ᠬᠠᠭᠤᠴᠢ ᠦᠭᠡᠨ ᠳᠤ ︽ᠳᠠᠯ᠎ᠠ ᠬᠦᠷᠦᠭᠰᠡᠳ ᠡᠷᠲᠡᠨ ᠠᠴᠠ ᠴᠦᠬᠡᠨ︾ ᠭᠡᠵᠤ ᠬᠡᠯᠡᠳᠡᠭ ᠰᠠᠨ᠃ ᠤᠯᠠᠩᠬᠢ | ᠬᠦᠮᠦᠰ ᠳᠠᠯ᠎ᠠ ᠬᠦᠷᠦᠮᠡᠭᠴᠡ ᠰᠠᠬᠠᠯ ᠰᠠᠨᠴᠢᠭ ᠨᠢ ᠴᠠᠶᠢᠵᠤ᠂ ᠨᠢᠳᠦ ᠴᠢᠬᠢ ᠨᠢ ᠮᠠᠭᠤᠲᠠᠳᠠᠭ᠃ ᠦᠲᠡᠯᠬᠦ ᠭᠡᠳᠡᠭ | ᠪᠤᠯ ᠬᠦᠮᠦᠨ ᠲᠦᠷᠦᠯᠬᠢᠳᠡᠨ ᠤ ᠠᠮᠢ ᠨᠠᠰᠤᠨ ᠯᠤᠭ᠎ᠠ ᠨᠢᠭᠲᠠ ᠬᠤᠯᠪᠤᠭᠳᠠᠵᠤ ᠪᠠᠶᠢᠬᠤ ᠪᠤᠯᠬᠤᠷ ᠲᠡᠯᠡᠬᠡᠢ | ᠨᠡᠶᠢᠲᠡ ᠪᠠᠷ ᠢᠶᠠᠨ ᠡᠨᠡ ᠠᠰᠠᠭᠤᠳᠠᠯ ᠢ ᠮᠠᠰᠢ ᠠᠩᠬᠠᠷᠴᠦ ᠪᠤᠢ᠃ ᠡᠯ᠎ᠡ ᠤᠯᠤᠰ ᠤᠨ ᠰᠤᠳᠤᠯᠤᠯ ᠤᠨ | ᠮᠠᠲ᠋ᠧᠷᠢᠶᠠᠯ ᠠᠴᠠ ᠦᠵᠡᠪᠡᠯ᠂ ᠦᠲᠡᠯᠬᠦ ᠰᠢᠯᠲᠠᠭᠠᠨ ᠪᠠᠷᠤᠭ 300 ᠭᠠᠷᠤᠢ ᠵᠦᠢᠯ ᠪᠠᠶᠢᠨ᠎ᠠ᠃ ᠤᠯᠠᠨ ᠤ | ᠮᠡᠳᠡᠭᠡᠵᠢ ᠪᠠᠷ ᠡᠪᠡᠳᠴᠢᠨ ᠡᠮᠭᠡᠭ᠂ ᠰᠢᠮ᠎ᠡ ᠲᠡᠵᠢᠭᠡᠯ ᠤᠨ ᠬᠤᠪᠢᠷᠠᠯᠲᠠ ᠪᠠ ᠤᠳᠤᠮᠰᠢᠯ ᠤᠨ ᠠᠷᠬᠠᠭ ᠵᠡᠷᠭᠡ ᠬᠡᠳᠦᠨ | ᠵᠦᠢᠯ ᠤᠨ ᠰᠢᠯᠲᠠᠭᠠᠨ ᠨᠢ ᠭᠤᠤᠯ ᠪᠤᠯᠳᠠᠭ ᠶᠤᠮ᠃ | ᠶᠡᠭᠡ ᠲᠦᠯᠦᠪ ᠲᠤᠨᠢ ᠠᠪᠴᠦ ᠬᠡᠯᠡᠪᠡᠯ᠂ ᠨᠠᠰᠤᠵᠢᠭᠰᠠᠨ ᠬᠦᠮᠦᠰ ᠤᠨ ᠡᠪᠡᠳᠴᠢᠨ ᠢ ᠡᠰᠡᠷᠭᠦᠴᠡᠬᠦ ᠴᠢᠳᠠᠪᠤᠷᠢ | ᠪᠠᠷᠤᠭᠳᠠᠢ ᠪᠤᠯᠬᠤᠷ ᠬᠠᠯᠳᠠᠪᠤᠷᠢᠲᠦ ᠡᠪᠡᠳᠴᠢᠨ ᠳᠤ ᠬᠢᠯᠪᠠᠷᠬᠠᠨ ᠨᠡᠷᠪᠡᠭᠳᠡᠳᠡᠭ᠃ ᠨᠠᠰᠤᠵᠢᠭᠰᠠᠨ ᠬᠦᠮᠦᠰ ᠤᠨ | ᠬᠦᠳᠡᠯᠭᠡᠭᠡᠨ ᠤ ᠬᠡᠮᠵᠢᠶ᠎ᠡ ᠪᠠᠭ᠎ᠠ ᠤᠴᠢᠷ ᠠᠴᠠ ᠰᠢᠮ᠎ᠡ ᠲᠡᠵᠢᠭᠡᠯ ᠱᠠᠭᠠᠷᠳᠠᠬᠤ ᠬᠡᠮᠵᠢᠶ᠎ᠡ ᠨᠢ ᠴᠦ ᠪᠠᠭ᠎ᠠ ᠪᠤᠯᠳᠠᠭ᠃ | ᠬᠡᠷᠪᠡ ᠰᠦᠰᠦᠨ ᠤ ᠴᠢᠯᠠᠭᠤᠯᠢᠭ ᠠᠯᠺᠦᠦᠯ ᠲᠠᠢ ᠢᠳᠡᠭᠡᠨ ᠢᠯᠡᠭᠦᠦ ᠢᠳᠡᠪᠡᠯ ᠠᠮᠠᠷᠬᠠᠨ ᠲᠠᠷᠭᠤᠯᠠᠵᠤ᠂ ᠲᠡᠷᠡᠴᠢᠯᠡᠨ | ᠴᠢᠰᠤᠨ ᠳᠠᠷᠤᠯᠳᠠ ᠦᠨᠳᠦᠷ᠂ ᠵᠢᠷᠦᠭᠡᠨ ᠲᠢᠳᠢᠮ ᠤᠨ ᠡᠪᠡᠳᠴᠢᠨ᠂ ᠰᠢᠬᠢᠷ ᠰᠢᠵᠢᠩ ᠡᠪᠡᠳᠴᠢᠨ ᠳᠤ ᠨᠡᠷᠪᠡᠭᠳᠡᠳᠡᠭ᠃ | ᠦᠮᠡᠨ ᠡᠪᠡᠳᠴᠢᠨ ᠪᠤᠶᠤ ᠤᠳᠠᠭᠠᠨ ᠴᠢᠨᠠᠷᠲᠠᠢ ᠰᠠᠯᠪᠤᠷᠢ ᠮᠦᠭᠡᠷᠰᠦᠨ ᠬᠤᠭᠤᠯᠠᠢ ᠶᠢᠨ ᠡᠪᠡᠳᠴᠢᠨ ᠵᠡᠷᠭᠡ ᠨᠢ | ᠨᠠᠰᠤᠵᠢᠭᠰᠠᠨ ᠬᠦᠮᠦᠰ ᠤᠨ ᠤᠯᠠᠨ ᠨᠡᠷᠪᠡᠭᠳᠡᠳᠡᠭ ᠡᠪᠡᠳᠴᠢᠨ ᠪᠤᠯᠤᠨ᠎ᠠ᠃ | ᠡᠳᠡᠭᠡᠷ ᠪᠤᠢ ᠪᠦᠬᠦᠢ ᠬᠦᠴᠦᠨ ᠵᠦᠢᠯ ᠤᠳ ᠨᠢ ᠬᠦᠮᠦᠨ ᠤ ᠪᠡᠶ᠎ᠡ ᠶᠢᠨ ᠨᠡᠬᠡᠳᠡᠰᠦ ᠪᠤᠯᠤᠨ ᠲᠤᠲᠤᠷ ᠡᠷᠬᠡᠳᠡᠨ ᠤ | ᠰᠢᠰᠲ᠋ᠧᠮ ᠲᠠᠢ ᠠᠵᠢᠯᠯᠠᠭ᠎ᠠ ᠶᠢ ᠨᠡᠶᠢᠳᠡᠮ ᠪᠠᠭᠤᠷᠠᠭᠤᠯᠤᠨ ᠬᠦᠭᠰᠢᠷᠡᠭᠦᠯᠳᠡᠭ᠃ ᠡᠭᠦᠨ ᠢ ᠡᠮᠨᠡᠯᠭᠡ ᠶᠢᠨ ᠤᠬᠠᠭᠠᠨ ᠳᠤ | ᠦᠲᠡᠯᠬᠦ ᠭᠡᠳᠡᠭ᠃ ᠬᠦᠮᠦᠰ ᠤᠯᠠᠨ ᠵᠢᠯ ᠤᠨ ᠲᠤᠷᠰᠢ᠂ ᠦᠲᠡᠯᠬᠦ ᠪᠠ ᠲᠡᠭᠦᠨ ᠢ ᠰᠢᠨᠵᠢᠯᠡᠬᠦ ᠤᠬᠠᠭᠠᠨᠴᠢ ᠪᠠᠷ | ᠤᠷᠢᠳᠴᠢᠯᠠᠨ ᠰᠡᠷᠭᠡᠶᠢᠯᠡᠬᠦ ᠠᠷᠭ᠎ᠠ ᠵᠠᠮ ᠢ ᠰᠦᠪᠡᠭᠴᠢᠯᠡᠨ ᠰᠤᠳᠤᠯᠬᠤ ᠪᠠᠷ ᠶᠡᠭᠡ ᠦᠨ᠎ᠡ ᠦᠷᠳᠡᠭ ᠢ ᠵᠠᠷᠤᠴᠠᠭᠤᠯᠵᠤ | ᠦᠡᠭᠭᠡᠷᠡᠪᠡ᠃ ᠦᠲᠡᠯᠬᠦ ᠶᠢ ᠰᠡᠷᠭᠡᠶᠢᠯᠡᠬᠦ ᠭᠡᠳᠡᠭ ᠨᠢ ᠳᠠᠷᠤᠢ ᠨᠠᠰᠤᠨ ᠬᠤᠲᠤᠭ ᠢ ᠤᠷᠲᠤᠳᠬᠠᠬᠤ ᠭᠡᠰᠡᠨ | ᠤᠳᠬ᠎ᠠ ᠲᠠᠢ ᠶᠤᠮ᠃ ᠵᠠᠷᠢᠮ ᠬᠦᠮᠦᠨ ᠪᠠᠨᠠᠨᠠ ᠪᠤᠯ ᠤᠷᠳᠦ ᠨᠠᠰᠤᠯᠠᠬᠤ ᠳᠤ ᠤᠬᠢ ᠢᠳᠡᠭᠡᠨ ᠪᠤᠯᠬᠤᠷ ᠢᠯᠡᠭᠦᠬᠡᠨ | ᠢᠳᠡᠪᠡᠯ ᠰᠠᠶᠢᠨ ᠭᠡᠵᠤ ᠦᠵᠡᠳᠡᠭ︔ ᠪᠠᠰᠠ ᠵᠠᠷᠢᠮ ᠲᠤᠷᠰᠢᠯᠲᠠ ᠲᠤᠰᠬᠠᠭᠰᠠᠨ ᠨᠢ᠂ ᠲᠤᠭᠲᠠᠭᠰᠠᠨ | ᠬᠤᠭᠤᠴᠠᠭ᠎ᠠ ᠲᠠᠢ ᠪᠠᠷ ᠰᠦᠳᠡ ᠲᠠᠢ ᠤᠰᠤ ᠪᠠᠷ ᠪᠡᠶ᠎ᠡ ᠪᠠᠨ ᠤᠬᠢᠶᠠᠪᠠᠯ ᠦᠲᠡᠯᠬᠦ ᠶᠢ ᠰᠡᠷᠭᠡᠶᠢᠯᠡᠵᠤ ᠪᠤᠯᠤᠨ᠎ᠠ | ᠭᠡᠳᠡᠭ᠃ | ᠭᠡᠳᠡᠯ᠎ᠡ ᠡᠳᠡᠭᠡᠷ ᠪᠦᠬᠦᠨ ᠨᠢ ᠪᠦᠷ ᠯᠡ ᠬᠠᠷᠠᠬᠠᠨ ᠬᠦᠮᠦᠨ ᠢ ᠦᠨᠡᠮᠰᠢᠭᠦᠯᠦᠮᠡᠷ ᠦᠨᠳᠦᠰᠦ ᠪᠠᠷᠢᠮᠳᠠ ᠦᠭᠡᠢ | ᠪᠠᠶᠢᠭᠰᠠᠭᠠᠷ ᠪᠢᠯᠡ᠃ ᠬᠤᠵᠢᠮ ᠨᠢ ᠡᠮᠨᠡᠯᠭᠡ ᠶᠢᠨ ᠤᠬᠠᠭᠠᠨ ᠤ ᠰᠤᠳᠤᠯᠤᠯᠲᠠ ᠨᠢ ᠪᠡᠶ᠎ᠡ ᠶᠢᠨ ᠲᠠᠮᠢᠷ ᠤᠨ | ᠪᠤᠯᠪᠠᠰᠤᠷᠠᠯ ᠪᠤᠯ ᠦᠲᠡᠯᠬᠦ ᠶᠢ ᠤᠳᠠᠭᠠᠰᠢᠷᠠᠭᠤᠯᠬᠤ ᠳᠤ ᠲᠦᠢᠯ ᠤᠨ ᠴᠢᠬᠤᠯᠠ ᠦᠢᠯᠡᠳᠦᠯ ᠭᠠᠷᠭᠠᠳᠠᠭ ᠭᠡᠰᠡᠨ ᠢ | ᠤᠯᠵᠤ ᠮᠡᠳᠡᠪᠡ᠄ ᠨᠠᠶᠠᠨ ᠬᠤᠶᠠᠷ ᠨᠠᠰᠤᠳᠠᠢ ᠭᠧᠷᠮᠠᠨ ᠤ ᠲᠠᠮᠢᠷᠴᠢᠨ ᠯᠠᠮᠪᠤᠶᠢᠲ ᠤᠨ ᠵᠢᠷᠦᠬᠡᠨ ᠤ ᠠᠵᠢᠯᠯᠠᠭᠠᠨ ᠤ | ᠴᠢᠳᠠᠪᠤᠷᠢ ᠨᠢ ᠬᠤᠷᠢᠨ ᠲᠠᠪᠤᠨ ᠨᠠᠰᠦ ᠲᠠᠢ ᠵᠠᠯᠠᠭᠤ ᠬᠦᠮᠦᠨ ᠲᠠᠢ ᠠᠳᠠᠯᠢ ᠪᠠᠶᠢᠪᠠ᠃ ᠬᠦᠯᠢᠴᠡᠩᠭᠦᠢ | ᠲᠡᠰᠪᠦᠷᠢᠯᠡᠯ ᠤᠨ ᠪᠤᠯᠪᠠᠰᠤᠷᠠᠯ ︵ᠬᠦᠯᠢᠴᠡᠩᠭᠦᠢ ᠲᠡᠰᠪᠦᠷᠢᠯᠡᠯ ᠨᠢ ᠲᠤᠳᠤᠭᠠᠳᠦ ᠱᠦᠭᠦᠷᠡᠯ ᠢ ᠵᠠᠬᠢᠷᠴᠦ ᠪᠤᠢ︶ ᠨᠢ | ᠨᠠᠰᠦ ᠠᠬᠢᠭᠰᠠᠨ ᠡᠮᠡᠭᠳᠡᠢ ᠶᠢ ᠴᠦ ᠭᠡᠰᠡᠨ ᠵᠠᠯᠠᠭᠤ ᠪᠤᠯᠭᠠᠳᠠᠭ᠃ ᠮᠠᠨ ᠤ ᠤᠯᠤᠰ ᠤᠨ ᠡᠷᠲᠡᠨ ᠤ ᠲᠡᠥᠬᠡ | ᠰᠤᠳᠤᠷ ᠲᠤ᠂ ᠠᠯᠳᠠᠷᠲᠦ ᠡᠮᠴᠢ ᠬᠤᠸᠠ ᠲᠦᠸᠧ ᠶᠢᠨ ᠱᠠᠪᠢ ᠡᠦ ᠫᠦ᠋ ᠴᠢᠨ ︽ᠲᠠᠪᠤᠨ ᠵᠢᠭᠦᠷᠳᠡᠨ ᠤ ᠲᠤᠭᠯᠠᠭᠠᠮ︾ | ᠢ ᠪᠤᠯᠪᠠᠰᠤᠷᠠᠭᠰᠠᠨ ᠠᠴᠠ ᠶᠡᠷᠡᠨ ᠨᠠᠰᠤ ᠬᠦᠷᠦᠴᠢᠬᠡᠭᠡᠳ ᠪᠠᠰᠠ ᠨᠢᠳᠦ ᠴᠢᠬᠢ ᠨᠢ ᠰᠤᠷᠭᠤᠭ ᠪᠦᠭᠡᠳ ᠴᠤᠭ | ᠵᠢᠪᠬᠤᠭ᠎ᠠ ᠲᠠᠢ ᠪᠠᠶᠢᠵᠤᠬᠤᠢ ᠬᠡᠮᠡᠨ ᠲᠡᠮᠳᠡᠭᠯᠡᠵᠤ ᠪᠤᠢ᠃ | ᠲᠡᠶᠢᠮᠦ ᠠᠴᠠ ᠪᠡᠶ᠎ᠡ ᠶᠢᠨ ᠲᠠᠮᠢᠷ ᠤᠨ ᠬᠦᠳᠡᠯᠭᠡᠭᠡᠨ ᠨᠢ ᠡᠯ᠎ᠡ ᠡᠷᠬᠡᠲᠡᠨ ᠤ ᠠᠵᠢᠯᠯᠠᠭ᠎ᠠ ᠶᠢ ᠨᠡᠶᠢᠳᠡᠮ | ᠰᠠᠶᠢᠵᠢᠷᠠᠭᠤᠯᠵᠤ᠂ ᠡᠯ᠎ᠡ ᠡᠷᠬᠡᠳᠡᠨ ᠤ ᠮᠠᠭᠤᠲᠠᠬᠤ ᠶᠢ ᠰᠡᠷᠭᠡᠶᠢᠯᠡᠨ ᠬᠢᠵᠠᠭᠠᠷᠯᠠᠵᠤ᠂ ᠡᠪᠡᠳᠴᠢᠨ ᠡᠮᠬᠡᠭ ᠢ | ᠰᠡᠷᠭᠡᠶᠢᠯᠡᠨ᠂ ᠦᠲᠡᠯᠬᠦ ᠶᠢ ᠤᠳᠠᠭᠠᠰᠢᠷᠠᠭᠤᠯᠳᠠᠭ ᠪᠦᠲᠦᠮᠵᠢᠲᠡᠢ ᠠᠷᠭ᠎ᠠ ᠬᠡᠮᠵᠢᠶ᠎ᠡ ᠭᠡᠵᠤ ᠬᠦᠮᠦᠰ ᠦᠵᠡᠵᠦ ᠪᠤᠢ᠃ | ᠵᠢᠮ᠎ᠡ ᠶᠤᠰᠤ ᠲᠠᠢ ᠠᠮᠢᠳᠤᠷᠠᠯ ᠪᠤᠯ ᠡᠷᠡᠭᠦᠯ ᠮᠡᠨᠳᠦ ᠶᠠᠪᠤᠵᠤ ᠤᠷᠲᠦ ᠨᠠᠰᠤᠯᠠᠬᠤ ᠶᠢᠨ ᠴᠢᠬᠤᠯᠠ ᠨᠦᠭᠦᠴᠡᠯ ᠮᠦᠨ | ᠭᠡᠵᠤ ᠮᠠᠰᠢ ᠤᠯᠠᠨ ᠮᠠᠲ᠋ᠧᠷᠢᠶᠠᠯ ᠨᠤᠲᠠᠯᠠᠵᠤ ᠪᠤᠢ᠃ ᠳᠦᠷᠪᠡᠨ ᠤᠯᠠᠷᠢᠯ ᠤᠨ ᠠᠭᠤᠷ ᠠᠮᠢᠰᠬᠤᠯ ᠯᠤᠭ᠎ᠠ | ᠵᠤᠬᠢᠴᠠᠭᠤᠯᠤᠨ ᠡᠷᠲᠡ ᠤᠨᠳᠠᠵᠤ᠂ ᠡᠷᠳᠡ ᠪᠤᠰᠴᠦ᠂ ᠲᠤᠭᠲᠠᠭᠰᠠᠨ ᠴᠠᠭ ᠲᠠᠭᠠᠨ ᠢᠳᠡᠵᠤ ᠤᠤᠭᠤᠬᠤ ᠬᠡᠷᠡᠭᠳᠡᠢ᠃ | ᠬᠠᠮᠤᠭ ᠤᠨ ᠰᠠᠶᠢᠨ ᠨᠢ ᠳᠠᠩᠴᠢ ᠴᠠᠳᠲᠠᠯ᠎ᠠ ᠢᠳᠡᠬᠦ ᠦᠭᠡᠢ ᠪᠠᠶᠢᠵᠤ᠂ ᠢᠳᠡᠵᠤ ᠪᠠᠷᠠᠭᠰᠠᠨ ᠤ ᠳᠠᠷᠠᠭ᠎ᠠ ᠭᠠᠳᠠᠭᠤᠷ | ᠠᠯᠬᠤᠯᠠᠪᠠᠯ ᠵᠤᠬᠢᠨ᠎ᠠ᠃ ᠢᠳᠡᠰᠢᠨ ᠨᠤᠭᠤᠭ᠎ᠠ᠂ ᠪᠤᠷᠴᠠᠭ ᠤᠨ ᠵᠦᠢᠯ ᠢ ᠢᠯᠡᠭᠦᠦ ᠢᠳᠡᠵᠤ᠂ ᠦᠭᠡᠬᠦ᠂ ᠦᠨᠳᠡᠭᠡᠨ | ᠰᠢᠷ᠎ᠠ ᠶᠢᠨ ᠵᠦᠢᠯ ᠢ ᠳᠤᠲᠠᠭᠤ ᠢᠳᠡᠬᠦ ᠬᠡᠷᠡᠭᠳᠡᠢ᠃ ᠬᠡᠷᠪᠡ ᠪᠡᠶ᠎ᠡ ᠶᠢᠨ ᠬᠦᠨᠳᠦ ᠬᠡᠲᠦᠷᠬᠡᠢ ᠨᠡᠮᠡᠭᠳᠡᠭᠰᠡᠨ ᠪᠠᠶᠢᠪᠠᠯ | ᠬᠦᠳᠡᠯᠭᠡᠭᠡᠨ ᠬᠢᠬᠦ ᠴᠠᠭ ᠢᠶᠠᠨ ᠤᠷᠲᠦᠳᠬᠠᠵᠤ᠂ ᠬᠤᠭᠤᠯᠠ ᠢᠳᠡᠭᠡᠨ ᠪᠤᠯᠤᠨ ᠢᠯᠴᠢ ᠶᠢ ᠵᠤᠬᠢᠬᠤ ᠬᠡᠮᠵᠢᠶ᠎ᠡ ᠪᠠᠷ | ᠪᠠᠭᠠᠰᠬᠠᠬᠤ ᠬᠡᠷᠡᠭᠳᠡᠢ᠃ | | | | | | |