵᠦ ᠦᠩᠭᠡᠷᠡᠭᠰᠡᠨ ᠪᠠᠶᠢᠨ᠎ᠠ᠃ | ᠬᠦᠮᠦᠨ ᠤ ᠪᠠᠶᠢᠷᠢ ᠶᠢ ᠲᠡᠷᠢᠭᠦᠨ ᠳᠤ ᠲᠠᠯᠪᠢᠳᠠᠭ᠃ ᠬᠦᠮᠦᠨ ᠪᠣᠯ ᠦᠪᠡᠷ ᠢᠶᠠᠨ ᠴᠢᠳᠠᠯ ᠲᠠᠢ᠂ | ᠤᠬᠠᠭᠠᠨ ᠲᠠᠢ᠂ ᠦᠪᠡᠷ ᠢᠶᠠᠨ ᠡᠵᠡᠨ ᠪᠣᠯᠵᠤ ᠴᠢᠳᠠᠨ᠎ᠠ ᠬᠡᠵᠦ ᠦᠵᠡᠳᠡᠭ᠃ ᠡᠭᠦᠨ ᠳᠡᠭᠡᠷ᠎ᠡ ᠴᠢᠩᠭᠢᠰ ᠬᠠᠭᠠᠨ ᠤ | ᠲᠡᠭᠷᠢ ᠶᠢᠨ ᠦᠵᠡᠯᠳᠡ ᠲᠠᠢ ᠵᠦᠷᠢᠶᠡᠨ ᠲᠠᠢ᠂ ᠲᠡᠶᠢᠮᠦ ᠳᠡᠭᠡᠨ ᠴᠢᠩᠭᠢᠰ ᠬᠠᠭᠠᠨ ᠳᠤ ᠶᠡᠭᠡ ᠵᠢᠮᠡᠯᠡᠭᠳᠡᠵᠦ ᠪᠠᠶᠢᠪᠠ᠃ | ᠬᠡᠪᠡᠴᠦ ᠬᠠᠮᠤᠭ ᠤᠨ ᠰᠡᠭᠦᠯ ᠳᠡᠭᠡᠨ ᠴᠢᠩᠭᠢᠰ ᠬᠠᠭᠠᠨ ᠲᠡᠭᠦᠦ ᠶᠢᠨ ᠢᠶᠠᠨ ᠦᠵᠡᠯ ᠰᠠᠨᠠᠭ᠎ᠠ ᠶᠢ ᠬᠦᠯᠢᠶᠡᠵᠦ | ᠠᠪᠤᠭᠠᠳ᠂ ᠰᠡᠭᠦᠯ ᠳᠤᠨᠢ ᠬᠦᠬᠡᠴᠦ ᠪᠦᠬᠡ ᠶᠢ ᠠᠯᠠᠭᠰᠠᠨ ᠪᠠᠶᠢᠨ᠎ᠠ᠃ ᠡᠶᠢᠮᠦ ᠠᠴᠠ ᠪᠠᠨ ᠪᠣᠷᠦ ᠪᠦᠳᠦᠭᠦᠯᠢᠭ | ᠪᠣᠳᠠᠰᠴᠢ ᠬᠤᠪᠢᠰᠣᠩᠭᠤᠢ ᠦᠵᠡᠯ ᠰᠠᠨᠠᠭ᠎ᠠ ᠪᠣᠯ ᠮᠤᠩᠭᠤᠯ ᠤᠨ ᠳᠡᠭᠡᠷ᠎ᠡ ᠦᠶ᠎ᠡ ᠶᠢᠨ ᠢᠵᠠᠭᠤᠷᠳᠠᠨ ᠬᠠᠪᠤᠳᠤ | ᠬᠠᠰᠠᠷ ᠠᠴᠠ ᠡᠬᠢᠯᠡᠭᠡᠳ ᠰᠣᠶᠣᠭᠠᠯᠠᠵᠣ ᠪᠠᠶᠢᠭᠰᠠᠨ ᠭᠡᠵᠦ ᠦᠵᠡᠨ᠎ᠡ᠃ ᠲᠡᠷᠡ ᠦᠶ᠎ᠡ ᠠᠴᠠ ᠪᠠᠨ ᠮᠤᠩᠭᠤᠯᠴᠤᠳ | ᠮᠣᠩᠬᠠᠭ ᠪᠢᠰᠢᠷᠠᠯ ᠢ ᠲᠡᠶᠢᠮᠦ ᠬᠦᠨᠳᠦᠳᠭᠡᠬᠦ ᠦᠭᠡᠢ᠂ ᠤᠴᠢᠷ ᠦᠭᠡᠢ ᠲᠠᠬᠢᠵᠦ ᠰᠢᠳᠦᠬᠦ ᠪᠤᠷᠬᠠᠨ ᠬᠡᠵᠦ ᠪᠠᠶᠢᠳᠠᠭ | ᠦᠭᠡᠢ᠂ ᠠᠶᠤᠵᠤ ᠡᠮᠢᠶᠡᠬᠦ ᠴᠢᠳᠭᠦᠷ ᠰᠢᠮᠨᠤ ᠪᠠᠶᠢᠳᠠᠭ ᠦᠭᠡᠢ᠃ ᠲᠡᠶᠢᠮᠦ ᠠᠴᠠ ᠮᠤᠩᠭᠤᠯ ᠬᠦᠮᠦᠨ ᠪᠣᠯ | ᠬᠠᠮᠢᠭᠠᠰᠢ ᠪᠠᠨ ᠪᠣᠯ ᠬᠠᠮᠢᠭᠠᠰᠢ ᠪᠠᠨ ᠳᠠᠶᠢᠯᠠᠭᠠᠳ ᠯᠠ ᠶᠠᠪᠤᠨ᠎ᠠ ᠂ ᠦᠭᠡᠷ᠎ᠡ ᠦᠨᠳᠦᠰᠦᠳᠡᠨ ᠰᠢᠭ ᠡᠳᠦᠷ ᠰᠤᠳᠤᠷ | ᠦᠵᠡᠨ ᠰᠠᠶᠢᠨ ᠮᠠᠭᠤ ᠡᠳᠦᠷ ᠭᠡᠬᠦ ᠶᠤᠮ ᠪᠣᠯ ᠳᠠᠶᠢᠨ ᠬᠢᠬᠦ ᠶᠢᠨ ᠠᠷᠭ᠎ᠠ ᠭᠡᠵᠦ ᠦᠭᠡᠢ᠂ ᠬᠠᠮᠢᠭ᠎ᠠ ᠪᠣᠯ ᠬᠠᠮᠢᠭ᠎ᠠ | ᠬᠦᠮᠦᠨ ᠢᠶᠠᠨ ᠦᠬᠦᠪᠡᠯ ᠣᠷᠣᠰᠢᠭᠤᠯᠤᠭᠠᠳ ᠯᠠ ᠶᠠᠪᠤᠳᠠᠭ᠂ ᠶᠠᠪᠤᠳᠠᠭ ᠢᠶᠠᠷ ᠢᠶᠠᠨ ᠶᠠᠪᠤᠭᠠᠳ ᠯᠠ ᠪᠠᠶᠢᠳᠠᠭ᠂ ᠡᠨᠡ | ᠦᠵᠡᠯ ᠰᠠᠨᠠᠭ᠎ᠠ ᠶᠢ ᠬᠠᠪᠤᠳᠤ ᠬᠠᠰᠠᠷ ᠤᠨ ᠲᠡᠭᠷᠢ ᠬᠦᠮᠦᠨ ᠤ ᠪᠠᠶᠢᠷᠢ ᠶᠢ ᠵᠣᠬᠢᠰᠳᠡᠢ ᠪᠠᠶᠢᠷᠢᠯᠠᠭᠤᠯᠳᠠᠭ ᠦᠵᠡᠯ | ᠰᠠᠨᠠᠭ᠎ᠠ ᠠᠴᠠ ᠢᠷᠡᠯᠳᠡᠢ ᠬᠡᠵᠦ ᠦᠵᠡᠳᠡᠭ᠃ ᠲᠡᠶᠢᠮᠦ ᠠᠴᠠ ᠮᠤᠩᠭᠤᠯ ᠬᠦᠮᠦᠨ ᠪᠣᠯ ᠡᠷᠡᠯᠭᠡᠭ ᠪᠠᠭᠠᠳᠤᠷᠯᠢᠭ | ᠪᠠᠶᠢᠳᠠᠭ᠃ | ᠬᠠᠰᠠᠷ᠂ ᠲᠡᠭᠷᠢ ᠬᠦᠮᠦᠨ ᠤ ᠪᠠᠶᠢᠷᠢ ᠶᠢ ᠵᠤᠬᠢᠰᠳᠡᠢ ᠪᠠᠷ ᠪᠠᠶᠢᠷᠢᠯᠠᠭᠤᠯᠵᠤ᠂ ᠪᠣᠷᠦ ᠪᠦᠳᠦᠭᠦᠯᠢᠭ | ᠪᠣᠳᠠᠰᠴᠢ ᠬᠤᠪᠢᠰᠤᠩᠭᠤᠢ ᠦᠵᠡᠯ ᠰᠠᠨᠠᠭ᠎ᠠ ᠶᠢ ᠲᠡᠷᠡ ᠦᠶ᠎ᠡ ᠠᠴᠠ ᠰᠣᠶᠣᠭᠠᠯᠠᠭᠤᠯᠵᠤ ᠣᠯᠠᠨ ᠲᠦᠮᠡᠨ ᠳᠤ | ᠬᠦᠮᠦᠵᠢᠯ ᠦᠭᠭᠦᠭᠰᠡᠨ᠂ ᠡᠨᠡ ᠨᠢᠭᠡ ᠲᠠᠯ᠎ᠠ ᠨᠢ ᠬᠠᠰᠠᠷ ᠤᠨ ᠬᠤᠶᠢᠴᠢ ᠦᠶ᠎ᠡ ᠳᠤ ᠤᠯᠠᠮᠵᠢᠯᠠᠵᠤ ᠪᠠᠳᠠᠷᠠᠭᠤᠯᠵᠤ | ᠶᠠᠪᠤᠬᠤ ᠴᠢᠬᠤᠯᠠᠳᠠᠢ ᠡᠶᠢᠮᠦ ᠨᠢᠭᠡ ᠦᠵᠡᠯ ᠰᠠᠨᠠᠭ᠎ᠠ ᠪᠠᠶᠢᠨ᠎ᠠ᠃ ᠠᠷᠪᠢᠨ ᠬᠦᠮᠦᠨ᠂ ᠮᠠᠨ ᠤ ᠮᠤᠩᠭᠤᠯ ᠤᠨ | ᠲᠡᠭᠡᠳᠦᠰ ᠪᠣᠯ ᠦᠰᠦᠭ ᠰᠤᠶᠤᠯ ᠦᠭᠡᠢ᠂ ᠪᠠᠯᠠᠷ ᠪᠠᠯᠠᠢ ᠦᠨᠳᠦᠰᠦᠳᠡᠨ ᠭᠡᠳᠡᠭ᠃ ᠪᠢ ᠡᠨᠡ ᠦᠵᠡᠯᠳᠡ ᠶᠢᠨ | ᠣᠭᠳᠤ ᠵᠦᠪᠰᠢᠶᠡᠷᠡᠬᠦ ᠦᠭᠡᠢ᠃ ᠲᠡᠷᠡ ᠦᠶ᠎ᠡ ᠳᠤ ᠮᠤᠩᠭᠤᠯ ᠤᠨ ᠬᠠᠵᠠᠭᠤ ᠳᠤ ᠨᠠᠢᠮᠡᠨ ᠠᠶᠢᠮᠠᠭ ᠪᠠᠶᠢᠵᠤ᠂ | ᠮᠤᠩᠭᠤᠯ ᠶᠢᠨ ᠬᠡᠷᠡᠶᠢᠳ ᠠᠶᠢᠮᠠᠭ ᠪᠣᠯ ᠲᠡᠷᠡ ᠦᠶ᠎ᠡ ᠳᠤ ᠶᠡᠭᠡ ᠰᠤᠶᠤᠯ ᠲᠠᠢ ᠪᠤᠯᠤᠭᠰᠠᠨ ᠰᠢᠤ᠂ ᠮᠤᠩᠭᠤᠯ ᠤᠨ | ᠪᠤᠰᠤᠳ ᠠᠶᠢᠮᠠᠭ ᠤᠳ ᠲᠡᠳᠡᠨ ᠲᠠᠢ ᠡᠬᠢᠯᠡᠭᠡᠳ ᠵᠠᠬ᠎ᠠ ᠬᠢᠵᠠᠭᠠᠷ ᠨᠡᠶᠢᠯᠡᠵᠦ ᠪᠠᠶᠢᠬᠤ ᠦᠶ᠎ᠡ ᠳᠤ ᠪᠦᠷ ᠲᠡᠷᠡ | ᠰᠤᠶᠤᠯᠵᠢᠭᠰᠠᠨ ᠤᠯᠤᠰ ᠤᠨ ᠨᠦᠯᠦᠭᠡ ᠶᠢ ᠪᠠᠰᠠ ᠬᠦᠷᠳᠡᠵᠦ ᠪᠠᠶᠢᠭᠰᠠᠨ᠃ ᠨᠡᠩ ᠢᠯᠠᠩᠭᠤᠶ᠎ᠠ ᠨᠠᠢᠮᠠᠨ ᠢ | ᠴᠣᠬᠢᠭᠠᠳ᠂ ᠨᠠᠢᠮᠡᠨ ᠳᠠᠶᠠᠨ ᠬᠠᠭᠠᠨ ᠤ ᠲᠠᠮᠠᠭᠠᠨ ᠲᠦᠰᠢᠮᠡᠯ ᠪᠠᠶᠢᠭᠰᠠᠨ ᠲᠠᠳᠠᠳᠤᠩᠭ᠎ᠠ ᠶᠢ ᠬᠠᠰᠠᠷ ᠪᠠᠷᠢᠵᠤ | ᠠᠪᠤᠭᠠᠳ᠂ ᠲᠠᠳᠠᠳᠤᠩᠭ᠎ᠠ ᠠᠴᠠ ᠴᠢᠨᠤ ᠡᠨᠡ ᠴᠢᠨᠢ ᠶᠠᠭᠤ ᠪᠤᠢ ᠭᠡᠰᠡᠨ ᠳᠤ ᠲᠠᠳᠠᠳᠤᠩᠭ᠎ᠠ᠄《 ᠮᠢᠨᠤ ᠡᠨᠡ ᠪᠣᠯ | ᠲᠠᠮᠠᠭ᠎ᠠ᠂ ᠲᠠᠮᠠᠭᠠᠯᠠᠬᠤ ᠦᠢᠯᠡᠳᠣᠯ ᠲᠠᠢ᠂ ᠲᠠᠬᠢᠭᠠᠳ ᠪᠣᠯ ᠶᠠᠮᠠᠷ ᠶᠠᠮᠠᠷ ᠦᠰᠦᠭ ᠬᠡᠵᠦ ᠪᠠᠶᠢᠳᠠᠭ᠂ ᠡᠨᠡ ᠪᠣᠯ | ᠣᠶᠢᠭᠤᠷ ᠦᠰᠦᠭ》 ᠭᠡᠵᠦ ᠲᠠᠶᠢᠯᠪᠤᠷᠢᠯᠠᠵᠤ ᠦᠭᠭᠦᠭᠰᠡᠨ ᠳᠤ᠂ ᠬᠠᠰᠠᠷ ᠪᠣᠯ ᠡᠨᠡ ᠬᠦᠮᠦᠨ ᠡᠶᠢᠮᠦ ᠶᠠᠭᠤᠮ᠎ᠠ | ᠠᠪᠴᠤ ᠶᠠᠪᠤᠵᠤ ᠪᠠᠶᠢᠨ᠎ᠠ ᠶᠡᠭᠡ ᠬᠡᠷᠡᠭ ᠲᠠᠢ ᠶᠠᠭᠤᠮ᠎ᠠ ᠪᠠᠶᠢᠨ᠎ᠠ ᠬᠡᠵᠦ ᠲᠠᠳᠠᠳᠤᠩᠭ᠎ᠠ ᠶᠢ ᠠᠬ᠎ᠠ ᠳᠠᠭᠠᠨ᠂ ᠴᠢᠩᠭᠢᠰ | ᠬᠠᠭᠠᠨ ᠳᠠᠭᠠᠨ ᠠᠪᠠᠴᠢᠵᠤ ᠲᠤᠰᠢᠶᠠᠭᠰᠠᠨ᠃ | ᠰᠢᠬᠢᠬᠤᠳᠤᠭ᠂ ᠬᠠᠰᠠᠷ ᠦᠪᠡᠷ ᠤᠨ ᠬᠡᠷᠡᠭ ᠶᠠᠪᠤᠳᠠᠯ ᠢᠶᠠᠨ ᠦᠰᠦᠭ ᠪᠢᠴᠢᠭ ᠢᠶᠠᠷ《 ᠬᠦᠬᠡ | ᠰᠤᠳᠤᠷ》 ᠲᠤ ᠲᠡᠮᠳᠡᠭᠯᠡᠵᠦ ᠲᠠᠯᠪᠢᠬᠤ ᠳᠤ ᠦᠰᠦᠭ ᠪᠢᠴᠢᠭ ᠮᠡᠳᠡᠬᠦ ᠦᠭᠡᠢ ᠪᠣᠯ ᠶᠠᠭᠠᠬᠢᠵᠦ ᠲᠡᠮᠳᠡᠭᠯᠡᠨ᠎ᠡ᠂ | ᠲᠡᠶᠢᠮᠦ ᠠᠴᠠ ᠪᠠᠨ ᠬᠠᠰᠠᠷ ᠪᠣᠯ ᠲᠡᠷᠡ ᠦᠶ᠎ᠡ ᠳᠤ ᠪᠢᠴᠢᠭ ᠮᠡᠳᠡᠨ᠎ᠡ᠂ ᠰᠤᠶᠤᠯ ᠲᠠᠢ᠃ ᠮᠤᠩᠭᠤᠯ ᠬᠦᠮᠦᠨ ᠪᠣᠯ | ᠲᠡᠷᠡ ᠦᠶ᠎ᠡ ᠠᠴᠠ ᠡᠬᠢᠯᠡᠭᠡᠳ ᠦᠰᠦᠭ ᠪᠢᠴᠢᠭ ᠵᠠᠷᠤᠵᠤ ᠪᠠᠶᠢᠭᠰᠠᠨ᠂ ᠬᠡᠷᠡᠭᠯᠡᠵᠦ ᠪᠠᠶᠢᠭᠰᠠᠨ᠂ ᠲᠡᠶᠢᠮᠦ | ᠪᠣᠯᠬᠤᠷ1240 ᠣᠨ ᠤ ᠦᠶ᠎ᠡ ᠳᠤ《 ᠮᠤᠩᠭᠤᠯ ᠤᠨ ᠨᠢᠭᠤᠴᠠ ᠲᠤᠪᠴᠢᠶᠠᠨ》 ᠮᠤᠩᠭᠤᠯ ᠬᠡᠯᠡ ᠪᠠᠷ ᠢᠶᠠᠨ | ᠪᠢᠴᠢᠭᠳᠡᠵᠦ ᠭᠠᠷᠤᠭᠰᠠᠨ᠃ ᠲᠡᠶᠢᠮᠦ ᠠᠴᠠ ᠮᠠᠨ ᠤ ᠮᠤᠩᠭᠤᠯ ᠬᠦᠮᠦᠨ ᠪᠣᠯ ᠲᠡᠷᠡ ᠦᠶ᠎ᠡ ᠳᠤ ᠦᠰᠦᠭ ᠪᠢᠴᠢᠭ ᠲᠠᠢ | ᠪᠣᠯᠤᠭᠰᠠᠨ ᠭᠡᠳᠡᠭ ᠢ ᠬᠠᠷᠠᠭᠤᠯᠵᠤ ᠪᠠᠶᠢᠨ᠎ᠠ᠃ | ᠲᠡᠭᠦᠨ ᠠᠴᠠ ᠡᠮᠦᠨ᠎ᠡ 1225 ᠣᠨ ᠳᠤ ᠶᠢᠰᠦᠩᠭᠡ ᠶᠢᠨ ᠬᠠᠷᠪᠤᠯᠭ᠎ᠠ ᠶᠢ ᠮᠠᠭᠳᠠᠵᠤ᠂ ᠴᠢᠩᠭᠢᠰ | ᠬᠠᠭᠠᠨ ᠤ ᠴᠢᠯᠠᠭᠤᠨ ᠪᠢᠴᠢᠭ ᠢ ᠪᠢᠴᠢᠭᠰᠡᠨ ᠪᠠᠶᠢᠳᠠᠭ᠃ ᠡᠨᠡ ᠴᠢᠨᠢ ᠪᠠᠰᠠ ᠣᠶᠢᠭᠤᠷᠵᠢᠨ ᠮᠤᠩᠭᠤᠯ ᠦᠰᠦᠭ ᠢᠶᠠᠷ | ᠪᠢᠴᠢᠭᠰᠡᠨ ᠃ ᠵᠠ᠂ ᠴᠢᠯᠠᠭᠤᠨ ᠪᠢᠴᠢᠭ ᠴᠤ ᠪᠣᠯᠤᠭ᠂《 ᠮᠤᠩᠭᠤᠯ ᠤᠨ ᠨᠢᠭᠤᠴᠠ ᠲᠣᠪᠴᠢᠶᠠᠨ》 ᠴᠤ ᠪᠣᠯᠤᠭ᠂ | 《 ᠬᠦᠬᠡ ᠰᠤᠳᠤᠷ》 ᠴᠤ ᠪᠣᠯᠤᠭ᠂ ᠲᠡᠷᠡ ᠦᠶ᠎ᠡ ᠠᠴᠠ ᠡᠬᠢᠯᠡᠭᠡᠳ ᠮᠤᠩᠭᠤᠯᠴᠤᠳ ᠤᠨ ᠰᠤᠶᠤᠯᠵᠢᠭᠰᠠᠨ | ᠵᠠᠮ ᠢ ᠬᠠᠪᠤᠳᠤ ᠬᠠᠰᠠᠷ ᠲᠠᠢ ᠬᠤᠯᠪᠤᠨ ᠦᠨᠡᠯᠡᠵᠦ ᠪᠣᠯᠤᠨ᠎ᠠ᠃ ᠡᠨᠡ ᠪᠣᠯ ᠬᠠᠰᠠᠷ ᠢ ᠰᠢᠳᠦᠵᠦ ᠪᠢᠰᠢᠷᠡᠵᠦ | ᠰᠤᠳᠤᠯᠬᠤ ᠴᠢᠬᠤᠯᠠᠳᠠᠢ ᠠᠰᠠᠭᠤᠳᠠᠯ ᠪᠣᠯᠣᠨ᠎ᠠ᠃ | | ᠢᠷᠡᠯᠲᠡ᠄ 《 ᠪᠤᠭᠤᠳᠤ ᠶᠢᠨ ᠲᠡᠤᠬᠡᠨ ᠳᠠᠬᠢ ᠨᠡᠷᠡᠲᠦ ᠬᠦᠮᠦᠰ 》 |