ᠡᠷᠳᠡᠨ ᠤ ᠨᠠᠢᠮᠠᠨ ᠠᠶᠢᠮᠠᠭ ᠤᠨ ᠲᠠᠶᠠᠨ ᠬᠠᠭᠠᠨ ᠤ ᠬᠤᠶᠢᠴᠢᠰ ᠤᠨ ᠦᠯᠢᠬᠡᠷ ᠲᠡᠣᠭᠡ
ᠨᠡᠶᠢᠲᠡᠯᠡᠭᠰᠡᠨ ᠴᠠᠭ᠄
2018/10/30
     ᠲᠠᠶᠠᠨ ᠬᠠᠭᠠᠨ ᠢ ᠦᠬᠦᠬᠦ ᠦᠶᠡᠰ ᠲᠤ ᠬᠦᠴᠦᠯᠢᠭ ᠣᠨᠳᠣᠣ ᠭᠠᠵᠠᠷ ᠪᠠᠶᠢᠵᠣ ᠲᠡᠷᠡ ᠭᠠᠭᠴᠠᠭᠠᠷ ᠢᠶᠠᠨ ᠪᠠᠷᠠᠭᠤᠨᠰᠢ ᠵᠢᠭᠤᠳᠠᠨ ᠲᠣᠳᠠᠭᠠᠪᠠ ᠁ ᠬᠡᠴᠢᠨᠡᠨ ᠵᠢᠯ ᠪᠣᠯᠣᠭᠰᠠᠨ ᠤ ᠲᠠᠷᠠᠭ᠎ᠠ ᠠᠩᠬ᠎ᠠ ᠴᠢᠩᠬᠢᠰ ᠬᠠᠭᠠᠨ ᠬᠦᠴᠦᠯᠢᠭ ᠢ ᠦᠯᠳᠡᠨ ᠶᠠᠪᠣᠭᠤᠯᠣᠭᠰᠠᠨ ᠬᠡᠳᠡᠭ ᠢ ᠠᠯᠣᠰ ᠬᠤᠯᠠ ᠪᠠᠶᠢᠪᠠᠴᠣ ᠴᠢᠮᠡᠭᠡ ᠰᠣᠷᠠᠭ ᠢᠶᠠᠷ ᠨᠢ ᠣᠯᠵᠣ ᠰᠣᠨᠣᠰᠣᠭᠠᠳ ᠁ ᠣᠯᠠᠭᠴᠢᠨ ᠦᠬᠡᠷ ᠵᠢᠯ ᠵᠡᠪᠡ᠂ ᠰᠦᠪᠡᠭᠡᠳᠡᠢ ᠬᠤᠶᠠᠷ ᠵᠠᠩᠵᠣᠨ ᠳᠤ ᠲᠣᠰ ᠲᠣᠰ ᠬᠤᠶᠠᠷ ᠲᠦᠮᠡᠨ ᠴᠡᠷᠢᠭ ᠦᠭᠴᠣ᠂ ᠰᠦᠪᠡᠭᠡᠳᠡᠢ ᠪᠠᠷ ᠲᠣᠰᠬᠠᠶᠢᠯᠠᠨ ᠬᠤᠳᠣ ᠶᠢ ᠲᠠᠶᠢᠯᠠᠭᠤᠯᠵᠣ᠂ ᠵᠡᠪᠡ ᠪᠠᠷ ᠬᠦᠴᠦᠯᠢᠭ ᠢ ᠲᠠᠶᠢᠯᠠᠭᠤᠯᠪᠠ᠃ ᠬᠦᠴᠦᠯᠢᠭ ᠣᠯᠠᠨ ᠢᠶᠠᠨ ᠠᠯᠳᠠᠭᠰᠠᠨ ᠲᠣᠯᠠ ᠵᠡᠪᠡ   ᠯᠦᠭᠡ ᠠᠶᠣᠮᠰᠢᠭ ᠦᠬᠡᠢ ᠪᠠᠶᠢᠯᠳᠣᠬᠤ ᠵᠣᠷᠢᠭ ᠦᠬᠡᠢ ᠪᠣᠯᠵᠣ ᠁ ᠠᠭᠤᠯᠠᠨ ᠳᠤ ᠰᠢᠭᠤᠵᠣ ᠁ ᠵᠡᠪᠡ ᠰᠠᠯᠣᠯ ᠦᠬᠡᠢ ᠨᠡᠬᠡᠮᠵᠢᠯᠡᠵᠣ ᠁ ᠬᠦᠴᠦᠯᠢᠭ ᠵᠣᠭᠰᠣᠯ ᠦᠬᠡᠢ ᠵᠢᠭᠤᠳᠠᠭᠰᠠᠭᠠᠷ ᠨᠢᠬᠡ ᠮᠣᠬᠤᠷ ᠬᠠᠪᠴᠢᠯ ᠳᠤ ᠣᠷᠣᠪᠠ ᠁ ᠵᠡᠪᠡ ᠬᠦᠴᠦᠯᠢᠭ ᠤᠨ ᠰᠣᠷᠠᠭ ᠢ ᠨᠢᠬᠡᠨ ᠬᠤᠨᠢᠴᠢᠨ ᠠᠴᠠ ᠣᠯᠵᠣ ᠰᠣᠨᠣᠰᠴᠣ᠂ ᠬᠦᠴᠦᠯᠢᠭ ᠢ ᠪᠠᠷᠢᠪᠴᠢᠯᠠᠨ ᠠᠪᠣᠭᠠᠳ ᠠᠯᠠᠵᠣ᠂ ᠪᠠᠭᠤᠵᠣ ᠦᠭᠬᠦᠭᠰᠡᠨ ᠵᠠᠩᠵᠣᠨ ᠬᠡᠰᠮᠢᠷᠢ ᠪᠠᠷ ᠲᠡᠷᠢᠬᠦᠨ ᠢ ᠨᠢ ᠢᠯᠡᠭᠡᠪᠡ᠃  ᠲᠠᠷᠠᠭ᠎ᠠ ᠪᠠᠷ ᠨᠢ ᠬᠢᠰᠠᠭᠠᠷ᠂ ᠣᠷᠢᠶᠠᠩ᠂ ᠣᠳᠠᠨ ᠤ ᠬᠤᠳᠠᠳ ᠢ ᠡᠵᠡᠯᠡᠨ ᠠᠪᠣᠭᠰᠠᠨ ᠢᠶᠠᠷ ᠰᠦᠡᠭᠯᠢᠩ ᠲᠠᠪᠠᠭ᠎ᠠ ᠶᠢᠨ ᠠᠷᠣ ᠳᠠᠬᠢ ᠭᠠᠵᠠᠷ ᠪᠠ ᠲᠡᠭᠷᠢ ᠠᠭᠤᠯᠠᠨ ᠶᠢᠨ ᠡᠮᠣᠨ᠎ᠡ ᠵᠠᠮ᠂ ᠬᠠᠷ᠎ᠠ ᠬᠢᠳᠡᠳ ᠤᠨ ᠣᠣᠯ ᠤᠨ ᠡᠷᠭᠡᠰᠢᠶᠡᠵᠣ ᠪᠠᠶᠢᠭᠰᠠᠨ ᠣᠯᠣᠰ ᠤᠨ ᠭᠠᠵᠠᠷ ᠨᠣᠳᠤᠭ ᠢ ᠪᠦᠷ ᠮᠣᠩᠭᠤᠯᠴᠣᠳ ᠡᠷᠭᠡᠰᠢᠶᠠᠨ ᠡᠵᠡᠯᠡᠪᠡ᠃ ᠬᠦᠴᠦᠯᠢᠭ ᠤᠨ ᠬᠠᠷ᠎ᠠ ᠬᠢᠳᠡᠳ ᠲᠤ ᠨᠠᠢᠮᠠᠨ ᠵᠢᠯ ᠡᠷᠭᠡ ᠪᠣᠯᠢᠶᠠᠨ ᠡᠵᠡᠯᠡᠭᠰᠡᠨ ᠨᠢ ᠠᠳᠡ ᠬᠦᠷᠣᠭᠡᠳ ᠨᠢᠬᠡᠨᠳᠡ ᠡᠴᠣᠰᠯᠡᠨ ᠮᠦᠬᠦᠪᠡ᠃ — ᠡᠨᠡ ᠣᠨ ᠪᠣᠯᠪᠠᠰᠣ1218 ᠤᠨ ᠪᠤᠯᠠᠢ᠃  ᠬᠦᠴᠦᠯᠢᠭ ᠤᠨ ᠬᠤᠶᠢᠴᠢᠰ ᠨᠢ ᠲᠠᠷᠣᠣ ᠬᠡᠮᠡᠬᠦ ᠣᠪᠣᠭᠳᠠᠨ ᠪᠦᠯᠣᠭᠡ᠃ ᠲᠡᠬᠦᠨ ᠤ ᠬᠦᠪᠡᠬᠦᠨ ᠴᠠᠩᠬᠦᠨ ᠨᠢ ᠲᠣᠳᠠᠭᠠᠨ ᠶᠠᠪᠣᠵᠣ ᠪᠠᠶᠢᠭᠠᠳ ᠦᠬᠦᠪᠡ᠃ ᠴᠠᠩᠬᠦᠨ ᠤ ᠬᠦᠪᠡᠬᠦᠨ ᠴᠠᠬᠤᠰ ᠬᠡᠮᠡᠭᠴᠢ ᠬᠠᠷᠠᠬᠠᠨ ᠪᠠᠭ᠎ᠠ  ᠠᠴᠠ ᠪᠠᠨ ᠬᠠᠨᠭ᠍ᠯᠢᠨ ᠣᠪᠣᠭᠳᠣ ᠡᠭᠡ ᠯᠦᠭᠡ ᠪᠠᠨ ᠬᠠᠮᠳᠣ ᠴᠢᠩᠬᠢᠰ ᠬᠠᠭᠠᠨ ᠢ ᠲᠠᠭᠠᠵᠣ ᠨᠢᠬᠡᠳᠣᠭᠡᠷ ᠣᠷᠳᠣᠰ ᠤᠨ ᠪᠦᠷᠳᠣᠨ ᠬᠠᠳᠣᠨ ᠳᠤ ᠦᠢᠯᠡᠴᠢᠯᠡᠪᠡ᠃ ᠬᠤᠷᠢᠨ ᠲᠠᠪᠣᠨ ᠨᠠᠰᠣᠨ ᠠᠴᠠ ᠪᠠᠨ ᠴᠢᠩᠬᠢᠰ ᠬᠠᠭᠠᠨ ᠢ ᠲᠠᠭᠠᠵᠣ ᠠᠯᠳᠠᠨ ᠣᠯᠣᠰ ᠢ ᠲᠠᠶᠢᠯᠠᠵᠣ ᠲᠠᠶᠢᠵᠸᠣ᠂ ᠱᠢᠵᠸᠣ ᠬᠤᠶᠠᠷ ᠵᠸᠣ ᠶᠢ ᠡᠪᠳᠡᠭᠡᠳ ᠬᠠᠮᠤᠭ ᠲᠡᠷᠢᠬᠦᠨ ᠳᠤ ᠡᠵᠡᠯᠡᠨ ᠠᠪᠣᠪᠠ᠃ ᠦᠬᠡᠳᠡᠢ ᠬᠠᠭᠠᠨ ᠤ ᠲᠦᠳᠣᠭᠡᠷ ᠣᠨ ᠳᠤ᠂ ᠲᠠᠶᠠᠨ ᠬᠠᠷ᠎ᠠ ᠯᠣᠣ ᠵᠢᠯ ᠬᠠᠭᠠᠨ ᠤ ᠲᠡᠬᠦᠣ ᠲᠣᠯᠣᠢ ᠶᠢ ᠲᠠᠭᠠᠵᠣ ᠰᠦᠡᠭ ᠣᠯᠣᠰ ᠢᠶᠠᠷ ᠵᠠᠮ ᠵᠢᠬᠡᠯᠡᠨ ᠭᠠᠷᠴᠣ ᠠᠯᠳᠠᠨ ᠣᠯᠣᠰ ᠢ ᠶᠡᠬᠡᠪᠡᠷ ᠲᠦᠮᠡᠨ ᠤ ᠨᠣᠶᠠᠨ ᠡᠷᠬᠦᠮᠵᠢᠯᠡᠭᠳᠡᠪᠡ᠃ ᠰᠡᠬᠦᠯᠡᠷ ᠨᠢ ᠶᠢᠩᠵᠸᠣ ᠶᠢ ᠰᠠᠬᠢᠨ ᠰᠠᠭᠤᠯᠭᠠᠪᠠ᠃ ᠰᠡᠬᠦᠯᠡᠷ ᠨᠢ  ᠡᠪᠡᠳᠴᠢᠯᠡᠭᠡᠳ ᠳ᠋ᠠ ᠮᠢᠩ  ᠳᠤ ᠬᠠᠷᠢᠵᠣ ᠰᠢᠷ᠎ᠠ ᠪᠡᠴᠢᠨ ᠵᠢᠯ ᠤᠨ ᠴᠠᠭᠠᠨ ᠰᠠᠷ᠎ᠠ ᠳᠤ 44 ᠲᠠᠢ‌ᠨᠠᠰᠣ ᠪᠠᠷᠠᠪᠠ᠃ ᠴᠠᠬᠤᠰ ᠠᠴᠠ ᠬᠤᠶᠠᠷ ᠬᠦᠪᠡᠬᠦᠨ ᠲᠠᠢ᠂ ᠶᠡᠭᠡ ᠶᠢᠨ ᠨᠡᠷ᠎ᠡ ᠨᠢ ᠵᠢᠸᠠᠳᠠᠢ᠂ ᠬᠤᠶᠠᠳᠣᠭᠠᠷ ᠤᠨ ᠨᠡᠷ᠎ᠡ ᠨᠢ ᠪᠠᠳᠢᠨ ᠬᠡᠳᠡᠭ᠃ ᠪᠠᠳᠢᠨ ᠢ ᠬᠠᠷᠠᠬᠤᠷᠣᠮ ᠳᠤ ᠲᠦᠷᠣᠪᠡ᠃ ᠦᠯᠣᠭᠡᠢ ᠲᠠᠢ ᠪᠠᠶᠢᠬᠤ   ᠳᠤᠨᠢ ᠵᠠᠩ ᠣᠪᠣᠭᠳᠣ ᠡᠭᠡ ᠪᠠᠨ ᠲᠠᠭᠠᠪᠠ᠃ ᠡᠴᠢᠬᠡ ᠴᠠᠬᠤᠰ ᠨᠢ ᠴᠡᠷᠢᠭ ᠵᠠᠬᠢᠷᠣᠨ ᠵᠦᠡᠭᠶᠣᠸᠠᠨ ᠣᠷᠣᠨ᠎ᠠ ᠪᠠᠶᠢᠯᠳᠣᠨ ᠶᠠᠪᠣᠵᠣ ᠪᠠᠶᠢᠬᠤ ᠳᠤᠨᠢ ᠬᠠᠨᠭ᠍ᠯᠢᠨ ᠣᠪᠣᠭᠳᠣ ᠡᠮᠡᠭᠡ ᠡᠭᠡ ᠨᠢ ᠠᠰᠠᠷᠠᠪᠠ᠃ ᠦᠬᠡᠯᠠᠢ ᠪᠣᠯᠬᠤ ᠳᠤᠨᠢ ᠦᠬᠡᠳᠡᠢ ᠬᠠᠭᠠᠨ ᠤ ᠭᠤᠳᠠᠭᠠᠷ ᠬᠠᠳᠣᠨ ᠬᠢᠷᠬᠢᠰ ᠣᠪᠣᠭᠳᠣ ᠬᠠᠳᠣᠭᠳᠠᠢ ᠶᠢᠨ ᠪᠠᠶᠢᠷᠢᠨ ᠲᠣᠣᠷ᠎ᠠ ᠵᠠᠷᠣᠴᠠᠭᠤᠯᠪᠠ᠃ ᠡᠴᠢᠬᠡ ᠨᠢ ᠨᠦᠭᠴᠢᠭᠰᠡᠨ ᠬᠤᠶᠢᠨ᠎ᠠ ᠵᠠᠩ ᠣᠪᠣᠭᠳᠣ ᠡᠬᠡ  ᠨᠢ ᠬᠠᠨᠭ᠍ᠯᠢᠨ ᠣᠪᠣᠭᠳᠠᠢ ᠡᠮᠡᠭᠡ ᠪᠣᠯᠣᠨ ᠪᠢᠳᠢᠨ ᠢ ᠡᠮᠣᠨᠡᠳᠣ ᠣᠷᠣᠨ ᠠᠴᠠ ᠲᠣᠰᠣᠨ ᠠᠪᠴᠢᠷᠠᠪᠠ᠃ ᠵᠠᠩ ᠣᠪᠣᠭᠳᠣ ᠬᠠᠳᠣᠨ ᠪᠣᠯᠪᠠᠴᠣ ᠰᠡᠴᠡᠨ ᠮᠡᠷᠭᠡᠨ ᠡᠬᠡᠨᠡᠷ ᠬᠦᠮᠣᠨ ᠠᠵᠣᠭᠤ᠃ ᠲᠡᠷᠡ ᠪᠢᠳᠢᠨ ᠢ ᠰᠣᠷᠭᠠᠵᠣ ᠦᠬᠦᠯᠡᠭᠰᠡᠨ ᠨᠢ᠄ ︽ᠬᠦᠮᠣᠨ ᠪᠣᠯᠬᠤ ᠶᠣᠰᠣᠨ ᠭᠤᠷᠪᠠ ᠪᠣᠢ ᠠᠵᠣᠭᠤ᠂ ᠠᠶᠣᠨ ᠡᠮᠢᠶᠡᠬᠦ ᠶᠢ ᠮᠡᠳᠡᠬᠦ᠂ ᠢᠴᠢᠵᠣ ᠰᠢᠷᠪᠡᠬᠡᠳᠣᠬᠦ ᠶᠢ ᠮᠡᠳᠡᠬᠦ᠂ ᠬᠦᠴᠢᠷ ᠵᠣᠪᠠᠯᠠᠩ ᠢ ᠮᠡᠳᠡᠬᠦ ᠬᠡᠷᠡᠭᠲᠠᠢ ᠰᠢᠣ᠃ ᠦᠬᠡᠢ ᠪᠣᠯ ᠠᠳᠣᠭᠤᠰᠣᠨ ᠠᠮᠢᠳᠠᠨ  ᠠᠴᠠ ᠦᠬᠡᠷ᠎ᠡ ᠶᠠᠭᠤ ᠪᠠᠶᠢᠬᠤᠪ︾ ᠬᠡᠵᠣ ᠬᠦᠯᠢᠴᠡᠩᠬᠦᠢ ᠰᠣᠷᠭᠠᠪᠠ᠃ ᠪᠢᠳᠢᠨ ᠡᠭᠡ ᠶᠢᠨ ᠰᠣᠷᠭᠠᠯ ᠢ ᠬᠢᠴᠢᠶᠡᠨ ᠰᠣᠨᠣᠰᠳᠠᠭ ᠪᠠᠶᠢᠯ᠎ᠠ᠃ ᠬᠦᠬᠡ ᠪᠠᠷᠰ ᠵᠢᠯ ᠬᠤᠪᠢᠯᠠᠢ ᠬᠠᠭᠠᠨ ᠠᠴᠠ ᠬᠠᠭᠠᠨ ᠤ ᠲᠡᠬᠦᠣ ᠪᠠᠷ ᠬᠠᠷ᠎ᠠ ᠣᠰᠣ ᠶᠢ ᠰᠠᠬᠢᠭᠤᠯᠪᠠ᠃ ᠵᠠᠷᠯᠢᠭ ᠪᠠᠭᠤᠯᠭᠠᠵᠣ ᠢᠳᠢᠴᠠᠭᠠᠨ ᠨᠣᠶᠠᠨ ᠢᠶᠠᠷ ᠪᠢᠳᠢᠨ ᠢ ᠡᠴᠢᠬᠡ ᠶᠢᠨ ᠬᠢᠨ ᠣᠷᠣᠨ ᠳᠤ ᠲᠡᠳ᠋ ᠲᠦᠮᠡᠨ ᠤ ᠨᠣᠶᠠᠨ ᠪᠣᠯᠭᠠᠵᠣ᠂ ᠰᠢᠵᠸᠣ᠂ ᠢᠡᠭᠵᠸᠣ ᠵᠡᠷᠭᠡ ᠭᠠᠵᠠᠷ ᠢ ᠰᠠᠬᠢᠭᠤᠯ ᠬᠡᠮᠡᠪᠡ᠃ ᠣᠯᠠᠭᠠᠨ ᠯᠣᠣ ᠵᠢᠯ  ᠤᠨ ᠡᠪᠣᠯ ᠤᠨ ᠠᠷᠪᠠᠨ ᠬᠤᠶᠠᠷ ᠰᠠᠷ᠎ᠠ ᠳᠤ ᠬᠤᠪᠢᠯᠠᠢ ᠬᠠᠭᠠᠨ ᠲᠠᠬᠢᠨᠳᠡ ᠵᠠᠷᠯᠢᠭ ᠪᠣᠯᠵᠣ ᠰᠣᠶᠢᠵᠸᠣ᠂ ᠶᠢᠩᠵᠸᠣ  ᠶᠢᠨ ᠰᠠᠬᠢᠭᠤᠯ ᠴᠡᠷᠢᠭ ᠡᠯᠡᠰᠡᠬᠦᠯᠬᠦ ᠳᠤ ᠪᠦᠷ ᠪᠢᠳᠢᠨ ᠤ ᠵᠠᠷᠯᠢᠭ ᠢ ᠰᠣᠨᠣᠰ ᠬᠡᠮᠡᠪᠡ᠃ ᠪᠢᠳᠢᠨ ᠤ ᠪᠡᠶ᠎ᠡ ᠶᠢᠨ ᠦᠨᠳᠣᠷ ᠲᠣᠯᠣᠭᠠᠨ ᠲᠣᠬᠤᠢ ᠭᠠᠷᠣᠢ᠂ ᠮᠦᠷᠣ ᠦᠷᠭᠡᠨ ᠢᠳᠡ ᠬᠦᠴᠣᠨ ᠶᠡᠭᠡ᠃ ᠰᠡᠯᠡᠮ᠎ᠡ ᠶᠢᠨ ᠪᠦᠵᠢᠭ ᠲᠤ ᠠᠪᠢᠶᠠᠰ ᠲᠠᠢ ᠪᠦᠬᠡᠳ ᠬᠠᠷᠪᠣᠵᠣ ᠨᠠᠮᠨᠠᠬᠤ ᠳᠠᠭᠠᠨ ᠰᠢᠯᠭᠠᠷᠠᠭᠰᠠᠨ ᠲᠣᠯᠠ ᠴᠡᠷᠢᠭ ᠪᠠᠶᠢᠯᠳᠣᠭᠴᠢ ᠲᠡᠬᠦᠨ ᠠᠴᠠ ᠮᠠᠰᠢ ᠡᠮᠢᠶᠡᠨ ᠦᠬᠡ ᠦᠬᠡᠢ ᠲᠠᠭᠠᠳᠠᠭ᠃ ᠵᠦᠡᠭᠲ᠋ᠦᠩ ᠤᠨ ᠲᠦᠳᠣᠭᠡᠷ ᠣᠨ ᠳᠤ ᠬᠠᠭᠠᠨ ᠪᠠᠯᠭᠠᠰᠣᠨ ᠳᠤ ᠣᠷᠢᠭᠳᠠᠨ ᠣᠴᠢᠭᠠᠳ ᠬᠠᠭᠠᠨ ᠲᠡᠬᠦᠨ ᠳᠤ ᠠᠯᠳᠠᠨ ᠱᠣᠰᠢᠭ᠎ᠠ ᠱᠠᠩᠨᠠᠵᠣ ᠱᠧᠵᠸᠣ᠂ ᠶᠢᠩᠵᠸᠣ ᠬᠤᠶᠠᠷ ᠵᠸᠣ ᠶᠢᠨ ᠴᠡᠷᠢᠭ ᠤᠨ ᠲᠠᠷᠢᠶᠠᠯᠠᠬᠤ ᠲᠦᠮᠡᠨ ᠤ ᠨᠣᠶᠠᠨ ᠤ ᠣᠷᠳᠣᠨ ᠤ ᠲᠡᠳ᠋ ᠲᠠᠷᠣᠭᠠᠴᠢ ᠲᠦᠰᠢᠮᠡᠯ ᠪᠣᠯᠭᠠᠪᠠ᠃ ᠡᠨᠡ ᠬᠤᠶᠠᠷ ᠵᠸᠣ ᠪᠣᠯ ᠰᠦᠡᠭ ᠣᠯᠣᠰ ᠤᠨ ᠬᠢᠯᠢ ᠶᠢᠨ ᠵᠠᠬ᠎ᠠ ᠳᠤ ᠪᠠᠶᠢᠭ᠎ᠠ ᠲᠣᠯᠠ ᠭᠠᠵᠠᠷ ᠨᠣᠳᠤᠭ ᠡᠯᠡᠶᠢᠷᠡᠨ ᠪᠠᠯᠠᠶᠢᠷᠠᠵᠣ ᠴᠢᠨ᠋ᠸ᠎ᠠ ᠪᠠᠷᠰ ᠡᠬᠦᠷᠯᠡᠨ ᠬᠦᠮᠣᠨ ᠠᠮᠢᠳᠠᠨ ᠢ ᠪᠠᠷᠢᠨ ᠢᠳᠡᠳᠡᠭ ᠪᠠᠶᠢᠯ᠎ᠠ᠃ ᠪᠢᠳᠢᠨ ᠣᠨᠠᠭᠤᠯᠢ ᠭᠤᠣ ᠮᠠᠯᠳᠠᠨ ᠢᠰᠢᠬᠡ ᠬᠤᠷᠭ᠎ᠠ ᠪᠠᠷ ᠦᠭᠶᠣᠭᠡ ᠭᠡᠵᠣ ᠪᠠᠷᠰ ᠢ ᠦᠳᠣᠭᠡᠪᠡ᠃ ᠪᠠᠷᠰ ᠦᠨᠡᠬᠡᠷ ᠰᠦᠨᠢ ᠲᠦᠯᠢ ᠪᠠᠷ ᠢᠷᠡᠵᠣ ᠣᠨᠠᠭᠤᠯᠢ ᠳᠤ ᠣᠨᠠᠭᠰᠠᠨ ᠳᠤ ᠬᠠᠷᠪᠣᠨ ᠠᠯᠠᠭᠰᠠᠨ ᠢᠶᠠᠷ ᠪᠠᠷᠰ ᠤᠨ ᠭᠠᠶᠢᠬᠠᠮᠰᠢᠭ ᠢ ᠲᠠᠷᠣᠪᠠ᠃ ᡁᠢ ᠶᠣᠸᠠᠨ ᠤ ᠠᠷᠪᠠᠨ ᠭᠤᠷᠪᠠᠳᠣᠭᠠᠷ ᠣᠨ ᠳᠤ ᠲᠡᠬᠦᠨ ᠳᠤ ᠮᠢᠡᠾ ᠸᠧᠢ ᠵᠠᠩᠵᠣᠨ ᠤ ᠴᠣᠯᠠ ᠰᠣᠶᠣᠷᠬᠠᠵᠣ ᠰᠢᠨᠶᠠᠩ ᠹᠦ᠋ ᠶᠢᠨ ᠲᠡᠳ ᠲᠠᠷᠣᠭᠠᠴᠢ ᠲᠦᠰᠢᠮᠡᠯ ᠪᠣᠯᠭᠠᠪᠠ᠃ ᠰᠢᠨᠶᠠᠩ ᠤᠨ ᠭᠠᠵᠠᠷ ᠮᠦᠨ ᠬᠦ ᠪᠠᠷᠰ ᠰᠠᠮᠠᠭᠤᠷᠠᠭᠠᠳ ᠪᠢᠳᠢᠨ ᠬᠦᠷᠣᠭᠡᠳ ᠣᠳᠠᠭᠰᠠᠨ ᠦᠬᠡᠢ ᠨᠢᠬᠡᠨ ᠡᠳᠣᠷ ᠮᠣᠷᠢᠨ ᠡᠮᠡᠭᠡᠯ ᠲᠡᠭᠡᠷ᠎ᠡ ᠪᠠᠨ ᠲᠦᠷᠣᠭᠡ ᠣᠶᠠᠵᠣ ᠬᠤᠮᠣᠷᠭᠠᠯᠠᠶ᠎ᠠ ᠭᠠᠷᠬᠤ ᠳᠠᠭᠠᠨ ᠲᠠᠭᠠᠰᠠᠳ ᠢᠶᠠᠷ ᠢᠶᠠᠨ ᠠᠭᠤᠯᠠᠨ ᠳᠤ ᠭᠠᠯ ᠲᠠᠯᠪᠢᠭᠤᠯᠪᠠ᠃ ᠭᠠᠯ ᠠᠴᠠ ᠠᠶᠣᠭᠰᠠᠨ ᠪᠠᠷᠠᠰ ᠵᠢᠭᠤᠳᠠᠨ ᠭᠠᠷᠴᠣ ᠢᠷᠡᠬᠦ ᠳᠤᠨᠢ ᠡᠮᠡᠬᠡᠯ ᠤᠨ ᠲᠦᠷᠣᠭᠡ ᠪᠠᠷ ᠪᠠᠷᠰ ᠢ ᠰᠢᠳᠠᠵᠣ ᠣᠨᠠᠭᠠᠭᠰᠠᠨ ᠳᠤ ᠪᠠᠷᠰ ᠠᠷᠬᠢᠷᠠᠨ ᠢᠷᠡᠬᠦᠢ ᠳᠤᠷ ᠪᠢᠳᠢᠨ ᠮᠣᠷᠢᠨ ᠲᠡᠭᠡᠷ᠎ᠡ ᠠᠴᠠ ᠪᠠᠷᠰ ᠢ ᠬᠠᠷᠪᠣᠨ ᠠᠯᠠᠪᠠ᠃ ᡁᠢ ᠶᠣᠸᠠᠨ ᠤ ᠠᠷᠪᠠᠨ ᠵᠢᠷᠭᠤᠳᠣᠭᠠᠷ ᠣᠨ ᠳᠤ ᠰᠢᠣᠸᠠᠨ ᠸᠧᠢ ᠵᠠᠩᠵᠣᠨ ᠪᠣᠯᠵᠣ ᠴᠠᠩᠳᠧ ᠴᠦᠯᠬᠡ ᠶᠢᠨ ᠲᠡᠳ ᠲᠠᠷᠭᠠᠴᠢ ᠨᠣᠶᠠᠨ ᠪᠣᠯᠣᠭᠰᠠᠨ ᠬᠤᠶᠢᠨ᠎ᠠ ᠬᠠᠮᠳᠣ ᠮᠡᠳᠡᠭᠴᠢ ᠲᠦᠰᠢᠮᠡᠯ ᠯᠢ ᠮᠢᠩ ᠰᠢᠣ ᠣᠷᠪᠠᠨ ᠶᠠᠪᠣᠭᠰᠠᠨ ᠳᠤ ᠪᠢᠳᠢᠨ ᠭᠠᠭᠴᠠᠭᠠᠷ ᠲᠡᠬᠦᠨ ᠤ ᠪᠠᠬᠢᠯᠡᠯᠳᠡ  ᠳᠤ ᠬᠦᠷᠴᠣ ᠪᠠᠭᠤᠵᠣ ᠦᠭ ᠬᠡᠮᠡᠭᠡᠳ ᠡᠴᠣᠰ ᠲᠡᠭᠡᠨ ᠣᠷᠣᠭᠤᠯᠣᠨ ᠠᠪᠴᠣ ᠬᠠᠮᠳᠣ ᠪᠣᠴᠠᠨ ᠢᠷᠡᠭᠡᠳ ᠬᠠᠭᠠᠨ ᠲᠦᠷᠣ ᠳᠤ ᠠᠶᠢᠯᠠᠳᠬᠠᠯ ᠡᠷᠬᠦᠵᠣ ᠯᠢ ᠮᠢᠩ ᠰᠢᠣ ᠶᠢ ᠣᠬᠠᠭᠠᠷᠠᠨ ᠰᠡᠭᠡᠭᠡᠷᠡᠬᠦᠯᠬᠦ ᠬᠡᠵᠣ ᠭᠤᠶᠣᠴᠢᠯᠠᠭᠰᠠᠨ ᠪᠣᠯᠪᠠᠴᠣ ᠬᠠᠭᠠᠨ ᠵᠠᠷᠯᠢᠭ ᠪᠣᠯᠵᠣ ᠯᠢ ᠮᠢᠩ ᠰᠢᠣ ᠶᠢ ᠠᠯᠠᠪᠠ᠃ ᡁᠢ ᠶᠣᠸᠠᠨ ᠤ ᠭᠤᠴᠢᠨ ᠨᠢᠬᠡᠳᠣᠭᠡᠷ ᠣᠨ ᠳᠤ ᠲᠡᠷᠡ ᠬᠠᠭᠠᠨ ᠪᠠᠯᠭᠠᠰᠣᠨ ᠳᠤ ᠣᠷᠣᠵᠣ ᠠᠯᠣᠰ ᠳ᠋ᠠᠬᠢᠨ ᠢ ᠲᠣᠭᠳᠠᠭᠠᠬᠤ ᠬᠤᠸᠠᠢ ᠶᠣᠸᠠᠨ ᠶᠡᠭᠡ ᠵᠠᠩᠵᠣᠨ ᠤ ᠵᠡᠷᠭᠡ ᠶᠢ ᠣᠯᠵᠣ ᡂᠢ ᠵᠸᠣ ᠴᠦᠯᠬᠡ ᠶᠢᠨ ᠪᠦᠬᠦᠶᠢᠯᠡ ᠵᠠᠬᠢᠷᠣᠭᠴᠢ ᠶᠢᠨ ᠣᠷᠳᠣᠨ ᠤ ᠲᠠᠷᠣᠭᠠᠴᠢ ᠲᠦᠰᠢᠮᠡᠯ ᠪᠣᠯᠵᠣ ᠶᠢᠩᠵᠸᠣ ᠪᠠᠷ ᠦᠡᠭᠭᠡᠷᠡᠬᠦ ᠦᠶᠡᠰ ᠨᠣᠳᠤᠭ ᠤᠨ ᠠᠬᠠᠮᠠᠳ ᠨᠠᠷ ᠲᠡᠬᠦᠨ ᠢ ᠬᠦᠷᠴᠤ ᠢᠷᠡᠯ᠎ᠡ ᠬᠡᠮᠡᠨ ᠵᠸᠣ ᠶᠢᠨ ᠬᠢᠯᠢ ᠲᠡᠭᠡᠷ᠎ᠡ ᠪᠠᠨ ᠭᠠᠷᠴᠣ ᠢᠷᠡᠨ ᠮᠦᠷᠡᠨ ᠤ  ᠬᠢᠨᠢ ᠡᠮᠣᠨ᠎ᠡ ᠰᠦᠬᠦᠳᠣᠨ ᠶᠣᠰᠣᠯᠠᠵᠣ ᠣᠨᠳᠣᠨ ᠠᠪᠴᠣ ᠪᠢᠯᠡ᠃ ᠲᠡᠭᠡᠭᠡᠳ ᠡᠨᠡ ᠣᠷᠴᠢᠮ ᠤᠨ ᠵᠢᠩᠱᠠᠨ ᠠᠭᠤᠯᠠᠨ ᠳᠤ ᠬᠡᠬᠡᠷ᠎ᠡ ᠶᠢᠨ ᠭᠠᠭ᠋ᠠᠢ ᠣᠯᠠᠰᠢᠷᠠᠵᠣ ᠪᠠᠶᠢᠡᠭᠭᠤ ᠭᠠᠷᠴᠣ ᠢᠷᠡᠨ ᠲᠠᠷᠢᠶ᠎ᠠ ᠲᠦᠮᠣᠰᠣ ᠶᠢ ᠬᠦᠨᠣᠬᠡᠵᠣ ᠪᠣᠢ ᠬᠡᠮᠡᠨ ᠰᠣᠨᠣᠰᠣᠭᠠᠳ ᠲᠡᠷᠡ᠄ ︽ᠪᠢ ᠣᠴᠢᠵᠣ ᠬᠦᠬᠡᠬᠡᠵᠣ ᠶᠠᠪᠣᠭᠤᠯᠣᠶ᠎ᠠ︾ ᠬᠡᠮᠡᠭᠡᠳ ᠰᠣᠶᠣᠭᠠᠳᠣ ᠵᠠᠪᠠ ᠪᠠᠨ ᠠᠪᠴᠣ ᠠᠭᠤᠯᠠᠨ ᠳᠤ ᠣᠴᠢᠭᠰᠠᠨ᠎ᠠ ᠬᠡᠬᠡᠷ᠎ᠡ ᠶᠢᠨ ᠭᠠᠭ᠋ᠠᠢ ᠪᠦᠷ ᠲᠣᠳᠠᠭᠠᠨ ᠶᠠᠪᠣᠪᠠ᠃ ᠳ᠋ᠠ ᠳ᠋ᠧ ᠶᠢᠨ ᠠᠷᠪᠠᠨ ᠨᠢᠬᠡᠳᠣᠭᠡᠷ ᠣᠨ ᠳᠤ ᠵᠣᠣ ᠶᠦᠡᠭ ᠨᠡᠷᠡᠳᠣ ᠶᠡᠭᠡ ᠵᠠᠩᠵᠣᠨ ᠡᠷᠬᠦᠮᠵᠢᠯᠡᠭᠳᠡᠵᠣ ᠲᠠᠶᠢᠵᠸᠣ ᠴᠦᠯᠬᠡ ᠶᠢᠨ ᠲᠠᠷᠣᠭᠠᠴᠢ ᠨᠣᠶᠠᠨ ᠪᠣᠯᠪᠠ᠃ ᠨᠠᠶᠠᠨ ᠨᠢᠬᠡᠳᠡᠢ ᠳᠡᠭᠡᠨ ᠨᠠᠰᠣ ᠪᠠᠷᠠᠪᠠ᠃ ᠲᠡᠬᠦᠨ ᠤ ᠣᠭᠰᠠᠭ᠎ᠠ ᠣᠪᠣᠭ ᠲᠦᠷᠣᠯ ᠨᠢ ᠢᠯᠡᠳᠭᠡᠮᠵᠢ ᠳᠤ ᠪᠣᠢ᠃ ᠠᠯᠢ ᠢᠯᠡᠳᠭᠡᠮᠵᠢ ᠳᠤ ᠪᠠᠶᠢᠭ᠎ᠠ ᠪᠣᠢ᠂ ᠲᠣᠳᠣᠷᠬᠠᠢ ᠦᠬᠡᠢ ᠳ᠋ᠠ᠃ ᠨᠠᠢᠮᠠᠨ ᠠᠶᠢᠮᠠᠭ ᠤᠨ ᠬᠤᠶᠢᠴᠢᠰ — ᠪᠢᠳᠢᠨ ᠤ ᠬᠤᠶᠢᠴᠢᠰ ᠨᠢ ᠬᠠᠮᠢᠭ᠎ᠠ ᠪᠠᠶᠢᠭ᠎ᠠ ᠪᠣᠢ︖ ᠡᠨᠡ ᠠᠰᠠᠭᠤᠳᠠᠯ ᠦᠷᠬᠦᠯᠵᠢᠯᠡᠨ ᠰᠣᠳᠣᠯᠣᠭᠤᠰᠢᠲᠠᠢ ᠪᠠᠶᠢᠨ᠎ᠠ᠃ ᠲᠦ᠋ ᠵᠢᠢ ᠶᠢᠨ ︽ᠮᠣᠩᠭᠤᠯ ᠤᠨ ᠲᠡᠣᠭᠡᠨ ᠲᠡᠮᠳᠡᠭᠯᠡᠯ︾  ᠢ ᠦᠨᠳᠣᠰᠣᠯᠡᠵᠣ ᠨᠠᠶᠢᠷᠠᠭᠤᠯᠪᠠᠢ᠃ᠨᠠᠶᠢᠷᠠᠭᠤᠯᠤᠭᠴᠢ᠄ ᠭᠡᠭᠡᠨᠲᠠᠨ᠎ᠠ ᠵᠤᠬᠢᠶᠠᠭᠴᠢ᠄ ᠮᠠᠩᠭᠤᠳ ᠪᠦᠬᠡ
 
ᠢᠷᠡᠯᠲᠡ᠄ ᠳᠤᠮᠳᠠᠳᠤ ᠤᠯᠤᠰ  ᠤᠨ ᠮᠣᠩᠭᠣᠯ ᠰᠤᠳᠤᠯᠤᠯ ᠤᠨ ᠰᠤᠷᠠᠭ ᠵᠠᠩᠭᠢ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号