ᠶᠢᠨ ︵ᠠᠯᠲᠠᠨ︶ ᠤᠯᠤᠰ ᠲᠤ ᠶᠡᠬᠡᠬᠡᠨ ᠰᠦᠷᠲᠡᠭᠦᠯᠦᠯ ᠪᠤᠯᠵᠤ ᠪᠠᠶᠢᠭᠰᠠᠨ ᠢ ︽ ᠶᠢᠨ ᠤᠯᠤᠰ ᠤᠨ ᠲᠠᠤᠬᠡᠨ | ︾ ᠠᠴᠠ ᠮᠡᠲᠡᠨ᠎ᠠ᠃ ᠠᠯᠲᠠᠨ ᠤᠯᠤᠰ ᠤᠨ ᠬᠤᠶᠠᠲᠤᠭᠠᠷ ᠦᠶ᠎ᠡ ᠶᠢᠨ ᠬᠠᠭᠠᠨ ᠲᠡᠶᠢᠽᠦ᠋ᠩ ︵1123–1135 | ᠤᠨ ᠳᠤ︶ ᠨᠢ ᠲᠤᠬᠠᠢ ᠶᠢᠨ ᠦᠶ᠎ᠡ ᠳᠤ ᠦᠪᠡᠷᠦᠨ ᠡᠷᠬᠡ ᠬᠦᠴᠦᠨ ᠢᠶᠠᠨ ᠪᠡᠬᠡᠵᠢᠭᠦᠯᠵᠤ ᠠᠭᠰᠠᠨ ᠮᠤᠩᠭᠤᠯ ᠤᠨ | ᠦᠠᠲᠦᠷᠯᠢᠭ ᠤᠨ ᠶᠡᠬᠡᠩᠬᠢ ᠬᠡᠰᠡᠭ ᠢ ᠲᠠᠭᠠᠭᠤᠯᠪᠠ᠃ ᠲᠠᠷᠠᠭᠠᠬᠢ ᠬᠠᠭᠠᠨ ᠤ ᠦᠶ᠎ᠡ ᠳᠤ ᠪᠡᠶ᠎ᠡ ᠪᠠᠨ ᠬᠠᠮᠠᠭᠠᠯᠠᠬᠤ | ᠲᠠᠶᠢᠨ ᠬᠢᠬᠦ ᠪᠤᠶᠤ ᠡᠰᠡᠬᠦᠯ᠎ᠠ ᠠᠯᠪᠠ ᠪᠠᠷᠢᠴᠠ ᠦᠭᠬᠦ ᠠᠴᠠ ᠦᠭᠡᠷ᠎ᠡ ᠠᠷᠭ᠎ᠠ ᠦᠭᠡᠢ ᠪᠤᠯᠵᠤ ᠢᠷᠡᠵᠠᠢ᠃ | ᠮᠤᠩᠭᠤᠯᠴᠤᠳ ᠲᠤᠪᠲᠤᠯᠤᠨ ᠤᠷᠤᠬᠤ ᠪᠤᠯᠭᠠᠨ ᠬᠢᠲᠡᠳ ᠪᠠ ᠭᠢᠲᠡᠨ ᠤ ᠡᠷᠡᠭᠲᠡᠢ ᠡᠮᠡᠭᠲᠡᠢ ᠵᠠᠯᠠᠭᠤᠰ ᠢ ᠲᠠᠭᠠᠭᠤᠯᠤᠨ | ᠠᠪᠴᠢᠷᠴᠵᠤ ᠲᠡᠲᠡᠨ ᠯᠦᠭᠡ ᠤᠷᠤᠭ ᠪᠤᠯᠤᠯᠴᠠᠲᠠᠭ ᠪᠠᠶᠢᠪᠠ᠃ | ᠴᠢᠩᠭᠢᠰ ᠤᠨ ᠲᠡᠭᠡᠲᠤᠰ ᠪᠤᠷᠵᠢᠭᠢᠨ ᠤᠪᠤᠭᠲᠠᠨ ᠬᠠᠪᠤᠯ ᠬᠠᠭᠠᠨ ᠪᠤᠯ ᠤᠯᠠᠮ ᠨᠢᠭᠡ ᠠᠯᠬᠤᠮ ᠲᠠᠪᠰᠢᠵᠤ ︽ | ᠶᠡᠭᠡ ᠮᠤᠩᠭᠤᠯ ᠣᠯᠣᠰ︾ ᠢ ᠪᠠᠶᠢᠭᠤᠯᠤᠭᠠᠳ ᠡᠯ᠎ᠡ ᠮᠤᠩᠭᠤᠯ ᠠᠶᠢᠮᠠᠭ ᠤᠳ ᠢ ᠡᠷᠬᠡᠨ ᠳᠡᠭᠡᠨ ᠤᠷᠤᠭᠤᠯᠤᠭᠰᠠᠨ | ᠶᠤᠮ᠃ ᠬᠠᠪᠤᠯ ᠪᠤᠯ ᠤᠭ ᠲᠠᠭᠠᠨ ᠠᠯᠲᠠᠨ ᠤᠯᠤᠰ ᠤᠨ ᠰᠢᠽᠦ᠋ᠩ ᠬᠠᠭᠠᠨ ᠤ ᠮᠠᠲᠠᠯ ᠳᠤ ᠪᠠᠶᠢᠭᠰᠠᠨ ᠬᠦᠮᠦᠨ | ᠪᠤᠯᠪᠠᠴᠤ ᠬᠤᠵᠢᠮ ᠨᠢ ᠲᠡᠭᠦᠨ ᠤ ᠡᠰᠡᠷᠭᠦ ᠬᠠᠨᠲᠤᠵᠤ ᠪᠠᠶᠢᠯᠲᠤᠭᠰᠠᠨ ᠬᠡᠷᠡᠭ ᠪᠠᠶᠢᠪᠠ᠃ ᠲᠡᠮᠡᠢ ᠤᠲᠠᠯ ᠦᠭᠡᠢ | ᠡᠶᠡᠲᠡᠬᠡᠳ ᠠᠯᠲᠠᠨ ᠤ ᠲᠦᠷᠤ ᠳᠤ ᠲᠠᠭᠠᠷ᠎ᠠ ᠤᠷᠤᠭᠰᠠᠨ ᠪᠤᠯᠪᠠᠴᠤ᠂ ᠠᠯᠲᠠᠨ ᠤᠯᠤᠰ ᠲᠠᠭᠦᠨ ᠢ ᠢᠲᠡᠭᠡᠬᠦ ᠦᠭᠡᠢ᠂ | ᠬᠢᠨᠡᠨ ᠵᠠᠬᠢᠷᠤᠭᠴᠢ ᠪᠠᠨ ᠬᠠᠪᠤᠯ ᠤᠨ ᠤᠷᠲᠤᠨ᠎ᠠ ᠲᠤᠮᠢᠯᠡᠨ ᠰᠠᠭᠤᠯᠭᠠᠪᠠ᠃ ᠭᠡᠲᠡᠯ᠎ᠡ ᠬᠠᠪᠤᠯ ᠲᠡᠭᠦᠨ ᠢ ᠠᠯᠠᠭᠠᠳ | ᠲᠠᠬᠢᠨ ᠪᠠᠶᠢᠯᠲᠤᠭᠠᠨ ᠡᠭᠦᠰᠭᠡᠪᠡ᠃ ᠡᠨᠠ ᠦᠶ᠎ᠡ ᠳᠤ ᠠᠯᠲᠠᠨ ᠤᠯᠤᠰ ᠲᠠᠲ᠋ᠠᠷ ᠢ ᠬᠠᠪᠤᠯ ᠤᠷᠤᠭᠤ ᠲᠤᠬᠢᠪᠠ᠃ | ᠪᠠᠶᠢᠯᠲᠤᠭᠠᠨ ᠤ ᠲᠤᠮᠲᠠ ᠬᠠᠪᠤᠯ ᠦᠬᠦᠵᠤ᠂ ᠦᠶᠡᠯᠡᠳ ᠲᠠᠭᠦᠤ ᠠᠮᠪᠠᠭᠠᠢ ᠲᠡᠭᠦᠨ ᠤ ᠡᠷᠬᠡ ᠶᠢ ᠵᠠᠯᠭᠠᠮᠵᠢᠯᠠᠪᠠ᠃ | ᠪᠠᠶᠢᠯᠲᠤᠭᠠᠨ ᠵᠠᠪᠰᠠᠷᠯᠠᠬᠤ ᠦᠶ᠎ᠡ ᠳᠤ᠂ ᠲᠠᠲ᠋ᠠᠷ ᠤᠳ ᠠᠮᠪᠠᠭᠠᠢ ᠶᠢ ᠮᠡᠬᠡᠯᠡᠨ ᠪᠠᠷᠢᠭᠠᠳ ᠲᠠᠭᠦᠨ ᠤ | ᠦᠶᠡᠯᠡᠳ ᠠᠬ᠎ᠠ ᠦᠬᠢᠨᠪᠠᠷᠬᠠᠭ ᠯᠤᠭ᠎ᠠ ᠨᠢ ᠬᠠᠮᠲᠤ ᠠᠯᠲᠠᠨ ᠤᠯᠤᠰ ᠲᠤ ᠬᠦᠷᠭᠡᠵᠠᠢ᠃ ᠠᠯᠲᠠᠨ ᠤᠯᠤᠰ ᠤᠨ | ᠬᠠᠭᠠᠨ ᠨᠢ ᠲᠡᠲᠡᠨᠠᠷ ᠢ ᠮᠤᠲᠤᠨ ᠡᠯᠵᠢᠭᠡᠨ ᠳᠤ ᠬᠠᠲᠠᠵᠤ ᠠᠯᠠᠭᠰᠠᠨ ᠭᠡᠲᠡᠭ᠃ | ᠨᠠᠶᠢᠷᠠᠭᠤᠯᠤᠭᠴᠢ᠄ ᠠᠶᠢᠮᠸᠢ |