ᠴᠢᠩ ᠤᠯᠤᠰ ᠤᠨ ᠨᠤᠶᠠᠷᠬᠠᠭᠴᠢᠳ ᠵᠠᠰᠠᠭ ᠵᠠᠭᠢᠷᠭᠠᠨ ᠤ ᠪᠠᠶᠢᠭᠤᠯᠤᠮᠵᠢ ᠶᠢᠨ ᠲᠠᠯ᠎ᠠ ᠪᠠᠷ ᠮᠤᠩᠭᠤᠯ ᠤᠨ ᠡᠯ᠎ᠠ | ᠠᠶᠢᠮᠠᠭ ᠢ ᠭᠠᠳᠠᠭᠠᠳᠤ ᠮᠤᠩᠭᠤᠯ ᠭᠢᠭᠡᠳ ᠳᠤᠳᠤᠭᠠᠳᠤ ᠮᠤᠩᠭᠤᠯ ᠭᠡᠵᠤ ᠬᠤᠪᠢᠶᠠᠪᠠ᠃ ᠭᠠᠳᠠᠭᠠᠳᠤ ᠮᠤᠩᠭᠤᠯ ᠨᠢ | ᠬᠤᠰᠢᠭᠤ ᠴᠢᠭᠤᠯᠭᠠᠨ ᠤ ᠪᠠᠶᠢᠭᠤᠯᠤᠯ ᠭᠡᠷᠡᠭᠵᠢᠭᠦᠯᠵᠤ᠂ ᠳᠤᠳᠤᠭᠠᠳᠤ ᠮᠤᠩᠭᠤᠯ ᠨᠢ ᠬᠠᠷᠢᠨ ᠮᠠᠨᠵᠤ ᠶᠢᠨ ᠨᠠᠢᠮᠠᠨ | ᠬᠤᠰᠢᠭᠤᠨ ᠤ ᠪᠠᠶᠢᠭᠤᠯᠤᠯ ᠢ ᠭᠡᠷᠡᠭᠵᠢᠭᠦᠯᠪᠠ᠂ ᠦᠪᠤᠷ ᠮᠤᠩᠭᠤᠯ᠂ ᠠᠷᠤ ᠮᠤᠩᠭᠤᠯ᠂ ᠦᠢᠷᠠᠳ ᠮᠤᠩᠭᠤᠯ ᠢ | ᠭᠠᠳᠠᠭᠠᠳᠤ ᠮᠤᠩᠭᠤᠯ ᠭᠡᠳᠡᠭ᠃ ᠴᠠᠬᠠᠷ ᠤᠨ ᠨᠠᠢᠮᠠᠨ ᠬᠤᠰᠢᠭᠤ᠂ ᠴᠠᠬᠠᠷ ᠤᠨ ᠲᠦᠷᠪᠡᠨ ᠰᠦᠷᠦᠭ᠂ ᠪᠠᠷᠭᠤ᠂ | ᠭᠦᠬᠡᠬᠤᠳᠠ ᠶᠢᠨ ᠳᠦᠮᠠᠳ ᠵᠡᠷᠭᠡ ᠶᠢ ᠳᠤᠳᠤᠭᠠᠳᠤ ᠮᠤᠩᠭᠤᠯ ᠭᠡᠳᠡᠭ᠃ | ᠭᠠᠳᠠᠭᠠᠳᠤ ᠵᠠᠰᠠᠭ ᠮᠤᠩᠭᠤᠯ ᠢᠶᠠᠨ ᠪᠠᠰᠠ ᠳᠤᠳᠤᠭᠠᠳᠤ ᠵᠠᠰᠠᠭ ᠮᠤᠩᠭᠤᠯ ᠭᠢᠭᠡᠳ ᠭᠠᠳᠠᠭᠠᠳᠤ ᠵᠠᠰᠠᠭ ᠮᠤᠩᠭᠤᠯ | ᠭᠡᠵᠤ ᠬᠤᠶᠠᠷ ᠬᠤᠪᠢᠶᠠᠪᠠ᠃ | ᠦᠪᠤᠷ ᠮᠤᠩᠭᠤᠯ ᠤᠨ 24 ᠠᠶᠢᠮᠠᠭ 49 ᠬᠤᠰᠢᠭᠤ ᠶᠢ ᠳᠤᠳᠤᠭᠠᠳᠤ ᠵᠠᠰᠠᠭ ᠮᠤᠩᠭᠤᠯ ᠳᠤ ᠬᠤᠪᠢᠶᠠᠨ | ᠤᠷᠤᠭᠤᠯᠪᠠ᠃ | ᠠᠷᠤ ᠮᠤᠩᠭᠤᠯ ᠭᠢᠭᠡᠳ ᠦᠢᠷᠠᠳ ᠮᠤᠩᠭᠤᠯ ᠵᠢᠴᠢ ᠦᠪᠤᠷ ᠮᠤᠩᠭᠤᠯ ᠤᠨ ᠠᠯᠠᠱᠠ ᠡᠵᠡᠨ᠎ᠠ ᠬᠤᠶᠠᠷ ᠬᠤᠰᠢᠭᠤ ᠶᠢ | ᠭᠠᠳᠠᠭᠠᠳᠤ ᠵᠠᠰᠠᠭ ᠮᠤᠩᠭᠤᠯ ᠭᠡᠳᠡᠭ᠃ ᠡᠭᠦᠨ ᠳᠤ᠂ ᠠᠷᠤ ᠮᠤᠩᠭᠤᠯ ᠢ ᠲᠦᠷᠪᠠᠨ ᠠᠶᠢᠮᠠᠭ 86 ᠬᠤᠰᠢᠭᠤ᠂ | ᠪᠠᠷᠠᠭᠤᠨ ᠬᠤᠶᠢᠳᠤ ᠶᠢᠨ ᠮᠤᠩᠭᠤᠯ ᠤᠨ ᠡᠯ᠎ᠠ ᠠᠶᠢᠮᠠᠭ 34 ᠬᠤᠰᠢᠭᠤ᠂ ᠭᠦᠬᠡᠨᠠᠭᠤᠷ ᠢ 29 ᠬᠤᠰᠢᠭᠤ ᠬᠤᠪᠢᠶᠠᠨ | ᠂ ᠦᠪᠤᠷ ᠮᠤᠩᠭᠤᠯ ᠤᠨ 49 ᠬᠤᠰᠢᠭᠤ ᠲᠠᠢ ᠨᠠᠶᠢᠯᠡᠭᠡᠳ ᠪᠦᠭᠦ ᠮᠤᠩᠭᠤᠯ ᠨᠠᠶᠢᠳᠠ 200 ᠬᠤᠰᠢᠭᠤ ᠲᠠᠢ ᠪᠠᠶᠢᠪᠠ | ᠃ | ᠵᠢᠷᠢᠮ ᠤᠨ ᠴᠢᠭᠤᠯᠭᠠᠨ᠄ ᠬᠤᠷᠴᠢᠨ ᠵᠢᠷᠭᠤᠭᠠᠨ ᠬᠤᠰᠢᠭᠤ᠂ ᠲᠦᠷᠪᠡᠳ ᠬᠤᠰᠢᠭᠤ᠂ ᠵᠠᠯᠠᠶᠢᠳ ᠬᠤᠰᠢᠭᠤ᠂ | ᠭᠤᠷᠯᠤᠰ ᠬᠤᠶᠠᠷ ᠬᠤᠰᠢᠭᠤ᠃ | ᠵᠤᠰᠤᠳᠤ ᠶᠢᠨ ᠴᠢᠭᠤᠯᠭᠠᠨ᠄ ᠬᠠᠷᠠᠴᠢᠨ ᠭᠤᠷᠪᠠᠨ ᠬᠤᠰᠢᠭᠤ᠂ ᠲᠦᠮᠠᠳ ᠬᠤᠶᠠᠷ ᠬᠤᠰᠢᠭᠤ᠃ | ᠵᠤᠤ ᠤᠳᠠ ᠶᠢᠨ ᠴᠢᠭᠤᠯᠭᠠᠨ᠄ ᠠᠤᠬᠠᠨ ᠬᠤᠰᠢᠭᠤ᠂ ᠪᠠᠭᠠᠷᠢᠨ ᠬᠤᠶᠠᠷ ᠬᠤᠰᠢᠭᠤ᠂ ᠠᠷᠤ ᠬᠤᠷᠴᠢᠨ ᠬᠤᠰᠢᠭᠤ᠂ | ᠤᠡᠭᠨᠢᠭᠤᠳ ᠬᠤᠶᠠᠷ ᠬᠤᠰᠢᠭᠤ᠂ ᠨᠠᠢᠮᠠᠨ ᠬᠤᠰᠢᠭᠤ᠂ ᠵᠠᠷᠤᠳ ᠬᠤᠶᠠᠷ ᠬᠤᠰᠢᠭᠤ᠂ ᠬᠠᠯᠬ᠎ᠠ ᠵᠠᠭᠦᠨ ᠭᠠᠷᠤᠨ | ᠬᠤᠰᠢᠭᠤ᠃ | ᠰᠢᠯᠢ ᠶᠢᠨ ᠭᠤᠤᠯ ᠤᠨ ᠴᠢᠭᠤᠯᠭᠠᠨ᠄ ᠦᠵᠤᠮᠤᠴᠢᠨ ᠬᠤᠶᠠᠷ ᠬᠤᠰᠢᠭᠤ᠂ ᠬᠠᠭᠤᠴᠢᠳ ᠬᠤᠶᠠᠷ ᠬᠤᠰᠢᠭᠤ᠂ | ᠰᠦᠨᠢᠳ ᠬᠤᠶᠠᠷ ᠬᠤᠰᠢᠭᠤ᠂ ᠠᠪᠠᠭ᠎ᠠ ᠬᠤᠶᠠᠷ ᠬᠤᠰᠢᠭᠤ᠂ ᠠᠪᠠᠭᠠᠨᠠᠷ ᠬᠤᠶᠠᠷ ᠬᠤᠰᠢᠭᠤ᠃ | ᠤᠯᠠᠭᠠᠨᠴᠠᠪ ᠤᠨ ᠴᠢᠭᠤᠯᠭᠠᠨ᠄ ᠲᠦᠷᠪᠡᠨ ᠭᠡᠤᠭᠡᠳ ᠤᠨ ᠬᠤᠰᠢᠭᠤ᠂ ᠤᠷᠠᠳ ᠭᠤᠷᠪᠠᠨ ᠬᠤᠰᠢᠭᠤ᠂ ᠮᠤᠤᠮᠢᠩᠭᠠᠨ | ᠬᠤᠰᠢᠭᠤ᠂ ᠬᠠᠯᠬ᠎ᠠ ᠪᠠᠷᠠᠭᠤᠨ ᠭᠠᠷᠤᠨ ᠬᠤᠰᠢᠭᠤ᠃ | ᠤᠯᠢᠶᠠᠰᠤᠳᠠᠢ ᠶᠢᠨ ᠴᠢᠭᠤᠯᠭᠠᠨ᠄ ᠵᠠᠰᠠᠭᠳᠤ ᠬᠠᠨ ᠬᠤᠰᠢᠭᠤ᠂ ᠰᠠᠶᠢᠨ ᠨᠤᠶᠠᠨ ᠬᠠᠨ ᠬᠤᠰᠢᠭᠤ᠃ | ᠭᠦᠷᠢᠶ᠎ᠠ ᠶᠢᠨ ᠴᠢᠭᠤᠯᠭᠠᠨ᠄ ᠲᠦᠰᠢᠶᠠᠳᠤ ᠬᠠᠨ ᠠᠶᠢᠮᠠᠭ᠂ ᠰᠠᠴᠡᠨ ᠬᠠᠨ ᠠᠶᠢᠮᠠᠭ᠃ | ᠰᠢᠨᠢᠩ ᠤᠨ ᠭᠡᠷᠡᠭ ᠡᠷᠭᠢᠯᠡᠭᠦ ᠰᠠᠶᠢᠳ ᠤᠨ ᠰᠢᠭᠤᠳ ᠬᠠᠮᠢᠶᠠᠷᠤᠯ ᠳᠠᠬᠢ ᠴᠠᠭᠠᠨ ᠳᠤᠯᠤᠭᠠᠢ ᠶᠢᠨ ᠴᠢᠭᠤᠯᠭᠠᠨ᠄ | ᠭᠦᠬᠡᠨᠠᠭᠤᠷ ᠤᠨ ᠬᠤᠱᠤᠳ ᠠᠶᠢᠮᠠᠭ ᠤᠨ ᠬᠤᠷᠢᠨ ᠨᠢᠭᠡᠨ ᠬᠤᠰᠢᠭᠤ᠂ ᠴᠤᠷᠤᠰ ᠠᠶᠢᠮᠠᠭ ᠤᠨ ᠬᠤᠶᠠᠷ ᠬᠤᠰᠢᠭᠤ᠂ | ᠬᠠᠯᠬ᠎ᠠ ᠨᠢᠭᠡ ᠬᠤᠰᠢᠭᠤ᠂ ᠬᠤᠶᠢᠳ ᠨᠢᠭᠡ ᠬᠤᠰᠢᠭᠤ᠂ ᠳᠤᠷᠭᠤᠳ ᠲᠦᠷᠪᠠᠨ ᠬᠤᠰᠢᠭᠤ᠃ | ᠰᠠᠶᠢᠨᠵᠢᠶᠠᠭᠠᠳᠤ ᠵᠠᠭᠦᠨ ᠭᠠᠷᠤᠨ ᠴᠢᠭᠤᠯᠭᠠᠨ᠄ ᠬᠤᠶᠢᠳ ᠠᠶᠢᠮᠠᠭ ᠤᠨ ᠨᠢᠭᠡ ᠬᠤᠰᠢᠭᠤ᠂ ᠲᠦᠷᠪᠡᠳ ᠠᠶᠢᠮᠠᠭ ᠤᠨ | ᠵᠠᠭᠦᠨ ᠭᠠᠷᠤᠨ ᠠᠷᠪᠠᠨ ᠨᠢᠭᠡᠨ ᠬᠤᠰᠢᠭᠤ᠃ | ᠰᠠᠶᠢᠨᠵᠢᠶᠠᠭᠠᠳᠤ ᠪᠠᠷᠠᠭᠤᠨ ᠭᠠᠷᠤᠨ ᠴᠢᠭᠤᠯᠭᠠᠨ᠄ ᠬᠤᠶᠢᠳ ᠠᠶᠢᠮᠠᠭ ᠤᠨ ᠨᠢᠭᠡ ᠬᠤᠰᠢᠭᠤ᠂ ᠲᠦᠷᠪᠡᠳ | ᠠᠶᠢᠮᠠᠭ ᠤᠨ ᠪᠠᠷᠠᠭᠤᠨ ᠭᠠᠷᠤᠨ ᠭᠤᠷᠪᠠᠨ ᠬᠤᠰᠢᠭᠤ᠃ | ᠬᠠᠭᠤᠴᠢᠨ ᠳᠤᠷᠭᠤᠳ ᠠᠶᠢᠮᠠᠭ ᠲᠦᠷᠪᠠᠨ ᠴᠢᠭᠤᠯᠭᠠᠨ᠄ ᠡᠮᠤᠨᠡᠳᠤ ᠦᠨᠠᠨᠰᠦ᠋ᠵᠦᠭᠳᠦ ᠴᠢᠭᠤᠯᠭᠠᠨ᠂ ᠬᠤᠶᠢᠳᠤ | ᠦᠨᠠᠨᠰᠦ᠋ᠵᠦᠭᠳᠦ ᠴᠢᠭᠤᠯᠭᠠᠨ᠂ ᠵᠠᠭᠦᠨ ᠦᠨᠡᠨᠰᠦ᠋ᠵᠦᠭᠳᠦ ᠴᠢᠭᠤᠯᠭᠠᠨ᠂ ᠪᠠᠷᠠᠭᠤᠨ ᠦᠨᠡᠡᠰᠦ᠋ᠵᠦᠭᠳᠦ ᠴᠢᠭᠤᠯᠭᠠᠨ᠃ | ᠰᠢᠨ᠎ᠠ ᠳᠤᠷᠭᠤᠳ ᠠᠶᠢᠮᠠᠭ ᠨᠢᠭᠡ ᠴᠢᠭᠤᠯᠭᠠᠨ᠄ ᠴᠢᠩᠰᠠᠳᠭᠢᠯᠳᠤ ᠶᠢᠨ ᠴᠢᠭᠤᠯᠭᠠᠨ᠃ | ᠬᠤᠱᠤᠳ ᠠᠶᠢᠮᠠᠭ ᠨᠢᠭᠡ ᠴᠢᠭᠤᠯᠭᠠᠨ᠄ ᠪᠠᠳᠤᠰᠠᠳᠭᠢᠯᠳᠤ ᠶᠢᠨ ᠴᠢᠭᠤᠯᠭᠠᠨ᠃ | ᠭᠠᠳᠠᠭᠠᠳᠤ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ ᠶᠠᠮᠤᠨ᠄ ᠠᠯᠠᠱᠠ ᠦᠭᠡᠯᠡᠳ ᠵᠠᠰᠠᠭ ᠬᠤᠰᠢᠭᠤ᠂ | ᠡᠵᠡᠨ᠎ᠠ ᠶᠢᠨ ᠬᠠᠭᠤᠴᠢᠨ ᠳᠤᠷᠭᠤᠳ ᠵᠠᠰᠠᠭ ᠬᠤᠰᠢᠭᠤ᠃ | ᠭᠦᠯᠦᠨ ᠪᠦᠢᠷ᠄ ᠬᠠᠭᠤᠴᠢᠨ ᠪᠠᠷᠭᠤ᠂ ᠴᠠᠬᠠᠷ᠂ ᠰᠢᠨ᠎ᠠ ᠪᠠᠷᠭᠤ᠃ | ᠦᠭᠡᠯᠡᠳ ᠠᠶᠢᠮᠠᠭ᠄ ᠿᠧᠾᠧ ᠦᠭᠡᠯᠡᠳ ᠨᠢᠭᠡ ᠬᠤᠰᠢᠭᠤ᠂ ᠢᠯᠢ ᠶᠢᠨ ᠦᠭᠡᠯᠡᠳ ᠲᠠᠭᠡᠳᠤ ᠭᠤᠷᠪᠠᠨ ᠬᠤᠰᠢᠭᠤ | ᠳᠤᠤᠷᠠᠳᠤ ᠲᠠᠪᠤᠨ ᠬᠤᠰᠢᠭᠤ᠂ ᠲᠠᠷᠪᠡᠭᠠᠳᠠᠢ ᠶᠢᠨ ᠦᠭᠡᠯᠡᠳ ᠨᠢᠭᠡ ᠬᠤᠰᠢᠭᠤ᠂ ᠬᠤᠪᠢᠳᠤ ᠶᠢᠨ ᠦᠭᠡᠯᠡᠳ ᠨᠢᠭᠡ | ᠬᠤᠰᠢᠭᠤ᠃ | ᠳᠤᠳᠤᠭᠠᠳᠤ ᠮᠤᠩᠭᠤᠯ᠄ ᠵᠠᠭᠴᠢᠨ ᠠᠶᠢᠮᠠᠭ᠂ ᠮᠢᠩᠭᠠᠨ ᠠᠶᠢᠮᠠᠭ᠂ ᠲᠠᠩᠨᠤ ᠤᠷᠢᠶᠠᠩᠬᠠᠢ ᠠᠶᠢᠮᠠᠭ᠂ ᠠᠶᠢᠳᠠᠢ ᠶᠢᠨ | ᠤᠷᠢᠶᠠᠩᠬᠠᠢ ᠠᠶᠢᠮᠠᠭ᠂ ᠠᠯᠳᠠᠢ ᠨᠠᠭᠤᠷ ᠤᠨ ᠤᠷᠢᠶᠠᠩᠬᠠᠢ ᠠᠶᠢᠮᠠᠭ᠂ ᠲᠦᠷᠪᠡᠳ ᠤᠨ ᠲᠠᠮᠤ ᠮᠤᠩᠭᠤᠯ ᠠᠶᠢᠮᠠᠭ᠃ | ᠨᠠᠶᠢᠷᠠᠭᠤᠯᠤᠭᠴᠢ᠄ ᠰᠤᠷᠤᠨ᠎ᠠ |