ᠴᠢᠭᠢᠭᠯᠢᠭ ᠭᠠᠵᠠᠷ ᠢ ᠬᠠᠶᠢᠨ ᠰᠢᠨᠵᠢᠯᠡᠬᠦ : ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠠᠬᠠᠮᠠᠳ ᠰᠢᠨᠵᠢᠯᠡᠬᠦ ᠤᠬᠠᠭᠠᠨᠲᠠᠨ ᠤ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠲᠠᠶᠢᠯᠤᠮᠵᠢ ᠰᠤᠷᠤᠭᠴᠢᠳ ᠤᠨ ᠰᠢᠨᠵᠢᠯᠡᠬᠦ ᠤᠬᠠᠭᠠᠨ ᠤ ᠬᠠᠯᠠᠭᠤᠨ ᠰᠡᠳᠬᠢᠯᠭᠡ ᠶᠢ ᠬᠥᠭᠵᠢᠭᠡᠨ᠎ᠡ
ᠨᠡᠶᠢᠲᠡᠯᠡᠭᠰᠡᠨ ᠴᠠᠭ᠄
2025/6/3
    ᠣᠶᠢᠷ᠎ᠠ ᠳᠤ᠂ ᠠᠮᠢ ᠠᠬᠤᠶ ᠶᠢᠨ ᠮᠡᠳᠡᠯᠭᠡ ᠶᠢ ᠲᠦᠭᠡᠮᠡᠯᠵᠢᠭᠦᠯᠵᠦ᠂ ᠰᠤᠷᠤᠭᠴᠢᠳ ᠤᠨ ᠣᠷᠴᠢᠨ ᠠᠬᠤᠶ ᠶᠢ ᠬᠠᠮᠠᠭᠠᠯᠠᠬᠤ ᠤᠬᠠᠮᠰᠠᠷ ᠢ ᠨᠡᠮᠡᠭᠳᠡᠭᠦᠯᠬᠦ ᠶᠢᠨ ᠲᠥᠯᠥᠭᠡ᠂ ᠭᠤᠷᠪᠠᠳᠤᠭᠠᠷ ᠲᠤᠷᠰᠢᠯᠲᠠ ᠶᠢᠨ ᠪᠠᠭ᠎ᠠ ᠰᠤᠷᠭᠠᠭᠤᠯᠢ ᠨᠢ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠰᠢᠨ᠎ᠡ ᠰᠡᠪᠡᠭᠦᠨ ᠲᠠᠶᠢᠯᠤᠮᠵᠢ ᠶᠢ ᠤᠭᠲᠤᠨ ᠠᠪᠴᠢᠷᠠᠵᠠᠶ᠃ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠠᠬᠠᠮᠠᠳ ᠰᠢᠨᠵᠢᠯᠡᠬᠦ ᠤᠬᠠᠭᠠᠨᠲᠠᠨ ᠴᠧᠨ ᠬᠤᠩ ᠤᠷᠢᠯᠭ᠎ᠠ ᠪᠠᠷ ᠰᠤᠷᠭᠠᠭᠤᠯᠢ ᠶᠢᠨ ᠬᠦᠷᠢᠶᠡᠨ ᠳᠤ ᠣᠷᠣᠵᠤ᠂ ᠪᠠᠭᠰᠢ ᠰᠤᠷᠤᠭᠴᠢᠳ ᠲᠤ《 ᠴᠢᠭᠢᠭᠯᠢᠭ ᠭᠠᠵᠠᠷ᠂ ᠰᠢᠯᠦᠭ ᠤᠨ ᠭᠠᠵᠠᠷ 》ᠭᠡᠬᠦ ᠭᠤᠣᠯ ᠰᠡᠳᠦᠪᠲᠦ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠦᠪᠡᠳᠡᠭᠰᠢ ᠳᠠᠶᠢᠯᠠᠯᠭ᠎ᠠ ᠶᠢ ᠠᠪᠴᠢᠷᠠᠪᠠ᠃
11.jpg
    ᠴᠧᠨ ᠬᠤᠩ ᠫᠷᠤᠹᠧᠰᠰᠤᠷ ᠪᠣᠯ ᠠᠭᠠᠷ ᠤᠨ ᠴᠡᠷᠢᠭ ᠤᠨ ᠵᠢᠯᠣᠭᠤᠳᠬᠤ ᠳᠡᠭᠡᠳᠦ ᠰᠤᠷᠭᠠᠭᠤᠯᠢ ᠶᠢᠨ ᠫᠷᠤᠹᠧᠰᠰᠤᠷ᠂ ᠠᠰᠫᠢᠷᠠᠨᠲ ᠤᠨ ᠵᠢᠯᠤᠭᠤᠳᠤᠭᠴᠢ ᠪᠠᠭᠰᠢ ᠪᠠ ᠰᠢᠨᠵᠢᠯᠡᠭᠡᠨ ᠤ ᠰᠠᠯᠠᠭ᠎ᠠ ᠶᠢᠨ ᠳᠠᠭᠠᠭᠤᠯᠤᠭᠴᠢ᠂ ᠠᠭᠠᠷ ᠤᠨ ᠴᠡᠷᠢᠭ ᠤᠨ ᠲᠦᠷᠦᠭᠦᠦ ᠪᠦᠯᠦᠭ ᠳᠡᠭᠡᠳᠦ ᠲᠡᠰ ᠤᠨ ᠰᠢᠨᠵᠢᠯᠡᠬᠦ ᠤᠬᠠᠭᠠᠨ ᠮᠡᠷᠭᠡᠵᠢᠯ ᠤᠨ ᠴᠢᠳᠠᠪᠤᠷᠢᠲᠠᠨ ᠪᠣᠯᠤᠭᠰᠠᠨ ᠤ ᠬᠤᠪᠢ ᠳᠤ᠂ ᠲᠡᠷᠡ ᠤᠷᠳᠦ ᠬᠤᠭᠤᠴᠠᠭ᠎ᠠ ᠪᠠᠷ ᠠᠭᠠᠷ ᠤᠨ ᠴᠡᠷᠢᠭ ᠤᠨ ᠪᠠᠶᠢᠯᠳᠤᠬᠤ ᠪᠤᠳᠦᠯᠭ᠎ᠠ ᠪᠠ ᠪᠠᠶᠢᠯᠳᠤᠭᠠᠨ ᠢ ᠵᠢᠯᠣᠭᠤᠳᠬᠤ ᠬᠦᠷᠢᠶᠡᠨ ᠳᠠᠬᠢ ᠰᠤᠳᠤᠯᠭᠠᠨ ᠳᠤ ᠵᠢᠳᠬᠦᠵᠦ᠂ ᠭᠦᠨ ᠵᠤᠵᠠᠭᠠᠨ ᠡᠷᠳᠡᠮ ᠰᠢᠨᠵᠢᠯᠡᠭᠡᠨ ᠤ ᠰᠠᠭᠤᠷᠢ ᠪᠠ ᠡᠯᠪᠡᠭ ᠪᠠᠶᠠᠯᠢᠭ ᠦᠢᠯᠡᠳᠦᠯᠭᠡ ᠶᠢᠨ ᠲᠤᠷᠰᠢᠯᠭ᠎ᠠ ᠲᠠᠢ ᠶᠤᠮ᠃ ᠡᠭᠦᠨ ᠢᠶᠠᠷ ᠪᠠᠷᠠᠬᠤ ᠦᠭᠡᠶ᠂ ᠴᠧᠨ ᠫᠷᠤᠹᠧᠰᠰᠤᠷ ᠲᠥᠪ ᠤᠨ ᠲᠧᠯᠸᠢᠰ ᠬᠤᠷᠢᠶ᠎ᠠ ᠪᠣᠯᠤᠨ ᠲᠥᠪ ᠤᠨ ᠠᠷᠠᠳ ᠤᠨ ᠷᠠᠳᠢᠣ᠋ ᠨᠡᠪᠲᠡᠷᠡᠭᠦᠯᠭᠡ ᠶᠢᠨ ᠬᠤᠷᠢᠶᠠᠨ ᠤ ᠣᠨᠴᠠ ᠤᠷᠢᠭᠰᠠᠨ ᠴᠡᠷᠢᠭ ᠤᠨ ᠶᠠᠪᠤᠳᠠᠯ ᠤᠨ ᠰᠢᠭᠦᠮᠵᠢᠯᠡᠭᠴᠢ ᠪᠣᠯᠵᠤ᠂ ᠣᠯᠠᠨ ᠤᠳᠠᠭ᠎ᠠ ᠴᠡᠷᠢᠭ ᠤᠨ ᠶᠠᠪᠤᠳᠠᠯ ᠤᠨ ᠬᠠᠯᠠᠭᠤᠨ ᠴᠡᠭ ᠢ ᠵᠠᠭᠤᠴᠢᠯᠠᠭᠤᠷ ᠲᠤ ᠲᠠᠶᠢᠯᠪᠤᠷᠢᠯᠠᠨ ᠥᠭᠴᠦ᠂ ᠭᠦᠨᠵᠡᠭᠡᠶ ᠪᠥᠭᠡᠳ ᠣᠶᠢᠯᠠᠭᠠᠮᠵᠢᠲᠠᠶ᠂ ᠠᠮᠢᠳᠤᠯᠢᠭ ᠳᠦᠷᠰᠦᠯᠢᠭ ᠲᠠᠶᠢᠯᠪᠤᠷᠢᠯᠠᠨ ᠲᠠᠶᠢᠯᠪᠤᠷᠢᠯᠠᠬᠤ ᠬᠡᠪ ᠨᠠᠮᠪᠠ ᠪᠠᠷ ᠢᠶᠠᠨ ᠣᠯᠠᠨ ᠤ ᠪᠠᠭ᠋ᠠᠷᠬᠠᠯ ᠢ ᠶᠡᠬᠡᠳᠡ ᠣᠯᠤᠭᠰᠠᠨ ᠪᠠᠶᠢᠨ᠎ᠠ᠃ ᠡᠨᠡ ᠤᠳᠠᠭ᠎ᠠ᠂ ᠴᠧᠨ ᠫᠷᠤᠹᠧᠰᠰᠤᠷ ᠬᠠᠷᠠᠭ᠎ᠠ ᠪᠠᠨ ᠬᠤᠪᠢᠷᠠᠭᠤᠯᠵᠤ᠂ ᠠᠩᠬᠠᠷᠤᠯ ᠤᠨ ᠴᠡᠭ ᠢᠶᠠᠨ ᠴᠢᠭᠢᠭᠯᠢᠭ ᠭᠠᠵᠠᠷ ᠤᠨ ᠠᠮᠢ ᠠᠬᠤᠢ ᠶᠢᠨ ᠬᠦᠷᠢᠶᠡᠨ ᠳᠤ ᠲᠥᠪᠯᠡᠷᠡᠭᠦᠯᠵᠦ᠂ ᠪᠠᠭᠰᠢ ᠰᠤᠷᠤᠭᠴᠢᠳ ᠲᠤ ᠴᠣ ᠰᠢᠨ᠎ᠡ ᠮᠡᠳᠡᠯᠭᠡ ᠶᠢᠨ ᠴᠣᠩᠬᠤ ᠶᠢ ᠨᠡᠭᠡᠭᠡᠵᠦ ᠥᠭᠴᠡᠢ᠃    ᠲᠠᠶᠢᠯᠤᠮᠵᠢ ᠡᠬᠢᠯᠡᠮᠡᠭᠴᠡ᠂ ᠴᠧᠨ ᠬᠤᠩ ᠫᠷᠤᠹᠧᠰᠰᠤᠷ ᠲᠦᠢᠯ ᠤᠨ ᠨᠥᠯᠥᠭᠡᠯᠡᠬᠦ ᠬᠦᠴᠦᠨ ᠲᠠᠢ ᠦᠭᠡ ᠬᠡᠯᠡ ᠪᠠᠷ᠂ ᠴᠢᠭᠢᠭᠯᠢᠭ ᠭᠠᠵᠠᠷ ᠤᠨ ᠳᠡᠯᠡᠬᠡᠢ ᠶᠢᠨ ᠪᠥᠮᠪᠥᠷᠴᠡᠭ ᠤᠨ ᠠᠮᠢ ᠠᠬᠤᠢ ᠶᠢᠨ ᠰᠢᠰᠲ᠋ᠧᠮ ᠳᠠᠬᠢ ᠥᠪᠡᠷᠮᠢᠴᠡ ᠪᠠᠶᠢᠷᠢ ᠰᠠᠭᠤᠷᠢ ᠶᠢ ᠶᠠᠷᠢᠵᠤ᠂ ᠴᠢᠭᠢᠭᠯᠢᠭ ᠭᠠᠵᠠᠷ ᠢ《 ᠳᠡᠯᠡᠬᠡᠢ ᠶᠢᠨ ᠪᠥᠮᠪᠥᠷᠴᠡᠭ ᠤᠨ ᠪᠥᠭᠡᠷ᠎ᠡ 》ᠬᠡᠮᠡᠨ ᠵᠦᠢᠷᠯᠡᠵᠦ᠂ ᠴᠢᠭᠢᠭᠯᠢᠭ ᠭᠠᠵᠠᠷ ᠤᠨ ᠠᠮᠢ ᠠᠬᠤᠢ ᠶᠢᠨ ᠲᠡᠩᠴᠡᠭᠦᠷᠢ ᠶᠢ ᠬᠠᠮᠠᠭᠠᠯᠠᠬᠤ᠂ ᠤᠰᠤᠨ ᠤ ᠡᠬᠢ ᠰᠤᠷᠪᠤᠯᠵᠢ ᠶᠢ ᠬᠠᠳᠠᠭᠠᠯᠠᠬᠤ᠂ ᠤᠰᠤᠨ ᠤ ᠴᠢᠨᠠᠷ ᠢ ᠴᠡᠪᠡᠷᠰᠢᠭᠦᠯᠬᠦ᠂ ᠠᠭᠤᠷ ᠠᠮᠢᠰᠬᠤᠯ ᠢ ᠲᠤᠬᠢᠷᠠᠭᠤᠯᠬᠤ ᠵᠡᠷᠭᠡ ᠲᠠᠯ᠎ᠠ ᠶᠢᠨ ᠴᠢᠬᠤᠯᠠ ᠦᠢᠯᠡᠳᠦᠯ ᠢ ᠠᠮᠢᠳᠤᠯᠢᠭ ᠳᠦᠷᠰᠦᠯᠢᠭ ᠢᠶᠠᠷ ᠲᠣᠳᠣᠷᠬᠠᠶᠢᠯᠠᠨ ᠥᠭᠦᠯᠡᠪᠡ᠃ ᠲᠡᠷᠡ ᠪᠠᠰᠠ ᠨᠠᠷᠢᠯᠢᠭ ᠰᠠᠶᠢᠬᠠᠨ ᠵᠢᠷᠤᠭ ᠪᠠ ᠨᠠᠷᠢᠨ ᠪᠣᠳᠠᠲᠠᠶ ᠲᠤᠭ᠎ᠠ ᠪᠠᠷᠢᠮᠲᠠ ᠪᠠᠷ ᠪᠥᠬᠦ ᠪᠥᠮᠪᠥᠷᠴᠡᠭ ᠤᠨ ᠡᠯ᠎ᠡ ᠲᠥᠷᠥᠯ ᠤᠨ ᠴᠢᠭᠢᠭᠯᠢᠭ ᠭᠠᠵᠠᠷ ᠤᠨ ᠰᠦᠷᠯᠢᠭ ᠰᠠᠶᠢᠬᠠᠨ ᠦᠵᠡᠮᠵᠢ ᠪᠠ ᠡᠯᠪᠡᠭ ᠪᠠᠶᠠᠯᠢᠭ ᠠᠮᠢᠳᠤ ᠪᠣᠳᠠᠰ ᠤᠨ ᠣᠯᠠᠨ ᠶᠠᠩᠵᠤᠲᠤ ᠴᠢᠨᠠᠷ ᠢ ᠬᠠᠮᠲᠤ ᠰᠤᠷᠤᠭᠴᠢᠳ ᠲᠤ ᠳᠡᠯᠭᠡᠨ ᠦᠵᠡᠭᠦᠯᠵᠦ᠂ ᠥᠷᠭᠡᠨ ᠠᠭᠤᠳᠠᠮ ᠨᠠᠮᠤᠭ ᠭᠠᠵᠠᠷ ᠠᠴᠠ ᠨᠠᠮ ᠰᠡᠯᠡᠭᠦᠨ ᠨᠠᠭᠤᠷ᠂ ᠮᠤᠷᠤᠯᠵᠠᠨ ᠤᠷᠤᠰᠬᠤ ᠭᠤᠤᠯ ᠮᠥᠷᠡᠨ ᠠᠴᠠ ᠬᠥᠮᠦᠨ ᠢ ᠰᠣᠭᠲᠣᠷᠠᠭᠤᠯᠤᠮ᠎ᠠ ᠲᠡᠯᠡᠶ ᠶᠢᠨ ᠲᠠᠩ ᠳᠤ ᠬᠦᠷᠴᠦ᠂ ᠬᠠᠮᠲᠤ ᠰᠤᠷᠤᠭᠴᠢᠳ ᠲᠤ ᠶᠠᠭ ᠯᠠ ᠪᠡᠶ᠎ᠡ ᠪᠠᠷ ᠢᠶᠠᠨ ᠬᠦᠷᠴᠦ ᠪᠠᠶᠢᠬᠤ ᠰᠢᠭ᠋ ᠰᠠᠨᠠᠭᠳᠠᠭᠤᠯᠤᠨ᠂ ᠴᠢᠭᠢᠭᠯᠢᠭ ᠭᠠᠵᠠᠷ ᠤᠨ ᠥᠪᠡᠷᠮᠢᠴᠡ ᠷᠢᠳᠢ ᠰᠢᠳᠢ ᠶᠢ ᠭᠠᠶᠢᠬᠠᠭᠤᠯᠤᠭᠰᠠᠨ ᠪᠠᠶᠢᠨ᠎ᠠ᠃    ᠲᠠᠶᠢᠯᠤᠮᠵᠢ ᠬᠢᠬᠦ ᠶᠠᠪᠤᠴᠠ ᠳᠤ᠂ ᠴᠧᠨ ᠫᠷᠤᠹᠧᠰᠰᠤᠷ ᠮᠠᠨ ᠤ ᠤᠯᠤᠰ ᠤᠨ ᠡᠯᠪᠡᠭ ᠪᠠᠶᠠᠯᠢᠭ ᠴᠢᠭᠢᠭᠯᠢᠭ ᠭᠠᠵᠠᠷ ᠤᠨ ᠡᠬᠢ ᠪᠠᠶᠠᠯᠢᠭ ᠵᠢᠴᠢ ᠲᠤᠯᠭᠠᠷᠠᠵᠤ ᠪᠠᠶᠢᠭ᠎ᠠ ᠬᠠᠮᠠᠭᠠᠯᠠᠯᠲᠠ ᠶᠢᠨ ᠥᠷᠢᠰᠥᠯᠳᠦᠭᠡᠨ ᠢ ᠣᠨᠴᠠᠭᠠᠶᠢᠯᠠᠨ ᠴᠢᠬᠤᠯᠠᠴᠢᠯᠠᠪᠠ᠃ ᠲᠡᠷᠡ ᠴᠢᠭᠢᠭᠯᠢᠭ ᠭᠠᠵᠠᠷ ᠲᠤ ᠠᠮᠢᠳᠤᠷᠠᠵᠤ ᠪᠠᠶᠢᠭ᠎ᠠ ᠮᠠᠰᠢ ᠣᠯᠠᠨ ᠬᠤᠪᠣᠷ ᠴᠤᠬᠠᠭ ᠠᠮᠢᠲᠠᠨ ᠤᠷᠭᠤᠮᠠᠯ᠂ ᠵᠢᠱᠢᠶᠡᠯᠡᠪᠡᠯ ᠠᠯ ᠰᠡᠭᠦᠯ᠂ ᠳᠤᠮᠳᠠᠳᠤ ᠶᠢᠨ ᠨᠠᠮᠤᠷ ᠤᠨ ᠡᠯᠡᠰᠦᠨ ᠨᠤᠭᠤᠰᠤ᠂ ᠤᠰᠤᠨ ᠴᠦᠭᠦᠷᠰᠦ ᠵᠡᠷᠭᠡ ᠠᠴᠠ ᠵᠢᠱᠢᠶ᠎ᠡ ᠲᠠᠲᠠᠵᠤ᠂ ᠲᠡᠳᠡᠨ ᠤ ᠴᠢᠭᠢᠭᠯᠢᠭ ᠭᠠᠵᠠᠷ ᠯᠤᠭ᠎ᠠ ᠶᠢᠨ ᠬᠠᠷᠢᠯᠴᠠᠨ ᠲᠦᠰᠢᠯᠴᠡᠨ ᠣᠷᠣᠰᠢᠬᠤ ᠬᠠᠷᠢᠴᠠᠭ᠎ᠠ ᠶᠢ ᠶᠠᠷᠢᠵᠤ᠂ ᠴᠢᠭᠢᠭᠯᠢᠭ ᠭᠠᠵᠠᠷ ᠢ ᠬᠠᠮᠠᠭᠠᠯᠠᠬᠤ ᠪᠣᠯ ᠳᠠᠷᠤᠶ ᠡᠲᠡᠭᠡᠷ ᠬᠤᠪᠣᠷ ᠨᠠᠨᠳᠢᠨ ᠠᠮᠢᠳᠤ ᠪᠣᠳᠠᠰ ᠤᠨ ᠬᠡᠷ ᠣᠷᠣᠨ ᠢ ᠬᠠᠮᠠᠭᠠᠯᠠᠵᠤ ᠪᠠᠶᠢᠭ᠎ᠠ ᠶᠠᠪᠤᠳᠠᠯ ᠮᠥᠨ᠂ ᠳᠠᠷᠤᠶ ᠳᠡᠯᠡᠬᠡᠶ ᠶᠢᠨ ᠪᠥᠮᠪᠥᠷᠴᠡᠭ ᠤᠨ ᠠᠮᠢ ᠠᠬᠤᠶ ᠶᠢᠨ ᠣᠯᠠᠨ ᠶᠠᠩᠵᠤᠲᠤ ᠴᠢᠨᠠᠷ ᠢ ᠬᠠᠮᠠᠭᠠᠯᠠᠵᠤ ᠪᠠᠶᠢᠭ᠎ᠠ ᠶᠠᠪᠤᠳᠠᠯ ᠮᠥᠨ ᠭᠡᠳᠡᠭ ᠢ ᠬᠠᠮᠲᠤ ᠰᠤᠷᠤᠭᠴᠢᠳ ᠲᠤ ᠭᠦᠨᠵᠡᠭᠡᠶ ᠲᠠᠨᠢᠭᠤᠯᠪᠠ᠃    ᠲᠠᠶᠢᠯᠤᠮᠵᠢ ᠳᠠᠭᠤᠰᠤᠭᠰᠠᠨ ᠤ ᠳᠠᠷᠠᠭ᠎ᠠ᠂ ᠴᠥᠭᠡᠨ ᠪᠤᠰᠤ ᠰᠤᠷᠤᠭᠴᠢᠳ ᠮᠥᠨ ᠯᠡ ᠰᠡᠳᠬᠢᠯ ᠬᠠᠨᠤᠭᠠᠳᠤᠶ ᠪᠠᠶᠢᠭᠰᠠᠭᠠᠷ᠂ ᠴᠧᠨ ᠫᠷᠤᠹᠧᠰᠰᠤᠷ ᠢ ᠲᠣᠭᠤᠷᠢᠨ ᠰᠠᠨᠠᠯ ᠢᠶᠠᠨ ᠦᠷᠭᠦᠯᠵᠢᠯᠡᠨ ᠰᠣᠯᠢᠯᠴᠠᠪᠠ᠃ ᠲᠤᠰ ᠤᠳᠠᠭᠠᠨ ᠤ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠲᠠᠶᠢᠯᠤᠮᠵᠢ ᠨᠢ ᠭᠤᠷᠪᠠᠳᠤᠭᠠᠷ ᠲᠤᠷᠰᠢᠯᠲᠠ ᠶᠢᠨ ᠪᠠᠭ᠎ᠠ ᠰᠤᠷᠭᠠᠭᠤᠯᠢ ᠶᠢᠨ ᠪᠠᠭᠰᠢ ᠰᠤᠷᠤᠭᠴᠢᠳ ᠲᠤ ᠴᠢᠭᠢᠭᠯᠢᠭ ᠭᠠᠵᠠᠷ ᠤᠨ ᠮᠡᠳᠡᠯᠭᠡ ᠶᠢ ᠭᠦᠨᠵᠡᠭᠡᠢ ᠤᠢᠢᠯᠠᠭᠠᠭᠤᠯᠤᠭᠰᠠᠨ ᠢᠶᠠᠷ ᠪᠠᠷᠠᠬᠤ ᠦᠭᠡᠢ᠂ ᠨᠡᠩ ᠴᠤ ᠲᠡᠳᠡᠨ ᠤ ᠰᠡᠳᠬᠢᠯ ᠳᠤ ᠪᠠᠶᠢᠭᠠᠯᠢ ᠶᠢ ᠬᠠᠶᠢᠷᠠᠯᠠᠬᠤ᠂ ᠣᠷᠴᠢᠨ ᠲᠣᠭᠤᠷᠢᠨ ᠢ ᠬᠠᠮᠠᠭᠠᠯᠠᠬᠤ ᠦᠷ᠎ᠡ ᠲᠠᠷᠢᠵᠠᠢ᠃ ᠲᠤᠭᠤᠷᠢᠭ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠨᠡᠶᠢᠭᠡᠮᠯᠢᠭ᠂ ᠢᠷᠡᠭᠡᠳᠦᠶ ᠳᠤ ᠡᠯ᠎ᠡ ᠲᠥᠷᠥᠯ ᠤᠨ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠠᠵᠢᠯᠯᠠᠭ᠎ᠠ ᠶᠢ ᠦᠷᠭᠦᠯᠵᠢᠯᠡᠨ ᠢᠳᠡᠪᠬᠢᠲᠡᠶ ᠥᠷᠨᠢᠭᠦᠯᠵᠦ᠂ ᠰᠤᠷᠤᠭᠴᠢᠳ ᠲᠤ ᠰᠢᠨᠵᠢᠯᠡᠬᠦ ᠤᠬᠠᠭᠠᠨ ᠤ ᠮᠡᠳᠡᠯᠭᠡ ᠲᠠᠢ ᠨᠠᠩ ᠣᠯᠠᠨ ᠣᠶᠢᠷᠠᠳᠬᠤ ᠵᠠᠪᠰᠢᠶᠠᠨ ᠬᠠᠩᠭᠠᠵᠤ᠂ ᠰᠤᠷᠤᠭᠴᠢᠳ ᠤᠨ ᠪᠥᠬᠦ ᠲᠠᠯ᠎ᠠ ᠪᠠᠷ ᠦᠰᠦᠨ ᠪᠤᠶᠢᠵᠢᠬᠤ ᠳᠤ ᠬᠦᠴᠦᠨ ᠨᠡᠮᠡᠷᠢᠯᠡᠨ᠎ᠡ ᠭᠡᠵᠦ ᠢᠯᠡᠳᠬᠡᠪᠡ᠃
 
ᠢᠷᠡᠯᠲᠡ᠄ ᠵᠢᠦ ᠶᠤᠸᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号