ᠡᡁᠦ᠋ᠩᠨᠥ ᠬᠠᠭᠠᠨᠳᠤ ᠤᠯᠤᠰ ᠤᠨ ᠨᠤᠳᠤᠭ ᠳᠡᠪᠢᠰᠭᠡᠷ ᠵᠢᠴᠢ ᠰᠤᠶᠤᠯ ᠢᠷᠭᠡᠨᠰᠢᠯ ᠤᠨ ᠳᠤᠬᠠᠢ
ᠨᠡᠶᠢᠲᠡᠯᠡᠭᠰᠡᠨ ᠴᠠᠭ᠄
2018/10/30
     ᠡᡁᠦ᠋ᠩᠨᠥ ᠪᠤᠯ ᠮᠤᠩᠭᠤᠯ ᠤᠨ ᠦᠨᠳᠦᠷᠯᠢᠭ ᠲᠤ ᠠᠩᠬᠠᠨ ᠤ ᠬᠠᠭᠠᠨᠳᠤ ᠤᠯᠤᠰ ᠢ ᠪᠠᠶᠢᠭᠤᠯᠤᠭᠰᠠᠨ ᠮᠤᠩᠭᠤᠯ ᠬᠡᠯᠡᠳᠤ ᠨᠡᠬᠦᠳᠡᠯᠴᠢᠨ ᠦᠨᠳᠤᠰᠤᠳᠡᠨ ᠶᠤᠮ᠃ ᠲᠡᠳᠠ ᠨᠠᠷ ᠮᠤᠩᠭᠤᠯ ᠤᠨ ᠦᠨᠳᠦᠷᠯᠢᠭ ᠤᠨ ᠵᠡᠬᠦᠨ ᠬᠡᠰᠡᠭ ᠤᠨ ᠲᠡᠥᠬᠡᠨ ᠠᠬᠢᠴᠠ ᠶᠢ ᠬᠦᠨᠵᠡᠭᠡᠢ ᠨᠦᠯᠤᠭᠡᠯᠡᠭᠰᠡᠨ ᠪᠠᠶᠢᠳᠠᠭ᠃ ᠲᠤᠬᠠᠢ ᠶᠢᠨ ᠦᠶ᠎ᠠ ᠳᠤ᠂ ᠡᡁᠦ᠋ᠩᠨᠥ ᠨᠢ ᠮᠤᠩᠭᠤᠯ ᠤᠨ ᠦᠨᠳᠦᠷᠯᠢᠭ ᠤᠨ ᠲᠤᠮᠳᠠ ᠬᠡᠰᠡᠭ ᠢ ᠡᠵᠡᠯᠡᠵᠤ᠂ ᠳ᠋ᠦᠩᠬᠤ ᠨᠢ ᠮᠤᠩᠭᠤᠯ ᠤᠨ ᠦᠨᠳᠦᠷᠯᠢᠭ ᠤᠨ ᠵᠡᠬᠦᠨ ᠬᠡᠰᠡᠭ ᠪᠤᠯᠤᠨ ᠮᠠᠨᠵᠤ ᠶᠢᠨ ᠪᠠᠷᠠᠭᠤᠨ ᠬᠡᠰᠡᠭ ᠢ ᠡᠵᠡᠯᠡᠵᠤ ᠪᠠᠶᠢᠪᠠ᠃      ᠡᡁᠦ᠋ᠩᠨᠥ ᠬᠠᠭᠠᠨᠳᠤ ᠤᠯᠤᠰ ᠺᠠᠽᠠᠭᠰᠲ᠋ᠠᠨ ᠠᠴᠠ ᠬᠠᠷᠠᠮᠦ᠋ᠷᠠᠨ ᠬᠦᠷᠳᠡᠯᠡᠬᠢ ᠦᠷᠭᠡᠨ ᠠᠭᠤᠳᠠᠮ ᠨᠤᠳᠤᠭ ᠲᠡᠪᠢᠰᠭᠡᠷ ᠢ ᠨᠢᠭᠡᠳᠭᠡᠵᠤ᠂ ᠮᠤᠩᠭᠤᠯ ᠤᠨ ᠦᠨᠳᠦᠷᠯᠢᠭ ᠲᠤ ᠲᠠᠩ ᠭᠠᠭᠴᠠ ᠰᠤᠶᠤᠯ ᠪᠦᠷᠢᠯᠳᠤᠨ ᠲᠤᠭᠳᠠᠬᠤ ᠶᠢ ᠠᠬᠢᠭᠤᠯᠤᠭᠰᠠᠨ ᠢᠶᠠᠷ ᠪᠠᠷᠠᠬᠤ ᠦᠭᠡᠢ᠂ ᠮᠤᠩᠭᠤᠯ ᠤᠨ ᠦᠨᠳᠦᠷᠯᠢᠭ ᠤᠨ ᠨᠡᠬᠦᠳᠡᠯᠴᠢᠨ ᠠᠷᠠᠳ ᠲᠦᠮᠡᠨ ᠢ ᠠᠽᠢᠶ᠎ᠠ ᠡᠸᠦ᠋ᠷᠥᠫᠠ ᠶᠢ ᠰᠤᠨᠳᠠᠯᠠᠭᠰᠠᠨ ᠤᠯᠤᠰ ᠲᠦᠷᠥ ᠶᠢᠨ ᠲᠤᠭᠳᠠᠯᠴᠠᠭ᠎ᠠ ᠶᠢᠨ ︽ᠠᠶᠤᠮᠰᠢᠭᠳᠤ ᠬᠦᠴᠤᠨ︾ ᠪᠤᠯᠭᠠᠨ ᠪᠡᠯᠡᠳᠭᠡᠵᠤ᠂ ᠡᠬᠦᠨ ᠤ ᠤᠯᠠᠮ ᠢᠶᠠᠷ ᠠᠽᠢᠶ᠎ᠠ ᠡᠸᠦ᠋ᠷᠤᠫᠠ ᠶᠢᠨ ᠲᠠᠯ᠎ᠠ ᠨᠤᠳᠤᠭ ᠨᠢ ᠡᠨᠡᠬᠦ ᠰᠦᠷ ᠬᠦᠴᠤᠨ ᠤ ᠠᠤᠭ᠎ᠠ ᠶᠡᠭᠡ ᠨᠦᠯᠤᠭᠡ ᠠᠴᠠ ᠮᠤᠯᠳᠤᠷᠠᠵᠤ ᠶᠡᠷᠥ ᠴᠢᠳᠠᠭᠰᠠᠨ ᠦᠭᠡᠢ᠃ ᠡᡁᠦ᠋ᠩᠨᠥ ᠬᠠᠭᠠᠨᠳᠤ ᠤᠯᠤᠰ ᠨᠢ ᠨᠡᠬᠦᠳᠡᠯᠴᠢᠨ ᠦᠨᠳᠤᠰᠤᠳᠡᠨ ᠤ ᠤᠯᠠᠮᠵᠢᠯᠠᠯ ᠢ ᠲᠤᠭᠳᠠᠭᠠᠭᠰᠠᠨ ᠪᠠ ᠡ᠊ᠨᠡ ᠨᠢ ᠴᠢᠨ ᠬᠠᠭᠠᠨᠳᠤ ᠤᠯᠤᠰ ᠬᠢᠳᠠᠳ ᠦᠨᠳᠤᠰᠤᠳᠡᠨ ᠤ ᠤᠯᠠᠮᠵᠢᠯᠠᠯ ᠢ ᠲᠤᠭᠳᠠᠭᠠᠭᠰᠠᠨ ᠲᠠᠢ ᠠᠳᠠᠯᠢ᠂ ᠭᠷᠧᠭ — ᠷᠤᠮᠠ ᠨᠢ ᠦᠷᠤᠨᠡᠳᠡᠬᠢᠨ ᠤ ᠰᠤᠶᠤᠯ ᠢᠷᠭᠡᠨᠰᠢᠯ ᠤᠨ ᠤᠯᠠᠮᠵᠢᠯᠠᠯ ᠢ ᠲᠤᠭᠳᠠᠭᠠᠭᠰᠠᠨ ᠯᠤᠭ᠎ᠠ ᠠᠳᠠᠯᠢ ᠶᠤᠮ᠃ ᠮᠤᠩᠭᠤᠯ ᠤᠯᠤᠰ ᠤᠨ ᠤᠯᠠᠭᠠᠨᠪᠠᠭᠠᠳᠤᠷ ᠬᠤᠳᠠ ᠠᠴᠠ ᠤᠮᠠᠷᠠᠰᠢ 100 ᠺᠢᠯᠤᠮᠧᠲᠷ ᠵᠠᠶᠢᠳᠠᠢ ᠪᠠᠶᠢᠭ᠎ᠠ ᠨᠤᠶᠠᠨ ᠠᠭᠤᠯᠠ ᠡᡁᠦ᠋ᠩᠨᠥ ᠶᠢᠨ ᠪᠤᠯᠠᠰᠢ ᠶᠢᠨ ᠰᠦᠷᠥᠭᠵᠢᠯ ᠪᠤᠯ ᠡᡁᠦ᠋ᠩᠨᠥ ᠶᠢᠨ ᠰᠤᠶᠤᠯ ᠢ ᠰᠤᠳᠤᠯᠬᠤ ᠭᠤᠯᠤᠮᠳᠠ ᠨᠤᠳᠤᠭ ᠪᠤᠯᠵᠤ ᠪᠤᠢ᠃ 1924 ᠤᠨ ᠳᠤ ᠤᠷᠢᠳᠤ ᠶᠢᠨ ᠵᠦᠪᠯᠡᠯ ᠤᠨ ᠬᠠᠭᠤᠴᠢ ᠰᠤᠳᠤᠯᠤᠭᠴᠢ ᠺᠧᠰᠷᠦ᠋ᠸᠧ ᠪᠠᠶᠢᠴᠠᠭᠠᠯᠳᠠ ᠶᠢᠨ ᠪᠦᠯᠬᠦᠮ ᠲᠠᠭᠠᠭᠤᠯᠤᠨ ᠠᠭᠤᠳᠠᠯᠤᠨ ᠰᠤᠳᠤᠯᠤᠭᠰᠠᠨ ᠪᠦᠭᠡᠳ ᠡᠳᠤᠭᠡ ᠪᠤᠯᠳᠠᠯ᠎ᠠ ᠨᠤᠶᠠᠨ ᠠᠭᠤᠯᠠ ᠠᠴᠠ ᠭᠤᠷᠪᠠᠨ ᠬᠡᠰᠡᠭ ᠡᡁᠦ᠋ᠩᠨᠥ ᠶᠢᠨ ᠪᠤᠯᠠᠰᠢ᠂ ᠪᠠᠷᠤᠭ 200 ᠤᠷᠴᠢᠮ ᠪᠤᠯᠠᠰᠢ ᠢᠯᠡᠷᠡᠬᠦᠯᠵᠠᠢ᠃ ᠮᠤᠩᠭᠤᠯ ᠤᠯᠤᠰ ᠤᠨ ᠬᠡᠨᠳᠠᠢ ᠠᠶᠢᠮᠠᠭ ᠤᠨ ᠪᠠᠶᠠᠨ ᠠᠳᠠᠷᠭ᠎ᠠ ᠰᠤᠮᠤ ᠶᠢᠨ ᠬᠢᠯᠢ ᠳᠠᠬᠢ ᠨᠡᠷᠠᠰᠤᠨ ᠤᠢ ᠳᠤ ᠮᠦᠨ 200 ᠭᠠᠷᠤᠢ ᠡᡁᠦ᠋ᠩᠨᠥ ᠶᠢᠨ ᠪᠤᠯᠠᠰᠢ ᠪᠤᠢ᠃ ᠨᠤᠶᠠᠨ ᠠᠭᠤᠯᠠ ᠶᠢᠨ ᠪᠤᠯᠠᠰᠢ ᠠᠴᠠ ᠤᠯᠠᠨ ᠤᠯᠠᠨ ᠬᠠᠭᠤᠴᠢ ᠰᠤᠶᠤᠯ ᠤᠨ ᠵᠦᠢᠯ ᠤᠯᠳᠠᠵᠠᠢ᠃ ᠲᠤᠬᠠᠢᠢᠯᠠᠪᠠᠯ᠂ ᠸᠠᠭᠠᠷ ᠰᠠᠪᠠ ᠬᠡᠷᠡᠭᠰᠡᠯ᠂ ᠬᠦᠷᠡᠯ ᠰᠠᠪᠠ ᠬᠡᠷᠡᠭᠰᠡᠯ᠂ ᠳ᠋ᠧᠩ᠂ ᠭᠡᠷ ᠤᠨ ᠡᠳ᠋ᠯᠡᠯ ᠵᠡᠷᠭᠡ ᠡᠳᠤᠷ ᠲᠤᠳᠤᠮ ᠤᠨ ᠬᠡᠷᠡᠭᠯᠡᠭᠡᠨ ᠤ ᠵᠦᠢᠯᠡᠰ︔ ᠨᠡᠬᠡᠮᠡᠯ ᠤᠨ ᠪᠠᠭᠠᠵᠢ ᠶᠢᠨ ᠬᠦᠷᠳᠤ ᠵᠡᠷᠭᠡ ᠦᠢᠯᠡᠳᠪᠤᠷᠢᠯᠡᠯ ᠤᠨ ᠬᠡᠷᠡᠭᠰᠡᠯ︔ ᠨᠤᠮᠤ ᠰᠤᠮᠤ᠂ ᠲᠠᠶᠠᠭ᠂ ᠤᠬᠤᠷ ᠰᠢᠳᠠᠮ ᠵᠡᠷᠭᠡ ᠵᠡᠪᠰᠡᠭ ᠪᠠᠭᠠᠵᠢ︔ ᠨᠤᠭᠳᠤ ᠬᠠᠵᠠᠭᠠᠷ᠂ ᠡᠮᠡᠭᠡᠯ ᠵᠡᠷᠭᠡ ᠮᠤᠷᠢᠨ ᠡᠳ᠋ᠯᠡᠯ︔ ᠮᠦᠬᠡᠷ᠂ ᠬᠡᠭᠡᠰᠤ ᠵᠡᠷᠭᠡ ᠲᠡᠷᠭᠡᠨ ᠤ ᠡᠳ᠋ᠯᠡᠯ︔ ᠨᠤᠤᠰᠤᠨ ᠲᠠᠩᠰᠠ᠂ ᠮᠠᠯᠠᠭᠠᠢ ᠤᠷᠳᠤ ᠲᠡᠪᠡᠯ᠂ ᠭᠤᠳᠤᠯ ᠵᠡᠷᠭᠡ ᠬᠤᠪᠴᠠᠰᠤ ᠬᠤᠨᠠᠷ︔ ᠲᠤᠪᠴᠢ᠂ ᠬᠠᠰ ᠢᠶᠠᠷ ᠬᠢᠭᠰᠡᠨ ᠴᠢᠮᠡᠭ ᠵᠠᠰᠠᠯ ᠤᠨ ᠡᠳ᠋ ᠭᠡᠬᠦ ᠮᠡᠳᠤ ᠶᠢᠨ ᠡᠳ᠋ ᠵᠦᠢᠯᠡᠰ ᠤᠯᠳᠠᠭᠰᠠᠨ ᠪᠦᠭᠡᠳ ᠡᠳᠡᠭᠡᠷ ᠠᠴᠠ ᠡᡁᠦ᠋ᠩᠨᠥ ᠶᠢᠨ ᠲᠡᠭᠡᠳᠤ ᠲᠠᠪᠬᠤᠷᠭᠠᠳᠠᠨ ᠤ ᠬᠦᠮᠤᠨ ᠪᠤᠯᠤᠨ ᠡᠭᠡᠯ ᠠᠷᠠᠳ ᠤᠨ ᠦᠢᠯᠡᠳᠪᠤᠷᠢᠯᠡᠯ ᠠᠮᠢᠳᠤᠷᠠᠯ ᠤᠨ ᠲᠦᠷᠰᠤ ᠪᠠᠶᠢᠳᠠᠯ ᠢ ᠦᠵᠡᠨ ᠭᠠᠷᠴᠤ ᠪᠤᠯᠤᠨ᠎ᠠ᠃ ᠶᠠᠫᠤᠨ᠂ ᠤᠷᠤᠰ᠂ ᠠᠮᠧᠷᠢᠺᠠ ᠶᠢᠨ ᠬᠠᠭᠤᠴᠢ ᠰᠤᠳᠤᠯᠤᠯ ᠤᠨ ᠡᠷᠳᠡᠮᠳᠠᠳ ᠨᠤᠶᠠᠨ ᠠᠭᠤᠯᠠ ᠶᠢᠨ ᠡᡁᠦ᠋ᠩᠨᠤ ᠶᠢᠨ ᠪᠤᠯᠠᠰᠢ ᠶᠢᠨ ᠰᠦᠷᠥᠭᠵᠢᠯ ᠪᠤᠯ ᠨᠡᠶᠢᠳᠠ ᠶᠢᠨ ᠤᠨ ᠲᠤᠭᠠᠯᠠᠯ ᠤᠨ ᠤᠷᠢᠳ ᠬᠤᠵᠢᠳ ᠦᠶ᠎ᠠ ᠶᠢᠨ ᠪᠤᠯᠤᠨ᠎ᠠ ᠭᠡᠵᠤ ᠰᠠᠨᠠᠯ ᠨᠢᠭᠡᠳᠠᠢ ᠦᠵᠡᠵᠤ ᠪᠤᠢ᠃ ᠨᠤᠶᠠᠨ ᠠᠭᠤᠯᠠ ᠭᠡᠵᠤ ᠨᠡᠷᠡᠯᠡᠭᠰᠡᠨ ᠠᠴᠠ ᠨᠢ ᠦᠵᠡᠬᠦ ᠳᠤ ᠴᠤ᠂ ᠡᡁᠦ᠋ᠩᠨᠥ ᠬᠠᠭᠠᠨᠳᠤ ᠤᠯᠤᠰ ᠠᠴᠠ ᠦᠶ᠎ᠠ ᠲᠠᠮᠵᠢᠨ ᠢᠷᠡᠭᠰᠡᠨ ᠮᠠᠯᠴᠢᠨ ᠠᠷᠠᠳ ᠡᠨᠡᠬᠦ ᠠᠭᠤᠯᠠᠨ ᠳᠤ ᠠᠭᠤᠥ ᠶᠡᠭᠡ ᠬᠦᠮᠤᠰ ᠨᠦᠢᠷᠰᠤᠵᠤ ᠪᠤᠢ ᠭᠡᠳᠡᠭ ᠢ ᠤᠬᠠᠮᠰᠠᠷᠯᠠᠨ ᠤᠢᠢᠯᠠᠭᠠᠭᠰᠠᠨ ᠶᠤᠮ᠃      2006 ᠤᠨ ᠳᠤ ᠵᠤᠬᠢᠶᠠᠭᠴᠢ ᠵᠠᠩ ᠳ᠋ᠧ ᠫᠢᠩ ᠲᠠᠢ ᠬᠠᠮᠳᠤ ︽ᠮᠤᠩᠭᠤᠯ ᠬᠠᠭᠠᠨᠳᠤ ᠤᠯᠤᠰ ᠪᠠᠶᠢᠭᠤᠯᠤᠭᠳᠠᠭᠰᠠᠨ 800 ᠵᠢᠯ ᠤᠨ ᠤᠯᠠᠨ ᠤᠯᠤᠰ ᠤᠨ ᠰᠤᠳᠤᠯᠤᠨ ᠶᠠᠷᠢᠯᠴᠠᠬᠤ ᠬᠤᠷᠠᠯ︾ ᠳᠤ ᠤᠷᠤᠯᠴᠠᠬᠤ ᠳᠠᠭᠠᠨ ᠪᠠᠶᠠᠨ ᠠᠳᠠᠷᠭ᠎ᠠ ᠰᠤᠮᠤ ᠳᠤ ᠬᠦᠷᠥᠭᠰᠡᠨ ᠶᠤᠮ᠃ ᠲᠤᠬᠠᠢ ᠶᠢᠨ ᠭᠠᠵᠠᠷ ᠤᠨ ᠮᠠᠯᠴᠢᠨ᠄ ︽ᠬᠤᠷᠢᠳᠤᠭᠠᠷ ᠵᠠᠭᠤᠨ ᠤ ᠶᠡᠷᠡᠭᠡᠳ ᠤᠨ ᠤ ᠡᠬᠢ ᠪᠠᠷ᠂ ᠮᠤᠩᠭᠤᠯ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠬᠠᠭᠤᠴᠢ ᠰᠤᠳᠤᠯᠤᠯ ᠤᠨ ᠡᠷᠳᠡᠮᠳᠡᠨ ᠡ᠊ᠨᠳᠠ ᠪᠠᠶᠢᠴᠠᠭᠠᠯᠳᠠ ᠬᠢᠵᠤ ᠦᠩᠭᠡᠷᠡᠪᠡ︾ ᠭᠡᠵᠤ ᠪᠢᠳᠠᠨ ᠳᠤ ᠶᠠᠷᠢᠵᠤ ᠪᠠᠶᠢᠪᠠ᠃ ᠤᠷᠤᠰ ᠤᠨ ᠬᠤᠯᠪᠤᠭᠠᠨ ᠤ ᠪᠦᠬᠦᠳᠠ ᠨᠠᠶᠢᠷᠠᠮᠳᠠᠬᠤ ᠪᠤᠷᠢᠶᠠᠳ ᠤᠯᠤᠰ ᠤᠨ ᠤᠯᠠᠭᠠᠨ ᠦᠳᠠ ᠬᠤᠳᠠ ᠠᠴᠠ ᠪᠠᠷᠠᠭᠤᠨ ᠡᠮᠤᠨᠡᠰᠢ 16 ᠺᠢᠯᠤᠮᠧᠳ᠋ᠷ ᠤᠨ ᠵᠠᠶᠢᠳᠠᠢ᠂ ᠰᠡᠯᠡᠩᠭᠡ ᠮᠦᠷᠡᠨ ᠤ ᠡᠷᠳᠡᠨ ᠤ ᠰᠠᠪᠠ ᠶᠢᠨ ᠵᠡᠬᠦᠨ ᠬᠦᠪᠡᠭᠡᠨ ᠲᠡᠭᠡᠷ᠎ᠠ ᠢᠷᠺᠥᠼᠺ ᠡᡁᠦ᠋ᠩᠨᠥ ᠶᠢᠨ ᠡᠷᠳᠡᠨ ᠤ ᠬᠤᠳᠠ ᠬᠢᠭᠡᠳ ᠪᠤᠯᠠᠰᠢ ᠪᠤᠢ᠃ 1928 ᠤᠨ ᠠᠴᠠ 1929 ᠤᠨ ᠳᠤ ᠵᠦᠪᠯᠡᠯᠳᠤ ᠶᠢᠨ ᠬᠠᠭᠤᠴᠢ ᠰᠤᠳᠤᠯᠤᠯ ᠤᠨ ᠡᠷᠳᠡᠮᠳᠡᠨ ᠰᠦᠸᠧᠰᠤᠨᠦ᠋ᠰᠺᠢ ᠶᠢᠨ ᠤᠳᠤᠷᠢᠳᠤᠭᠰᠠᠨ ᠪᠤᠷᠢᠶᠠᠳ — ᠮᠤᠩᠭᠤᠯ ᠤᠨ ᠬᠠᠶᠢᠨ ᠪᠠᠶᠢᠴᠠᠭᠠᠬᠤ ᠠᠩᠬᠢ ᠢᠷᠺᠦ᠋ᠼᠺ ᠤᠷᠤᠨ ᠳᠤ ᠶᠡᠭᠡ ᠬᠡᠮᠵᠢᠶᠡᠨ ᠤ ᠪᠠᠶᠢᠴᠠᠭᠠᠯᠳᠠ ᠬᠢᠪᠡ᠃ 1956 ᠤᠨ — 1970 ᠤᠨ ᠪᠤᠯᠳᠠᠯ᠎ᠠ ᠲᠤᠰ ᠭᠠᠵᠠᠷ ᠤᠷᠤᠨ ᠠᠴᠠ 216 ᠪᠤᠯᠠᠰᠢ ᠶᠢ ᠪᠠᠶᠢᠴᠠᠭᠠᠭᠰᠠᠨ ᠪᠠ 1995 ᠤᠨ᠂ 1996 ᠤᠨ ᠳᠤ ᠢᠷᠺᠦ᠋ᠼᠺ ᠬᠤᠳᠠ ᠶᠢᠨ ᠪᠠᠭᠤᠷᠢ᠂ ᠪᠤᠯᠠᠰᠢᠨ ᠤ ᠮᠡᠲ᠋ᠧᠷᠢᠶᠠᠯ ᠢ ᠪᠦᠬᠦᠨ ᠢ ᠬᠡᠪᠯᠡᠬᠦᠯᠤᠨ ᠭᠠᠷᠭᠠᠵᠠᠢ᠃ ᠲᠠᠳᠠ ᠨᠠᠷ ᠤᠨ ᠰᠤᠳᠤᠯᠭᠠᠨ ᠢ ᠦᠨᠳᠤᠰᠤᠯᠡᠪᠡᠯ᠂ ᠢᠷᠺᠦ᠋ᠼᠺ ᠤᠷᠤᠨ ᠤ ᠪᠤᠯᠠᠰᠢ ᠨᠢ ᠶᠡᠭᠡ ᠲᠦᠯᠥᠪ ᠪᠦᠮᠪᠤᠷᠢᠬᠡᠨ ᠬᠡᠯᠪᠡᠷᠢ ᠲᠠᠢ ᠴᠢᠯᠠᠭᠤ ᠵᠡᠷᠭᠡᠯᠡᠵᠤ ᠪᠠᠷᠢᠭᠰᠠᠨ ᠪᠤᠯᠠᠰᠢ᠂ ᠦᠬᠦᠭᠰᠡᠳ ᠢ ᠭᠠᠭᠴᠠ ᠭᠠᠭᠴᠠ ᠪᠠᠷ ᠪᠤᠯᠠᠰᠢᠯᠠᠬᠤ᠂ ᠦᠭᠡᠳᠠ ᠬᠠᠷᠠᠭᠤᠯᠤᠨ ᠪᠤᠯᠠᠰᠢᠯᠠᠬᠤ᠂ ᠲᠤᠯᠤᠭᠠᠢ ᠶᠢ ᠨᠢ ᠤᠮᠠᠷᠠᠰᠢ ᠬᠠᠨᠳᠤᠭᠤᠯᠤᠨ ᠪᠤᠯᠠᠰᠢᠯᠠᠬᠤ ᠮᠡᠳᠤ ᠶᠢᠨ ᠪᠠᠶᠢᠳᠠᠯ ᠲᠠᠢ᠃ ᠲᠠᠭᠠᠯᠳᠤᠭᠤᠯᠤᠨ ᠤᠷᠤᠰᠢᠭᠤᠯᠤᠭᠰᠠᠨ ᠪᠤᠳᠠᠰ ᠲᠤ᠂ ᠸᠠᠭᠠᠷ ᠰᠠᠪᠠ ᠮᠡᠳᠤ ᠶᠢᠨ ᠡᠯᠳᠡᠪ ᠡᠳ᠋ᠯᠡᠯ ᠬᠡᠷᠡᠭᠰᠡᠯ ᠪᠤᠢ᠃ ᠢᠷᠺᠦ᠋ᠼᠺ ᠤᠨ ᠬᠠᠭᠤᠴᠢ ᠪᠠᠭᠤᠷᠢ ᠠᠴᠠ ᠤᠯᠳᠠᠭᠰᠠᠨ ᠡᠳ᠋ ᠵᠦᠢᠯᠡᠰ ᠨᠢ ᠡᡁᠦ᠋ᠩᠨᠥ ᠶᠢᠨ ᠰᠤᠶᠤᠯ ᠤᠨ ᠤᠨᠴᠠᠯᠢᠭ ᠲᠠᠢ ᠨᠡᠶᠢᠴᠡᠵᠤ ᠪᠠᠶᠢᠳᠠᠭ ᠪᠤᠯᠬᠤᠷ ᠡᠷᠳᠡᠮᠳᠡᠳ ᠡᡁᠦ᠋ᠩᠨᠥ ᠶᠢᠨ ᠬᠠᠭᠤᠴᠢ ᠦᠯᠡᠳᠡᠭᠳᠡᠯ ᠭᠡᠵᠤ ᠰᠠᠨᠠᠯ ᠨᠢᠭᠡᠳᠠᠢ ᠦᠵᠡᠵᠤ ᠪᠠᠶᠢᠳᠠᠭ᠃ ᠢᠷᠺᠦ᠋ᠼᠺ ᠬᠤᠳᠠ ᠨᠢ ᠴᠡᠷᠢᠭ ᠲᠠᠶᠢᠨ ᠤ ᠰᠡᠷᠭᠡᠶᠢᠯᠡᠨ ᠬᠠᠮᠠᠭᠠᠯᠠᠯᠳᠠ ᠶᠢᠨ ᠰᠢᠨᠵᠢ ᠴᠢᠨᠠᠷ ᠲᠠᠢ ᠪᠠᠷ ᠪᠠᠷᠠᠬᠤ ᠦᠭᠡᠢ᠂ ᠲᠠᠷᠢᠶᠠᠯᠠᠩ᠂ ᠭᠠᠷ ᠤᠷᠠᠯᠠᠯ ᠤᠨ ᠦᠢᠯᠡᠳᠪᠤᠷᠢᠯᠡᠭᠴᠢᠳ ᠤᠨ ᠰᠠᠭᠤᠷᠢᠰᠢᠨ ᠠᠮᠢᠳᠤᠷᠠᠳᠠᠭ ᠭᠠᠵᠠᠷ ᠪᠠᠶᠢᠵᠠᠢ᠃ ᠲᠤᠰ ᠬᠤᠳᠠ ᠶᠢᠨ ᠢᠳᠡ ᠬᠦᠭᠵᠢᠯ ᠤᠨ ᠦᠶ᠎ᠠ ᠪᠤᠯ ᠨᠡᠶᠢᠳᠠ ᠶᠢᠨ ᠤᠨ ᠲᠤᠭᠠᠯᠠᠯ ᠠᠴᠠ ᠡᠮᠤᠨᠡᠬᠢ 100 ᠵᠢᠯ ᠤᠨ ᠡᠮᠤᠨ᠎ᠠ ᠬᠤᠶᠢᠨ᠎ᠠ ᠪᠦᠭᠡᠳ ᠦᠷᠤᠨᠡᠳᠡᠬᠢᠨ ᠳᠤ ᠪᠤᠯ ᠶᠠᠭ ᠷᠤᠮᠠ ᠬᠠᠭᠠᠨᠳᠤ ᠤᠯᠤᠰ ᠤᠨ ᠦᠶ᠎ᠠ ᠳᠤ ᠶᠤᠮ᠃ ᠨᠡᠶᠢᠳᠠ ᠶᠢᠨ ᠤᠨ ᠲᠤᠭᠠᠯᠠᠯ ᠠᠴᠠ ᠡᠮᠤᠨᠡᠬᠢ 100 ᠤᠨ ᠤ 3 ᠰᠠᠷ᠎ᠠ ᠳᠤ᠂ ᠬᠠᠨ ᠡᠥ ᠳ᠋ᠢ ᠬᠠᠭᠠᠨ ᠶᠡᠭᠡ ᠲᠦᠰᠢᠮᠡᠯ ᠰᠥ᠋ ᠡᠥ ᠪᠠᠨ ᠲᠤᠮᠢᠯᠠᠨ ᠴᠠᠩ ᠠᠨ ᠬᠤᠳᠠ ᠳᠤ ᠬᠡᠰᠡᠭ ᠬᠤᠭᠤᠴᠠᠭ᠎ᠠ ᠰᠠᠭᠤᠭᠰᠠᠨ ᠡᡁᠦ᠋ᠩᠨᠥ ᠶᠢᠨ ᠡᠯᠴᠢ ᠶᠢ ᠤᠯᠤᠰ ᠤᠷᠤᠭᠤ ᠨᠢ ᠦᠳᠡᠨ ᠮᠤᠷᠳᠠᠭᠤᠯᠤᠭᠰᠠᠨ ᠪᠠᠶᠢᠵᠠᠢ᠃ ᠬᠠᠨ ᠡᠥ ᠳ᠋ᠢ ᠬᠠᠭᠠᠨ ᠪᠠᠰᠠ ᠡᡁᠦ᠋ᠩᠨᠥ ᠶᠢᠨ ᠬᠠᠭᠠᠨ ᠳᠤ ᠡᠳᠤᠢ ᠲᠡᠳᠤᠢ ᠪᠡᠯᠡᠭ ᠰᠠᠯᠳᠠ ᠶᠠᠪᠤᠭᠤᠯᠵᠠᠢ᠃ ᠬᠠᠷᠢᠨ ᠰᠥ᠋ ᠡᠥ ᠶᠠᠭᠤ ᠪᠤᠳᠤᠵᠤ ᠪᠠᠶᠢᠭᠰᠠᠨ ᠢ ᠪᠤᠥ ᠮᠡᠳᠡ︕ ᠰᠥ᠋ ᠡᠥ ᠲᠤᠥᠷᠠᠬᠢ ᠬᠦᠮᠤᠰ ᠬᠢᠭᠡᠳ ᠠᠯᠢ ᠬᠡᠳᠦ᠋ᠢᠨᠠᠢ ᠡᡁᠦ᠋ᠩᠨᠥ ᠳᠤ ᠪᠠᠭᠤᠵᠤ ᠦᠭᠬᠦᠭᠰᠡᠨ ᠬᠢᠳᠠᠳ ᠬᠦᠮᠤᠰ ᠲᠠᠢ ᠪᠠᠨ ᠬᠤᠯᠪᠤᠭᠠᠯᠠᠨ ᠲᠦᠷᠥ ᠶᠢᠨ ᠬᠤᠪᠢᠰᠤᠯ ᠭᠠᠷᠭᠠᠵᠤ᠂ ᠡᡁᠦ᠋ᠩᠨᠥ ᠶᠢᠨ ᠬᠠᠭᠠᠨ ᠢ ᠲᠦᠯᠬᠢᠨ ᠤᠨᠠᠭᠠᠬᠤ ᠭᠡᠵᠤ ᠤᠷᠤᠯᠳᠤᠪᠠ᠃ ᠭᠡᠪᠡᠴᠤ ᠬᠡᠷᠡᠭ ᠨᠢ ᠯᠡᠪᠡᠷᠡᠵᠤ ᠰᠥ᠋ ᠡᠥ ᠪᠠᠷᠢᠪᠴᠢᠯᠠᠭᠳᠠᠭᠰᠨ ᠢᠶᠠᠷ ︽ᠰᠥ᠋ ᠡᠥ ᠬᠤᠨᠢ ᠬᠠᠷᠢᠭᠤᠯᠤᠭᠰᠠᠨ︾ ᠭᠡᠮᠡᠬᠦ ᠦᠯᠢᠭᠡᠷ ᠡᠬᠦᠰᠴᠤ᠂ ᠢᠷᠺᠦ᠋ᠼᠺ ᠬᠤᠳᠠ ᠶᠢᠨ ᠭᠡᠷᠡᠯ ᠰᠠᠴᠤᠷᠠᠩᠭᠤᠢ ᠤᠨ ᠵᠢᠯ ᠤᠳ ᠲᠤ ᠤᠨᠴᠠ ᠶᠢᠨ ᠰᠤᠨᠢᠷᠬᠠᠯ ᠲᠠᠢ ᠨᠢᠭᠡ ᠦᠩᠭᠡ ᠪᠤᠳᠤᠭ ᠨᠡᠮᠡᠷᠢᠯᠡᠭᠰᠡᠨ ᠠᠵᠤᠭᠤ᠃ ᠢᠷᠺᠦ᠋ᠼᠺ ᠬᠤᠳᠠ ᠶᠢᠨ ᠪᠠᠭᠤᠷᠢ ᠨᠢ ᠡᡁᠦ᠋ᠩᠨᠥ ᠶᠢᠨ ᠵᠠᠬ᠎ᠠ ᠬᠢᠵᠠᠭᠠᠷ ᠤᠨ ᠰᠤᠶᠤᠯ ᠭᠡᠳᠡᠭ ᠪᠤᠯ᠂ ᠬᠠᠭᠤᠴᠢ ᠰᠤᠳᠤᠯᠤᠯ ᠤᠨ ᠤᠬᠠᠭᠳᠠᠬᠤᠨ ᠲᠡᠭᠡᠷᠡᠬᠢ ᠡᡁᠦ᠋ᠩᠨᠥ ᠶᠢᠨ ᠰᠤᠶᠤᠯ ᠤᠨ ᠭᠤᠯᠤᠮᠳᠠ ᠭᠠᠵᠠᠷ ᠨᠢ ᠬᠠᠮᠢᠭ᠎ᠠ ᠪᠠᠶᠢᠬᠤ ᠪᠤᠢ︖ ᠬᠡᠯᠡᠯᠭᠡᠨ ᠦᠭᠡᠢ ᠨᠤᠶᠠᠨ ᠠᠭᠤᠯᠠ ᠤᠷᠤᠨ ᠪᠤᠯᠤᠨ᠎ᠠ᠃ ᠡᡁᠦ᠋ᠩᠨᠥ ᠬᠦᠮᠤᠨ ᠢ ᠰᠠᠶᠢᠨ ᠤᠢᠢᠯᠠᠭᠠᠵᠤ᠂ ᠡᡁᠦ᠋ᠩᠨᠥ ᠰᠤᠶᠤᠯ ᠢ ᠰᠠᠶᠢᠨ ᠮᠡᠳᠡᠵᠤ᠂ ᠮᠠᠨᠳᠤᠨ ᠪᠠᠳᠠᠷᠠᠭᠰᠠᠨ ᠡᡁᠦ᠋ᠩᠨᠥ ᠬᠠᠭᠠᠨᠳᠤ ᠤᠯᠤᠰ ᠢ ᠪᠦᠬᠦ ᠲᠠᠯ᠎ᠠ ᠪᠠᠷ ᠤᠢᠢᠯᠠᠭᠠᠬᠤ ᠶᠢᠨ ᠠᠨᠢᠰᠤ ᠪᠤᠯ ᠨᠤᠶᠠᠨ ᠠᠭᠤᠯᠠ ᠤᠷᠤᠨ ᠪᠤᠯᠤᠨ᠎ᠠ᠃      ᠨᠡᠶᠢᠳᠠ ᠶᠢᠨ ᠤᠨ ᠲᠤᠭᠠᠯᠠᠯ ᠠᠴᠠ ᠡᠮᠤᠨᠡᠬᠢ ᠨᠢᠭᠡᠳᠤᠭᠡᠷ ᠵᠠᠭᠤᠨ ᠤ ᠲᠤᠥᠷᠠᠳᠤ ᠬᠠᠭᠠᠰ ᠤᠨ ᠦᠶ᠎ᠠ ᠪᠠᠷ ᠨᠡᠬᠦᠳᠡᠯᠴᠢᠨ ᠦᠨᠳᠤᠰᠤᠳᠡᠨ ᠠᠽᠢᠶ᠎ᠠ ᠡᠸᠦ᠋ᠷᠤᠫᠠ ᠶᠢᠨ ᠲᠠᠯ᠎ᠠ ᠨᠤᠳᠤᠭ ᠤᠨ ᠨᠤᠶᠠᠷᠬᠠᠬᠤ ᠪᠠᠶᠢᠷᠢ ᠳᠤ ᠪᠠᠶᠢᠭᠰᠠᠨ᠃ ᠠᠵᠤ ᠠᠬᠤᠢ ᠶᠢᠨ ᠰᠠᠭᠤᠷᠢ ᠨᠢ ᠲᠡᠳᠡᠨ ᠤ ᠠᠮᠢᠳᠤᠷᠠᠯ ᠤᠨ ᠬᠡᠯᠪᠡᠷᠢ ᠶᠢ ᠲᠤᠭᠳᠠᠭᠠᠭᠰᠠᠨ ᠪᠦᠭᠡᠳ ᠤᠷᠳᠤ ᠬᠤᠭᠤᠴᠠᠭᠠᠨ ᠤ ᠬᠠᠷᠢᠯᠴᠠᠭ᠎ᠠ ᠶᠠᠪᠤᠯᠴᠠᠭ᠎ᠠ ᠪᠠᠷ ᠲᠠᠮᠵᠢᠨ ᠦᠷᠭᠡᠨ ᠬᠠᠷᠢᠴᠠᠭ᠎ᠠ ᠬᠤᠯᠪᠤᠭ᠎ᠠ ᠲᠠᠢ ᠪᠤᠯᠤᠭᠰᠠᠨ ᠪᠠᠶᠢᠨ᠎ᠠ ᠃ ᠲᠡᠳᠠ ᠬᠤᠭᠤᠷᠤᠨᠳᠤ ᠪᠠᠨ ᠵᠢᠭᠠᠬᠠᠨ ᠵᠦᠷᠢᠶ᠎ᠠ ᠲᠠᠢ ᠪᠠᠶᠢᠭᠰᠠᠨ ᠴᠤ ᠰᠤᠶᠤᠯ ᠤᠨ ᠨᠢᠭᠡᠳᠤᠮᠠᠯ ᠰᠢᠨᠵᠢ ᠨᠢ ᠵᠦᠪᠬᠡᠨ ᠡᠳ᠋ ᠪᠤᠳᠠᠰ ᠤᠨ ᠠᠮᠢᠳᠤᠷᠠᠯ ᠲᠡᠳᠤᠢ ᠪᠢᠰᠢ᠂ ᠨᠡᠶᠢᠭᠡᠮ ᠤᠨ ᠵᠤᠬᠢᠶᠠᠨ ᠪᠠᠶᠢᠭᠤᠯᠤᠯᠳᠠ ᠬᠢᠭᠡᠳ ᠦᠵᠡᠯ ᠤᠬᠠᠮᠰᠠᠷ ᠤᠨ ᠲᠠᠯ᠎ᠠ ᠲᠡᠭᠡᠷ᠎ᠠ ᠨᠢ ᠴᠤ ᠠᠳᠠᠯᠢᠬᠠᠨ ᠪᠠᠶᠢᠳᠠᠭ ᠢ ᠬᠠᠭᠤᠴᠢ ᠰᠤᠳᠤᠯᠭᠠᠳᠠᠳ ᠳ᠋ᠦᠩᠨᠡᠵᠠᠢ᠃ ᠮᠤᠩᠭᠤᠯ ᠤᠯᠤᠰ᠂ ᠲᠤᠮᠳᠠᠳᠤ ᠤᠯᠤᠰ᠂ ᠤᠷᠤᠰ ᠤᠯᠤᠰ ᠤᠨ ᠦᠵᠤᠬᠦᠢ ᠬᠢᠵᠠᠭᠠᠷ ᠦᠭᠡᠢ ᠠᠭᠤᠳᠠᠮ ᠨᠤᠳᠤᠭ ᠲᠡᠭᠡᠷ᠎ᠠ ᠡᡁᠦ᠋ᠩᠨᠥ ᠬᠦᠮᠤᠰ ᠬᠦᠯ ᠤᠨ ᠮᠦᠷ ᠢᠶᠠᠨ ᠦᠯᠡᠳᠡᠭᠡᠭᠰᠡᠨ ᠪᠠᠶᠢᠨ᠎ᠠ᠂ ᠡᡁᠦ᠋ᠩᠨᠤᠴᠤᠳ ᠠᠽᠢᠶ᠎ᠠ ᠡᠸᠦ᠋ᠷᠤᠫᠠ ᠶᠢᠨ ᠲᠠᠯ᠎ᠠ ᠨᠤᠳᠤᠭ ᠲᠠᠬᠢ ᠤᠯᠠᠨ ᠤᠯᠠᠨ ᠨᠡᠬᠦᠳᠡᠯᠴᠢᠨ ᠦᠨᠳᠤᠰᠤᠳᠡᠨ ᠳᠤ ᠤᠯᠤᠰ ᠲᠦᠷᠥ᠂ ᠴᠡᠷᠢᠭ ᠤᠨ ᠶᠠᠪᠤᠳᠠᠯ᠂ ᠰᠤᠶᠤᠯ ᠂ ᠠᠵᠤ ᠠᠬᠤᠢ ᠵᠡᠷᠭᠡ ᠲᠠᠯ᠎ᠠ ᠶᠢᠨ ᠦᠯᠢᠭᠡᠷ ᠲᠠᠭᠤᠷᠢᠶᠠᠯ ᠦᠵᠡᠬᠦᠯᠵᠤ᠂ ᠠᠯᠤᠰ ᠲᠤᠷᠤᠨᠠᠳᠠᠬᠢᠨ ᠤ ᠨᠡᠬᠦᠳᠡᠯᠴᠢᠳ ᠤᠨ ᠲᠡᠯᠡᠬᠡᠢ ᠳᠤ ᠢᠷᠡᠭᠡᠳᠤᠢ ᠶᠢᠨ ᠤᠷᠤᠭᠰᠢᠯᠠᠬᠤ ᠵᠠᠮ ᠢ ᠨᠢ ᠲᠦᠯᠤᠪᠯᠡᠵᠤ ᠦᠭᠴᠠᠢ ᠭᠡᠵᠤ ᠪᠤᠯᠤᠨ᠎ᠠ᠃ ᠬᠤᠵᠢᠮ ᠨᠢ ᠬᠦᠴᠤᠷᠬᠡᠭᠵᠢᠨ ᠮᠠᠨᠳᠤᠭᠰᠠᠨ ᠴᠢᠩᠬᠢᠰ ᠬᠠᠭᠠᠨ ᠤ ᠬᠠᠭᠠᠨᠳᠤ ᠤᠯᠤᠰ᠂ ᠲᠡᠮᠤᠷ ᠬᠠᠭᠠᠨᠳᠤ ᠤᠯᠤᠰ ᠵᠡᠷᠭᠡ ᠨᠢ ᠠᠭᠤᠥ ᠶᠡᠭᠡ ᠮᠤᠳᠤᠨ ᠴᠠᠨ ᠢᠥᠢ ︵ᠡᡁᠦ᠋ᠩᠨᠥ ᠶᠢᠨ ᠬᠠᠭᠠᠨ︶ ᠶᠢᠨ ᠬᠠᠮᠤᠭ ᠤᠨ ᠰᠠᠶᠢᠨ ᠵᠠᠯᠭᠠᠮᠵᠢᠯᠠᠭᠴᠢᠳ ᠪᠤᠯᠤᠨ ᠬᠦᠭᠵᠢᠬᠦᠯᠥᠭᠴᠢᠳ ᠪᠤᠯᠬᠤ ᠤᠴᠢᠷᠳᠠᠢ᠃ ᠭᠡᠨᠳᠠᠢ ᠠᠭᠤᠯᠠ᠂ ᠬᠠᠩᠭᠠᠢ ᠠᠭᠤᠯᠠ᠂ ᠠᠯᠳᠠᠢ ᠠᠭᠤᠯᠠ᠂ ᠮᠤᠨᠢ ᠠᠭᠤᠯᠠ᠂ ᠲᠡᠭᠷᠢ ᠠᠭᠤᠯᠠ᠂ ᠴᠢ ᠯᠢᠶᠠᠨ ᠱᠠᠨ ᠠᠭᠤᠯᠠ᠂ ᠠᠯᠠᠱᠠ ᠠᠭᠤᠯᠠ᠂ ᠶᠡᠭᠡ ᠬᠢᠩᠭᠠᠨ ᠲᠠᠪᠠᠭ᠎ᠠ ᠬᠢᠭᠡᠳ ᠰᠡᠯᠡᠩᠭᠡ ᠮᠦᠷᠡᠨ᠂ ᠤᠷᠬᠤᠨ ᠭᠤᠥᠯ᠂ ᠠᠮᠤᠷ ᠮᠦᠷᠡᠨ᠂ ᠶᠧᠨᠢᠰᠠᠢ ᠮᠦᠷᠡᠨ᠂ ᠰᠢᠷᠠᠮᠦ᠋ᠷᠡᠨ ᠭᠤᠥᠯ᠂ ᠭᠡᠷᠡᠯᠤᠨ ᠭᠤᠥᠯ᠂ ᠲᠤᠥᠯᠠ ᠭᠤᠥᠯ᠂ ᠤᠨᠤᠨ ᠭᠤᠥᠯ ᠤᠨ ᠪᠦᠰᠠ ᠨᠤᠳᠤᠭ ᠪᠤᠯ ᠡᡁᠦ᠋ᠩᠨᠥ ᠶᠢᠨ ᠠᠷᠠᠳ ᠲᠦᠮᠡᠨ ᠪᠤᠯᠤᠨ ᠲᠡᠳᠡᠨ ᠤ ᠦᠷ᠎ᠠ ᠬᠤᠶᠢᠴᠢ ᠶᠢᠨ ᠲᠤᠷᠭᠠᠨ ᠦᠯᠤᠭᠡᠢ᠂ ᠲᠤᠯᠠᠭᠠᠨ ᠪᠠᠭᠤᠴᠠ ᠪᠤᠯᠬᠤ ᠶᠤᠮ᠃ ᠡᡁᠦ᠋ᠩᠨᠤᠴᠤᠳ ᠤᠨ ᠠᠭᠤᠥ ᠶᠡᠭᠡ ᠦᠢᠯᠠ ᠠᠮᠢᠳᠤᠷᠠᠯ ᠲᠡᠥᠬᠡᠨ ᠰᠤᠷᠪᠤᠯᠵᠢ ᠪᠢᠴᠢᠭ ᠲᠤ ᠪᠢᠴᠢᠭᠳᠡᠨ ᠲᠡᠮᠳᠡᠭᠯᠡᠭᠳᠡᠭᠰᠡᠨ ᠢᠶᠠᠷ ᠪᠠᠷᠠᠬᠤ ᠦᠭᠡᠢ᠂ ᠮᠤᠩᠭᠤᠯ ᠤᠨ ᠲᠠᠯ᠎ᠠ ᠨᠤᠳᠤᠭ ᠤᠨ ᠠᠭᠤᠯᠠ ᠤᠰᠤ ᠡᠪᠡᠰᠤ ᠤᠷᠭᠤᠮᠠᠯ ᠪᠦᠬᠦᠨ ᠳᠤ ᠢᠮ‌‍ᠲ᠋ᠡᠮᠳᠡᠭ ᠢᠶᠠᠨ ᠦᠯᠡᠳᠡᠭᠡᠭᠰᠡᠨ ᠪᠠᠶᠢᠬᠤ ᠤᠴᠢᠷᠳᠠᠢ᠃ᠨᠠᠶᠢᠷᠠᠭᠤᠯᠤᠭᠴᠢ᠄ ᠠᠶᠢᠮᠸᠢ
 
ᠢᠷᠡᠯᠲᠡ᠄ ᠳᠤᠮᠳᠠᠳᠤ ᠤᠯᠤᠰ ᠤᠨ ᠮᠣᠩᠭᠤᠯ ᠰᠤᠳᠤᠯᠤᠯ ᠤᠨ ᠰᠤᠷᠠᠭ ᠵᠠᠩᠭᠢ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号