| | | ᠲᠦᠭᠦᠬᠡᠢ ᠮᠠᠲ᠋ᠧᠷᠢᠶᠠᠯ᠄ ᠬᠦᠮᠡᠯᠢ᠂ ᠲᠥᠮᠥᠰᠥ᠃ ᠡᠩ ᠲᠡᠷᠢᠬᠦᠨ ᠳᠤ ᠲᠥᠮᠥᠰᠥ ᠶᠢ ᠬᠠᠯᠢᠰᠤᠯᠠᠨ ᠤᠬᠢᠶᠠᠵᠤ᠂ | ᠵᠢᠵᠢᠭ ᠭᠠᠯ ᠢᠶᠠᠷ ᠵᠢᠩᠨᠠᠵᠤ ᠪᠣᠯᠭᠤᠭᠠᠳ ᠨᠦᠳᠦᠵᠤ ᠪᠠᠯᠪᠠᠯᠠᠭᠠᠳ ᠰᠢᠪᠠᠷᠯᠢᠭ ᠪᠣᠯᠭᠠᠨ᠎ᠡ᠃ ᠳᠠᠷᠠᠭ᠎ᠠ ᠨᠢ | ᠤᠬᠢᠶᠠᠭᠰᠠᠨ ᠬᠦᠮᠡᠯᠢ ᠶᠢ ᠪᠠᠷᠤᠭ 5cm ᠤᠷᠲᠤ ᠬᠡᠷᠴᠢᠵᠦ᠂ ᠨᠦᠳᠦᠭᠰᠡᠨ ᠲᠦᠮᠦᠰᠦᠨ ᠳᠤ ᠬᠤᠯᠢᠵᠤ ᠵᠢᠭᠳᠡ | ᠬᠤᠳᠬᠤᠵᠤ᠂ ᠵᠣᠬᠢᠬᠤ ᠬᠡᠮᠵᠢᠶᠡᠨ ᠤ ᠳᠠᠪᠤᠰᠤ ᠬᠢᠪᠡᠯ ᠪᠣᠯᠴᠢᠬᠠᠨ᠎ᠠ᠃ ᠲᠥᠮᠥᠰᠥ ᠲᠠᠢ ᠨᠠᠶᠢᠷᠠᠭᠰᠠᠨ ᠬᠦᠮᠡᠯᠢ ᠨᠢ | ᠢᠳᠡᠬᠦ ᠳᠤ ᠭᠤᠱᠤᠭᠤᠨ ᠦᠭᠡᠢ ᠭᠤᠴᠤ ᠠᠮᠳᠠᠳᠠᠢ ᠪᠠᠶᠢᠳᠠᠭ᠃ ᠡᠶᠢᠮᠦ ᠠᠷᠭ᠎ᠠ ᠪᠠᠷ ᠨᠠᠶᠢᠷᠠᠭᠤᠯᠤᠭᠰᠠᠨ ᠬᠦᠮᠡᠯᠢ | ᠲᠦᠮᠦᠰᠦᠨ ᠤ ᠵᠢᠭᠤᠷᠠᠮᠠᠭ ᠨᠢ ᠲᠡᠵᠢᠭᠡᠯ ᠡᠯᠪᠡᠭ᠂ ᠠᠮᠲᠠ ᠪᠠᠷ ᠥᠪᠡᠷᠮᠢᠴᠡ᠂ ᠨᠡᠩ ᠴᠤ ᠪᠠᠶᠢᠭᠠᠯᠢᠯᠢᠭ ᠪᠣᠬᠢᠷᠳᠤᠯ | ᠦᠭᠡᠢ ᠢᠳᠡᠭᠡᠨ ᠪᠣᠯᠬᠤ ᠶᠤᠮ᠃ ᠬᠡᠭᠡᠷ᠎ᠡ ᠶᠢᠨ ᠬᠦᠮᠡᠯᠢ ᠳᠤ ᠤᠷᠭᠤᠮᠠᠯ ᠤᠨ ᠤᠭᠤᠷᠠᠭ ᠡᠯᠪᠡᠭ᠂ ᠤᠷᠭᠤᠮᠠᠯ ᠤᠨ | ᠰᠢᠷᠬᠡᠭᠯᠢᠭ ᠪᠣᠯᠤᠨ ᠬᠥᠮᠦᠨ ᠤ ᠪᠡᠶ᠎ᠡ ᠳᠤ ᠱᠠᠭᠠᠷᠳᠠᠬᠤ ᠡᠷᠦᠳᠡᠰᠦ᠂ ᠸᠢᠲ᠋ᠠᠮᠢᠨ ᠵᠡᠷᠭᠡ ᠣᠯᠠᠨ ᠵᠦᠢᠯ ᠤᠨ ᠲᠡᠵᠢᠭᠡᠯ | ᠪᠠᠶᠢᠳᠠᠭ᠃ ︽ᠮᠣᠩᠭᠤᠯ ᠡᠮ ᠤᠨ ᠲᠣᠯᠢ︾ ᠳᠤ ᠲᠡᠮᠳᠡᠭᠯᠡᠭᠰᠡᠨ ᠢᠶᠠᠷ᠂ ᠬᠦᠮᠡᠯᠢ ᠨᠢ ᠴᠢᠰᠤᠨ ᠳᠠᠷᠤᠯᠲᠠ ᠶᠢ | ᠪᠠᠭᠤᠷᠠᠭᠤᠯᠬᠤ᠂ ᠴᠢᠰᠤᠨ ᠥᠭᠡᠬᠦ ᠪᠠᠭᠤᠷᠠᠭᠤᠯᠬᠤ᠂ ᠬᠤᠳᠣᠭᠤᠳᠣ ᠶᠢ ᠲᠤᠰᠠᠯᠠᠵᠤ ᠢᠳᠡᠭᠡ ᠶᠢ ᠰᠢᠩᠭᠡᠭᠡᠬᠦ᠂ | ᠬᠤᠷᠭᠤᠰᠣᠯᠠᠬᠤ ᠶᠢ ᠵᠠᠰᠠᠬᠤ ᠣᠨᠴᠠᠭᠠᠢ ᠦᠢᠯᠡᠳᠦᠯ ᠲᠠᠢ᠃ |