ᠮᠣᠩᠭᠤᠯ ᠬᠠᠭᠠᠳ ᠤᠨ ᠣᠭᠰᠠᠭ᠎ᠠ ᠵᠠᠯᠭᠠᠮᠵᠢ | ᠨᠢᠬᠡ᠂ ᠴᠢᠩᠬᠢᠰ ᠬᠠᠭᠠᠨ᠄ ᠶᠢᠰᠣᠬᠡᠢ ᠪᠠᠭᠠᠳᠣᠷ ᠤᠨ ᠠᠬᠠᠮᠠᠳ ᠬᠦᠣ᠂ 1162 ᠣᠨ ᠳᠤ ᠮᠡᠨᠳᠣᠯᠡᠵᠠᠢ᠃ | ᠮᠣᠩᠭᠤᠯ ᠤᠨ ᠲᠠᠷᠬᠠᠢ ᠪᠣᠳᠠᠷᠬᠠᠢ ᠣᠯᠠᠨ ᠠᠶᠢᠮᠠᠭ ᠢ ᠨᠢᠬᠡᠳᠬᠡᠨ᠂1206 ᠣᠨ ᠳᠤ ᠨᠢᠬᠡᠳᠦᠭᠰᠡᠨ ᠲᠦᠷᠣ ᠶᠢ | ᠪᠠᠶᠢᠭᠤᠯᠵᠣ ᠬᠠᠭᠠᠨ ᠰᠢᠷᠡᠬᠡᠨ ᠳᠤ ᠰᠠᠭᠤᠵᠠᠢ᠃1227 ᠣᠨ ᠳᠤ ᠨᠠᠰᠣ ᠪᠠᠷᠠᠪᠠ᠃ | ᠬᠤᠶᠡᠷ᠂ ᠦᠬᠡᠳᠡᠢ ᠬᠠᠭᠠᠨ᠄ ᠴᠢᠩᠬᠢᠰ ᠬᠠᠭᠠᠨ ᠤ ᠭᠤᠳᠠᠭᠠᠷ ᠬᠦᠪᠡᠬᠦᠨ᠂ 1186 ᠣᠨ ᠳᠤ ᠮᠡᠨᠳᠣᠯᠡᠵᠠᠢ᠃ | 1229ᠣᠨ ᠳᠤ ᠬᠠᠭᠠᠨ ᠰᠢᠷᠡᠬᠡᠨ ᠳᠤ ᠰᠠᠭᠤᠵᠣ᠂ 1241ᠣᠨ ᠳᠤ ᠨᠠᠰᠣ ᠪᠠᠷᠠᠵᠠᠢ᠃ | ᠭᠤᠷᠪᠠ᠂ ᠬᠦᠶᠦᠭ ᠬᠠᠭᠠᠨ᠄ ᠦᠬᠡᠳᠡᠢ ᠬᠠᠭᠠᠨ ᠤ ᠠᠬᠠᠮᠠᠳ ᠬᠦᠪᠡᠬᠦᠨ᠂ 1206ᠣᠨ ᠳᠤ ᠮᠡᠨᠳᠣᠯᠡᠵᠣ᠂ | 1246ᠣᠨ ᠳᠤ ᠬᠠᠭᠠᠨ ᠰᠢᠷᠡᠬᠡᠨ ᠳᠤ ᠰᠠᠭᠤᠵᠣ᠂1248 ᠣᠨ ᠳᠤ ᠨᠠᠰᠣ ᠪᠠᠷᠠᠵᠠᠢ᠃ | ᠲᠦᠷᠪᠡ᠂ ᠮᠦᠡᠭᠭᠡ ᠬᠠᠭᠠᠨ᠄ ᠴᠢᠩᠬᠢᠰ ᠬᠠᠭᠠᠨ ᠤ ᠣᠳᠬᠤᠨ ᠬᠦᠣ ᠲᠣᠯᠣᠢ ᠶᠢᠨ ᠠᠬᠠᠮᠠᠳ ᠬᠦᠣ᠂ 1208ᠣᠨ | ᠳᠤ ᠮᠡᠨᠳᠣᠯᠡᠬᠡᠳ᠂ 1251ᠣᠨ ᠳᠤ ᠬᠠᠭᠠᠨ ᠰᠢᠷᠠᠬᠡᠨ ᠳᠤ ᠰᠠᠭᠤᠵᠣ᠂ 1259 ᠣᠨ ᠳᠤ ᠨᠠᠰᠣ ᠪᠠᠷᠠᠵᠠᠢ᠃ | ᠲᠠᠪᠤ᠂ ᠬᠤᠪᠢᠯᠠᠢ ᠬᠠᠭᠠᠨ᠄ ᠲᠣᠯᠣᠢ ᠶᠢᠨ ᠲᠦᠷᠪᠡᠳᠣᠬᠡᠷ ᠬᠦᠣ᠂ 1215ᠣᠨ ᠳᠤ ᠮᠡᠨᠳᠣᠯᠡᠬᠡᠳ1260 ᠣᠨ ᠳᠤ | ᠬᠠᠭᠠᠨ ᠰᠢᠷᠡᠬᠡᠨ ᠳᠤ ᠰᠠᠭᠤᠵᠣ᠂ 1294ᠣᠨ ᠳᠤ ᠨᠠᠰᠣ ᠪᠠᠷᠠᠵᠠᠢ᠃1271 ᠣᠨ ᠳᠤ ᠬᠤᠪᠢᠯᠠᠢ ᠬᠠᠭᠠᠨ | ᠮᠣᠩᠭᠤᠯ ᠬᠦᠷᠣᠨ ᠤ ᠬᠠᠷᠠᠬᠤᠷᠣᠮ ᠳᠤ ᠪᠠᠶᠢᠭᠰᠠᠨ ᠨᠠᠶᠢᠰᠯᠡᠯ ᠢ ᠲᠣᠮᠳᠠᠳᠣ ᠣᠷᠣᠨ ᠳᠤ ᠰᠢᠯᠵᠢᠬᠦᠯᠵᠣ ᠲᠠᠶᠢᠳᠣ | ᠬᠡᠮᠡᠨ ᠨᠡᠷᠡᠶᠢᠳᠴᠡᠢ᠃ | ᠵᠢᠷᠭᠤᠭ᠎ᠠ᠂ ᠦᠯᠵᠡᠶᠢᠳᠣ ᠬᠠᠭᠠᠨ᠄ ᠬᠤᠪᠢᠯᠠᠢ ᠬᠠᠭᠠᠨ ᠤ ᠠᠬᠠᠮᠳ ᠬᠦᠪᠡᠬᠦᠨ ᠴᠢᠩᠬᠢᠮ ᠤᠨ ᠬᠦᠪᠡᠬᠦᠨ᠂ | 1265ᠣᠨ ᠳᠤ ᠮᠡᠨᠳᠣᠯᠡᠬᠡᠳ1294 ᠣᠨ ᠳᠤ ᠬᠠᠭᠠᠨ ᠰᠢᠷᠠᠬᠡᠨ ᠳᠤ ᠰᠠᠭᠤᠵᠣ1307 ᠣᠨ ᠳᠤ ᠨᠠᠰᠣ ᠪᠠᠷᠪᠠ | ᠃ | ᠲᠣᠯᠤᠭ᠎ᠠ᠂ ᠬᠠᠶᠢᠰᠠᠨ ᠬᠦᠯᠣᠭ᠌ ᠬᠠᠭᠠᠨ᠄ ᠴᠢᠩᠬᠢᠮ ᠤᠨ ᠬᠤᠶᠠᠳᠣᠭᠠᠷ ᠬᠦᠪᠡᠬᠦᠨ ᠲᠠᠷᠮᠡᠪᠠᠯᠡ ᠶᠢᠨ ᠬᠦᠪᠡᠬᠦᠨ᠂ | 1281 ᠣᠨ ᠳᠤ ᠮᠡᠨᠳᠣᠯᠡᠬᠡᠳ1307 ᠣᠨ ᠳᠤ ᠬᠠᠭᠠᠨ ᠰᠠᠭᠤᠵᠣ 1311ᠣᠨ ᠳᠤ ᠨᠠᠰᠣ ᠪᠠᠷᠠᠪᠠ᠃ | ᠨᠠᠢᠮᠠ᠂ ᠪᠣᠶᠠᠨᠳᠣ ᠬᠠᠭᠠᠨ᠄ ᠲᠠᠷᠮᠠᠪᠠᠯᠠ ᠶᠢᠨ ᠭᠤᠳᠠᠭᠠᠷ ᠬᠦᠪᠡᠬᠦᠨ᠂ 1285ᠣᠨ ᠳᠤ ᠮᠡᠨᠳᠣᠯᠡᠬᠡᠳ᠂ | 1311ᠣᠨ ᠳᠤ ᠬᠠᠭᠠᠨ ᠰᠢᠷᠠᠬᠡᠨ ᠳᠤ ᠰᠠᠭᠤᠵᠣ᠂ 1320ᠣᠨ ᠳᠤ ᠨᠠᠰᠣ ᠪᠠᠷᠠᠪᠠ᠃ | ᠶᠢᠰᠣ᠂ ᠱᠣᠳᠪᠠᠯᠠ ᠬᠡᠬᠡᠨ ᠬᠠᠭᠠᠨ᠄ ᠪᠣᠶᠠᠨᠳᠣ ᠬᠠᠭᠠᠨ ᠤ ᠬᠦᠪᠡᠬᠦᠨ᠂ 1303ᠣᠨ ᠳᠤ ᠮᠡᠨᠳᠣᠯᠡᠬᠡᠳ1320 | ᠣᠨ ᠳᠤ ᠬᠠᠭᠠᠨ ᠰᠠᠭᠤᠵᠣ1324 ᠣᠨ ᠳᠤ ᠨᠠᠰᠣ ᠪᠠᠷᠪᠠ᠃ | ᠠᠷᠪᠠ᠂ ᠶᠢᠰᠣᠨᠳᠡᠮᠣᠷ ᠬᠠᠭᠠᠨ᠄ ᠴᠢᠩᠬᠢᠮ ᠤᠨ ᠬᠦᠣ ᠭᠠᠮᠠᠯ ᠤᠨ ᠬᠤᠶᠠᠳᠣᠭᠠᠷ ᠬᠦᠣ᠂ 1293ᠣᠨ ᠳᠤ | ᠮᠠᠨᠳᠣᠯᠡᠬᠡᠳ1324 ᠣᠨ ᠳᠤ ᠬᠠᠭᠠᠨ ᠰᠠᠭᠤᠵᠣ᠂1328 ᠣᠨ ᠳᠤ ᠨᠠᠰᠣ ᠪᠠᠷᠠᠪᠠ᠃ | ᠠᠷᠪᠠᠨ ᠨᠢᠬᠡ᠂ ᠠᠰᠣᠴᠢᠨᠪᠣᠣ ᠬᠠᠭᠠᠨ᠄ ᠶᠢᠰᠣᠨᠳᠡᠮᠣᠷ ᠤᠨ ᠠᠬᠠᠮᠳ ᠬᠦᠣ᠂ 1320ᠣᠨ ᠳᠤ | ᠮᠡᠨᠳᠣᠯᠡᠬᠡᠳ1328 ᠣᠨ ᠳᠤ ᠬᠠᠭᠠᠨ ᠰᠠᠭᠤᠵᠣ ᠮᠦᠨ ᠵᠢᠯ ᠳᠤ ᠪᠠᠨ ᠬᠠᠭᠠᠨ ᠰᠢᠷᠡᠭᠡ ᠪᠠᠨ ᠪᠣᠯᠢᠶᠠᠭᠳᠠᠪᠠ᠃ | ᠠᠷᠪᠠᠨ ᠬᠤᠶᠠᠷ᠂ ᠬᠦᠰᠡᠯ᠎ᠡ ᠬᠠᠭᠠᠨ᠄ ᠬᠠᠶᠢᠰᠠᠨ ᠤ ᠠᠬᠠᠮᠠᠳ ᠬᠦᠣ᠂1300 ᠣᠨ ᠳᠤ ᠮᠡᠨᠳᠣᠯᠡᠬᠡᠳ1329 | ᠣᠨ ᠳᠤ ᠬᠠᠭᠠᠨ ᠰᠠᠭᠤᠵᠣ ᠮᠦᠨ ᠵᠢᠯ ᠳᠤ ᠪᠠᠨ ᠨᠠᠰᠣ ᠪᠠᠷᠠᠪᠠ᠃ | ᠠᠷᠪᠠᠨ ᠭᠤᠷᠪᠠ᠂ ᠲᠦᠪᠳᠡᠮᠣᠷ ︵ᠲᠣᠭᠳᠡᠮᠣᠷ︶ ᠬᠠᠭᠠᠨ᠄ ᠬᠠᠶᠢᠰᠠᠨ ᠤ ᠬᠤᠶᠠᠳᠣᠭᠠᠷ ᠬᠦᠣ᠂ 1304ᠣᠨ ᠳᠤ | ᠮᠡᠨᠳᠣᠯᠡᠭᠡᠳ᠂1329 ᠣᠨ ᠳᠤ ᠬᠠᠭᠠᠨ ᠰᠠᠭᠤᠵᠣ 1332ᠣᠨ ᠳᠤ ᠨᠠᠰᠣ ᠪᠠᠷᠠᠪᠠ᠃ | ᠠᠷᠪᠠᠨ ᠲᠦᠷᠪᠡ᠂ ᠷᠢᠨᠴᠢᠨᠪᠠᠯ ᠬᠠᠭᠠᠨ᠄ ᠬᠦᠰᠡᠯ᠎ᠡ ᠬᠠᠭᠠᠨ ᠤ ᠬᠦᠣ᠂ 1326ᠣᠨ ᠳᠤ ᠮᠡᠨᠳᠣᠯᠡᠬᠡᠳ1332 | ᠣᠨ ᠳᠤ ᠬᠠᠭᠠᠨ ᠰᠠᠭᠤᠵᠣ ᠬᠤᠶᠠᠷ ᠰᠠᠷ᠎ᠠ ᠪᠣᠯᠣᠭᠠᠳ ᠨᠠᠰᠣ ᠪᠠᠷᠠᠪᠠ᠃ | ᠠᠷᠪᠠᠨ ᠲᠠᠪᠤ᠂ ᠲᠣᠭᠤᠨᠳᠡᠮᠣᠷ ᠬᠠᠭᠠᠨ᠄ ᠷᠢᠨᠴᠢᠪᠠᠯ ᠤᠨ ᠠᠬ᠎ᠠ᠂ 1320ᠣᠨ ᠳᠤ ᠮᠡᠨᠳᠣᠯᠡᠬᠡᠳ1333 ᠣᠨ | ᠬᠠᠭᠠᠨ ᠰᠠᠭᠤᠵᠣ 1370ᠣᠨ ᠳᠤ ᠨᠠᠰᠣ ᠪᠠᠷᠠᠪᠠ᠃ ᠲᠣᠭᠤᠨᠳᠡᠮᠣᠷ ᠤᠨ ᠦᠶ᠎ᠡ ᠳᠤ ᠶᠡᠭᠡ ᠪᠣᠰᠣᠯᠭ᠎ᠠ ᠭᠠᠷᠴᠣ᠂ | 1368 ᠣᠨ ᠳᠤ ᠶᠣᠸᠠᠨ ᠣᠯᠣᠰ ᠤᠨ ᠨᠠᠶᠢᠰᠯᠠᠯ ᠢ ᠲᠦᠯᠬᠢᠨ ᠣᠨᠠᠭᠠᠵᠠᠢ᠃ | ᠠᠷᠪᠠᠨ ᠵᠢᠷᠭᠤᠭ᠎ᠠ᠂ ᠠᠶᠣᠰᠢᠷᠢᠳᠠᠷ᠎ᠠ ᠪᠢᠯᠢᠭᠳᠦ ᠬᠠᠭᠠᠨ᠄ ᠲᠣᠭᠤᠨᠳᠡᠮᠣᠷ ᠤᠨ ᠠᠬᠠᠮᠳ ᠬᠦᠣ᠂1338 ᠣᠨ ᠳᠤ | ᠮᠡᠨᠳᠣᠯᠡᠬᠡᠳ᠂ 1370 ᠣᠨ ᠳᠤ ᠬᠠᠭᠠᠨ ᠰᠢᠷᠡᠬᠡᠨ ᠳᠤ ᠰᠠᠭᠤᠵᠣ᠂ 1378 ᠣᠨ ᠳᠤ ᠨᠠᠰᠣ ᠪᠠᠷᠠᠪᠠ᠃ | ᠠᠷᠪᠠᠨ ᠲᠣᠯᠤᠭ᠎ᠠ᠂ ᠲᠡᠬᠦᠰᠳᠡᠮᠣᠷ ᠣᠰᠬᠠᠯ ᠬᠠᠭᠠᠨ᠄ ᠠᠶᠣᠰᠢᠷᠢᠳᠠᠷ᠎ᠠ ᠶᠢᠨ ᠲᠡᠬᠦᠣ᠂ 1342 ᠣᠨ ᠳᠤ | ᠮᠡᠨᠳᠣᠯᠡᠬᠡᠳ᠂ 1378 ᠣᠨ ᠳᠤ ᠬᠠᠭᠠᠨ ᠰᠠᠭᠤᠵᠣ᠂ 1388ᠣᠨ ᠳᠤ ᠬᠤᠣᠷᠯᠠᠭᠳᠠᠵᠠᠢ᠃ | ᠠᠷᠪᠠᠨ ᠨᠠᠢᠮᠠ᠂ ᠡᠩᠬᠡ ᠵᠣᠷᠢᠭᠳᠣ ᠬᠠᠭᠠᠨ᠄ ᠲᠡᠬᠦᠰᠳᠡᠮᠣᠷ ᠤᠨ ᠠᠬᠠᠮᠠᠳ ᠬᠦᠪᠡᠬᠦᠨ᠂ 1359 ᠣᠨ ᠳᠤ | ᠮᠡᠨᠳᠣᠯᠡᠬᠡᠳ᠂1389 ᠣᠨ ᠳᠤ ᠬᠠᠭᠠᠨ ᠰᠢᠷᠠᠭᠡᠨ ᠳᠤ ᠰᠠᠭᠤᠵᠣ᠂1392 ᠣᠨ ᠳᠤ ᠨᠠᠰᠣ ᠪᠠᠷᠠᠪᠠ᠃ | ᠠᠷᠪᠠ ᠶᠢᠰᠣ᠄ ᠡᠯᠪᠡᠭ ᠨᠢᠬᠦᠯᠡᠰᠣᠭ᠍ᠴᠢ ᠬᠠᠭᠠᠨ᠄ ᠡᠩᠭᠡ ᠵᠣᠷᠢᠭᠳᠣ ᠶᠢᠨ ᠲᠡᠬᠦᠣ᠂ 1361ᠣᠨ ᠳᠤ ᠮᠡᠨᠳᠣᠯᠡᠬᠡᠳ᠂ | 1393ᠣᠨ ᠳᠤ ᠬᠠᠭᠠᠨ ᠰᠢᠷᠡᠬᠡᠨ ᠳᠤ ᠰᠠᠭᠤᠵᠣ᠂ 1399 ᠣᠨ ᠳᠤ ᠠᠯᠠᠭᠳᠠᠵᠠᠢ᠃ | ᠬᠤᠷᠢ᠂ ᠬᠦᠨᠳᠡᠮᠣᠷ ᠬᠠᠭᠠᠨ᠄ ᠡᠯᠪᠡᠭ ᠬᠠᠭᠠᠨ ᠤ ᠬᠦᠪᠡᠬᠦᠨ᠂1377 ᠣᠨ ᠳᠤ ᠮᠡᠨᠳᠣᠯᠡᠬᠡᠳ᠂1400 ᠣᠨ ᠳᠤ | ᠬᠠᠭᠠᠨ ᠰᠢᠷᠡᠬᠡᠨ ᠳᠤ ᠰᠠᠭᠤᠵᠣ᠂1402 ᠣᠨ ᠳᠤ ᠠᠯᠠᠭᠳᠠᠵᠠᠢ᠃ | ᠬᠤᠷᠢᠨ ᠨᠢᠬᠡ᠂ ᠣᠶᠢᠷᠡᠳ ᠤᠨ ᠦᠬᠡᠴᠢ ᠬᠠᠰᠢᠬ᠎ᠠ ᠬᠠᠭᠠᠨ᠄1403 ᠣᠨ ᠳᠤ ᠪᠦᠬᠦ ᠮᠣᠩᠭᠤᠯ ᠤᠨ ᠬᠠᠭᠠᠨ ᠤ | ᠰᠠᠭᠤᠷᠢ ᠶᠢ ᠪᠣᠯᠢᠶᠠᠵᠣ ᠬᠠᠭᠠᠨ ᠰᠠᠭᠤᠭᠠᠳ᠂ 1408ᠣᠨ ᠳᠤ ᠠᠯᠠᠭᠳᠠᠵᠠᠢ᠃ | ᠬᠤᠷᠢᠨ ᠬᠤᠶᠠᠷ᠂ ᠦᠯᠵᠡᠶᠢᠳᠡᠮᠣᠷ ᠬᠠᠭᠠᠨ᠄ ᠬᠦᠨᠳᠡᠮᠣᠷ ᠬᠠᠭᠠᠨ ᠤ ᠲᠡᠬᠦᠣ᠂ 1378 ᠣᠨ ᠳᠤ ᠮᠡᠨᠳᠣᠯᠡᠬᠡᠳ᠂ | 1408 ᠣᠨ ᠳᠤ ᠬᠠᠭᠠᠨ ᠰᠠᠭᠤᠵᠣ᠂1411 ᠣᠨ ᠳᠤ ᠠᠯᠠᠭᠳᠠᠵᠠᠢ᠃ | ᠬᠤᠷᠢᠨ ᠭᠤᠷᠪᠠ᠂ ᠲᠡᠯᠪᠡᠭ ᠬᠠᠭᠠᠨ᠄ ᠦᠯᠵᠡᠶᠢᠳᠡᠮᠣᠷ ᠤᠨ ᠬᠦᠣ᠂1395 ᠣᠨ ᠳᠤ ᠮᠡᠨᠳᠣᠯᠡᠬᠡᠳ᠂1411 ᠣᠨ | ᠳᠤ ᠬᠠᠭᠠᠨ ᠰᠠᠭᠤᠵᠣ᠂1415 ᠣᠨ ᠳᠤ ᠨᠠᠰᠣ ᠪᠠᠷᠠᠪᠠ᠃ | ᠬᠤᠷᠢᠨ ᠲᠦᠷᠪᠡ᠂ ᠣᠶᠡᠷᠳᠡᠢ ᠬᠠᠭᠠᠨ᠄ ᠲᠡᠯᠪᠡᠭ ᠬᠠᠭᠠᠨ ᠤ ᠬᠦᠣ᠂1415 ᠣᠨ ᠠᠴᠠ1425 ᠣᠨ ᠬᠦᠷᠳᠡᠯ᠎ᠡ | ᠬᠠᠭᠠᠨ ᠰᠢᠷᠠᠬᠡᠨ ᠳᠤ ᠰᠠᠭᠤᠵᠠᠢ᠃ | ᠬᠤᠷᠢᠨ ᠲᠠᠪᠤ᠄ ᠠᠳᠡᠢ ᠬᠠᠭᠠᠨ᠄ ᠬᠠᠪᠣᠳᠣ ᠬᠠᠰᠡᠷ ᠤᠨ ᠬᠤᠶᠢᠴᠢᠰ ᠬᠠᠷᠭᠤᠴᠠᠭ ᠲᠦᠬᠦᠷᠡᠩ ᠤᠨ ᠬᠦᠣ᠂1400 | ᠣᠨ ᠳᠤ ᠮᠡᠨᠳᠣᠯᠡᠬᠡᠳ1426 ᠣᠨ ᠳᠤ ᠬᠠᠭᠠᠨ ᠰᠠᠭᠤᠵᠣ᠂1438 ᠣᠨ ᠳᠤ ᠣᠶᠢᠷᠡᠳ ᠤᠨ ᠲᠣᠭᠤᠭᠠᠨ | ᠲᠠᠶᠢᠰᠢ ᠳᠤ ᠠᠯᠠᠭᠳᠠᠪᠠ᠃ | ᠬᠤᠷᠢᠨ ᠵᠢᠷᠭᠤᠭ᠎ᠠ᠂ ᠲᠠᠶᠢᠰᠣᠩ ᠬᠠᠭᠠᠨ᠄ ᠠᠳᠡᠢ ᠬᠠᠭᠠᠨ ᠤ ᠶᠡᠭᠡ ᠬᠦᠣ᠂ 1422ᠣᠨ ᠳᠤ ᠮᠡᠨᠳᠣᠯᠡᠬᠡᠳ᠂ | 1439 ᠣᠨ ᠳᠤ ᠬᠠᠭᠠᠨ ᠰᠠᠭᠤᠵᠣ᠂1451 ᠣᠨ ᠳᠤ ᠬᠤᠣᠷᠯᠠᠭᠳᠠᠵᠠᠢ᠃ | ᠬᠤᠷᠢᠨ ᠲᠣᠯᠤᠭ᠎ᠠ᠄ ᠠᠭᠪᠠᠷᠵᠢᠨ ︵ᠵᠢᠨᠣᠩ︶ ᠬᠠᠭᠠᠨ᠄ ᠠᠳᠡᠢ ᠬᠠᠭᠠᠨ ᠤ ᠬᠤᠶᠠᠳᠣᠭᠠᠷ ᠬᠦᠣ᠂1423 ᠣᠨ ᠳᠤ | ᠮᠡᠨᠳᠣᠯᠡᠬᠡᠳ᠂1452 ᠣᠨ ᠳᠤ ᠬᠠᠭᠠᠨ ᠰᠠᠭᠤᠵᠣ ᠮᠦᠨ ᠣᠨ ᠳᠤ ᠠᠯᠠᠭᠳᠠᠵᠠᠢ᠃ | ᠬᠤᠷᠢᠨ ᠨᠠᠢᠮᠠ᠂ ᠣᠶᠢᠷᠠᠳ ᠤᠨ ᠡᠰᠡᠨ ︵ᠲᠠᠶᠢᠰᠢ︶ ᠬᠠᠭᠠᠨ᠄ ᠲᠣᠭᠤᠭᠠᠨ ᠲᠠᠶᠢᠰᠢ ᠶᠢᠨ ᠬᠦᠣ᠂1407 ᠣᠨ | ᠳᠤ ᠮᠡᠨᠳᠣᠯᠡᠬᠡᠳ᠂1452 ᠣᠨ ᠳᠤ ᠪᠦᠬᠦ ᠮᠣᠩᠭᠤᠯ ᠤᠨ ᠲᠦᠷᠣ ᠶᠢᠨ ᠡᠷᠬᠡ ᠶᠢ ᠪᠣᠯᠢᠶᠡᠵᠣ ᠬᠠᠭᠠᠨ ᠰᠠᠭᠤᠭᠠᠳ᠂ | 1455 ᠣᠨ ᠳᠤ ᠠᠯᠠᠭᠳᠠᠵᠠᠢ᠃ | ᠬᠤᠷᠢ ᠶᠢᠰᠣ᠂ ᠮᠠᠬᠠᠬᠦᠷᠬᠢᠰ ᠬᠠᠭᠠᠨ᠄ ᠲᠠᠶᠢᠰᠣᠩ ᠬᠠᠭᠠᠨ ᠤ ᠬᠤᠶᠠᠳᠣᠭᠠᠷ ᠬᠦᠪᠡᠬᠦᠨ᠂1446 ᠣᠨ ᠳᠤ | ᠮᠡᠨᠳᠣᠯᠡᠵᠣ᠂1455 ᠣᠨ ᠳᠤ ᠬᠠᠭᠠᠨ ᠰᠠᠭᠤᠵᠣ᠂1465 ᠣᠨ ᠳᠤ ᠠᠯᠠᠭᠳᠠᠵᠠᠢ᠃ | ᠭᠤᠴᠢ᠂ ᠮᠣᠯᠣᠨ ᠬᠠᠭᠠᠨ᠄ ᠲᠠᠶᠢᠰᠣᠩ ᠬᠠᠭᠠᠨ ᠤ ᠠᠬᠠᠮᠳ ᠬᠦᠣ᠂ 1437 ᠣᠨ ᠳᠤ ᠮᠡᠨᠳᠣᠯᠡᠬᠡᠳ᠂1465 | ᠣᠨ ᠳᠤ ᠬᠠᠭᠠᠨ ᠰᠠᠭᠤᠵᠣ᠂ 1466ᠣᠨ ᠳᠤ ᠠᠯᠠᠭᠳᠠᠵᠠᠢ᠃ | ᠭᠤᠴᠢᠨ ᠨᠢᠬᠡ᠂ ᠮᠠᠨᠳᠣᠭᠤᠯᠢ ᠬᠠᠭᠠᠨ᠄ ᠠᠳᠡᠢ ᠬᠠᠭᠠᠨ ᠤ ᠭᠤᠳᠠᠭᠠᠷ ᠬᠦᠣ᠂ 1426 ᠣᠨ ᠳᠤ ᠮᠡᠨᠳᠣᠯᠡᠬᠡᠳ᠂ | ᠪᠠᠶᠠᠨᠮᠦ᠋ᠡᠭᠭᠡ ︵ᠮᠠᠨᠳᠣᠭᠤᠯᠢ ᠬᠠᠭᠠᠨ ᠤ ᠬᠤᠶᠠᠳᠣᠭᠠᠷ ᠠᠬ᠎ᠠ ᠠᠭᠪᠠᠷᠵᠢᠨ ᠬᠠᠭᠠᠨ ᠤ ᠣᠮᠪᠣᠯᠣ︶ ᠵᠢᠨᠣᠩ | ᠬᠤᠶᠠᠭᠤᠯᠠ ᠡᠶ᠎ᠡ ᠨᠢᠬᠡᠳᠣᠨ ᠮᠣᠩᠭᠤᠯ ᠤᠨ ᠨᠡᠶᠢᠬᠡᠮ ᠤᠨ ᠰᠠᠮᠠᠭᠤᠨ ᠪᠠᠶᠢᠳᠠᠯ ᠢ ᠲᠦᠪᠰᠢᠷᠡᠬᠦᠯᠵᠣ᠂1466 ᠣᠨ | ᠠᠴᠠ1479 ᠣᠨ ᠪᠣᠯᠳᠠᠯ᠎ᠠ ᠮᠣᠩᠭᠤᠯ ᠤᠨ ᠲᠦᠷᠣ ᠶᠢᠨ ᠡᠷᠭᠡ ᠶᠢ ᠠᠳᠬᠤᠵᠠᠢ᠃ | ᠭᠤᠴᠢᠨ ᠬᠤᠶᠠᠷ᠂ ᠪᠠᠳᠦᠮᠦ᠋ᠡᠭᠭᠡ ᠲᠠᠶᠠᠨ ᠬᠠᠭᠠᠨ᠄ ᠪᠠᠶᠠᠨᠮᠦ᠋ᠡᠭᠭᠡ ᠵᠢᠨᠣᠩ ᠤᠨ ᠬᠦᠣ᠂1474 ᠣᠨ ᠳᠤ | ᠮᠡᠨᠳᠣᠯᠡᠬᠡᠳ1480 ᠣᠨ ᠳᠤ ᠬᠠᠭᠠᠨ ᠰᠠᠭᠤᠵᠣ᠂1517 ᠣᠨ ᠨᠠᠰᠣ ᠪᠠᠷᠠᠵᠠᠢ᠃ | ᠭᠤᠴᠢᠨ ᠭᠤᠷᠪᠠ᠂ ᠪᠠᠷᠰᠪᠣᠯᠣᠳ ᠰᠠᠶᠢᠨ ᠠᠯᠠᠭ ᠬᠠᠭᠠᠨ᠄ ᠪᠠᠳᠦᠮᠦ᠋ᠡᠭᠭᠡ ᠶᠢᠨ ᠭᠤᠳᠠᠭᠠᠷ ᠬᠦᠣ᠂1488 ᠣᠨ ᠳᠤ | ᠮᠡᠨᠳᠣᠯᠡᠬᠡᠳ᠂1517 ᠣᠨ ᠳᠤ ᠬᠠᠭᠠᠨ ᠰᠠᠭᠤᠷᠢᠨ ᠳᠤ ᠰᠠᠭᠤᠵᠣ᠂1519 ᠣᠨ ᠳᠤ ᠨᠠᠰᠣ ᠪᠠᠷᠠᠵᠠᠢ᠃ | ᠭᠤᠴᠢᠨ ᠲᠦᠷᠪᠠ᠂ ᠪᠣᠳᠢ ᠠᠯᠠᠭ ᠬᠠᠭᠠᠨ᠄ ᠪᠠᠳᠣᠮᠦ᠋ᠡᠭᠭᠡ ᠶᠢᠨ ᠬᠦᠣ ᠲᠦᠷᠣᠪᠣᠯᠣᠳ ᠤᠨ ᠣᠣᠭᠠᠨ ᠬᠦᠣ᠂ | 1505 ᠣᠨ ᠳᠤ ᠮᠡᠨᠳᠣᠯᠡᠬᠡᠳ᠂1519 ᠣᠨ ᠳᠤ ᠬᠠᠭᠠᠨ ᠰᠢᠷᠠᠬᠡᠨ ᠰᠠᠭᠤᠵᠣ᠂1547 ᠣᠨ ᠳᠤ ᠨᠠᠰᠣ | ᠪᠠᠷᠠᠪᠠ᠃ | ᠭᠤᠴᠢᠨ ᠲᠠᠪᠤ᠂ ᠲᠡᠷᠡᠶᠢᠰᠣᠨ ᠬᠦᠳᠡᠩ ᠬᠠᠭᠠᠨ᠄ ᠪᠣᠳᠢ ᠠᠯᠠᠭ ᠬᠠᠭᠠᠨ ᠤ ᠠᠬᠠᠮᠠᠳ ᠬᠦᠣ᠂1520 ᠣᠨ ᠳᠤ | ᠮᠡᠨᠳᠣᠯᠡᠬᠡᠳ᠂1548 ᠣᠨ ᠳᠤ ᠬᠠᠭᠠᠨ ᠰᠠᠭᠤᠵᠣ᠂1557 ᠣᠨ ᠳᠤ ᠨᠠᠰᠣ ᠪᠠᠷᠠᠵᠠᠢ᠃ | ᠭᠤᠴᠢᠨ ᠵᠢᠷᠭᠤᠭ᠎ᠠ᠂ ᠲᠦᠮᠡᠨ ᠵᠠᠰᠠᠭᠳᠣ ᠬᠠᠭᠠᠨ᠄ ᠲᠡᠷᠡᠶᠢᠰᠣᠨ ᠬᠠᠭᠠᠨ ᠤ ᠣᠣᠭᠠᠨ ᠬᠦᠪᠡᠬᠦᠨ᠂1539 ᠣᠨ | ᠳᠤ ᠮᠡᠨᠳᠣᠯᠡᠬᠡᠳ᠂1558 ᠣᠨ ᠳᠤ ᠬᠠᠭᠠᠨ ᠰᠠᠭᠤᠵᠣ᠂ 1592 ᠣᠨ ᠳᠤ ᠨᠠᠰᠣ ᠪᠠᠷᠠᠵᠢ᠃ | ᠭᠤᠴᠢᠨ ᠲᠣᠯᠤᠭ᠎ᠠ᠄ ᠪᠣᠶᠠᠨ ᠰᠡᠴᠡᠨ ᠬᠠᠭᠠᠨ᠄ ᠲᠦᠮᠡᠨ ᠵᠠᠰᠠᠭᠳᠣ ᠬᠠᠭᠠᠨ ᠤ ᠠᠬᠠᠮᠳ ᠬᠦᠪᠡᠬᠦᠨ᠂1555 ᠣᠨ | ᠳᠤ ᠮᠡᠨᠳᠣᠯᠡᠬᠡᠳ᠂1593 ᠣᠨ ᠳᠤ ᠬᠠᠭᠠᠨ ᠰᠠᠭᠤᠵᠣ᠂ 1603 ᠣᠨ ᠳᠤ ᠨᠠᠰᠣ ᠪᠠᠷᠠᠵᠠᠢ᠃ | ᠭᠤᠴᠢᠨ ᠨᠠᠢᠮᠠ᠂ ᠯᠢᠭᠳᠡᠨ ᠬᠤᠳᠣᠭᠳᠣ ᠬᠠᠭᠠᠨ᠄ ᠪᠣᠶᠠᠨ ᠰᠡᠴᠡᠨ ᠬᠠᠭᠠᠨ ᠤ ᠬᠦᠪᠡᠬᠦᠨ ᠮᠠᠩᠭᠤᠰ ᠲᠠᠶᠢᠵᠢ ᠶᠢᠨ | ᠬᠦᠪᠡᠬᠦᠨ᠂1592 ᠣᠨ ᠳᠤ ᠮᠡᠨᠳᠣᠯᠡᠬᠡᠳ᠂1604 ᠣᠨ ᠳᠤ ᠬᠠᠭᠠᠨ ᠰᠠᠭᠤᠵᠣ᠂1634 ᠣᠨ ᠳᠤ ᠨᠠᠰᠣ | ᠪᠠᠷᠠᠪᠠ᠃ | ᠡᠨᠡ ᠪᠣᠯ ᠮᠣᠩᠭᠤᠯ ᠲᠦᠷᠣ ᠶᠢᠨ ᠴᠢᠩᠬᠢᠰ ᠤᠨ ᠣᠭᠰᠠᠭᠠᠨ ᠤ ᠬᠠᠮᠤᠭ ᠰᠡᠬᠦᠯᠴᠢ ᠶᠢᠨ ᠬᠠᠭᠠᠨ ᠪᠣᠯᠣᠨ᠎ᠡ᠃ | ᠰᠦᠡᠭᠷᠣᠪ ᠤᠨ《 ᠭᠠᠶᠢᠬᠠᠮᠰᠢᠭᠳᠣ ᠣᠶᠢᠯᠡ ᠬᠡᠷᠡᠭ ᠤᠨ ᠲᠡᠮᠳᠡᠭᠯᠡᠯ》 ᠬᠡᠬᠦ ᠨᠣᠮ ᠠᠴᠠ | ᠨᠠᠶᠢᠷᠠᠭᠤᠯᠤᠭᠴᠢ᠄ ᠭᠡᠭᠡᠨᠲᠠᠨ᠎ᠠ | ᠵᠤᠬᠢᠶᠠᠭᠴᠢ᠄ ᠰᠦᠡᠭᠷᠣᠪ |