ᠴᠢᠩ ᠨᠢᠶᠠᠨ ᠭᠡᠷ ᠬᠤᠷᠢᠶᠠᠯᠠᠯ :《 ᠤᠯᠤᠰ ᠤᠨ ᠠᠮᠤᠷ ᠲᠦᠪᠰᠢᠨ ᠢ ᠠᠩᠬᠠᠷᠴᠤ᠂ ᠡᠶ᠎ᠡ ᠵᠣᠬᠢᠴᠠᠩᠭᠤᠶ ᠨᠡᠶᠢᠭᠡᠮ ᠢ ᠬᠠᠮᠲᠤ ᠪᠠᠷ ᠪᠠᠶᠢᠭᠤᠯᠤᠶ᠎ᠠ 》
ᠨᠡᠶᠢᠲᠡᠯᠡᠭᠰᠡᠨ ᠴᠠᠭ᠄
2025/4/16
    ᠤᠯᠤᠰ ᠣᠷᠣᠨ ᠲᠣᠭᠲᠠᠭᠤᠨ᠂ ᠳᠡᠯᠡᠬᠡᠢ ᠳ᠋ᠠᠬᠢᠨ ᠲᠣᠭᠲᠠᠭᠤᠨ︔ ᠠᠷᠠᠳ ᠲᠦᠮᠡᠨ ᠠᠮᠤᠭᠤᠯᠠᠩ᠂ ᠳᠡᠯᠡᠬᠡᠶ ᠳ᠋ᠠᠬᠢᠨ ᠠᠮᠤᠭᠤᠯᠠᠩ᠃ ᠤᠯᠤᠰ ᠤᠨ ᠠᠮᠤᠷ ᠲᠦᠪᠰᠢᠨ ᠪᠣᠯ ᠤᠯᠤᠰ ᠢ ᠲᠦᠪᠰᠢᠷᠡᠭᠦᠯᠵᠦ ᠤᠯᠤᠰ ᠢ ᠲᠦᠪᠰᠢᠳᠬᠡᠬᠦ ᠶᠢᠨ ᠴᠢᠬᠤᠯᠠ ᠰᠠᠭᠤᠷᠢ ᠮᠥᠨ᠂ ᠠᠷᠠᠳ ᠲᠦᠮᠡᠨ ᠤ ᠠᠮᠤᠷ ᠲᠠᠶᠢᠪᠤᠩ ᠠᠵᠤ ᠲᠦᠷᠦᠭᠦ ᠶᠢᠨ ᠪᠠᠲᠤᠯᠠᠭ᠎ᠠ ᠮᠥᠨ᠃ 4 ᠰᠠᠷ᠎ᠠ ᠶᠢᠨ 14  ᠤ ᠡᠳᠦᠷ᠂ ᠠᠷᠪᠠᠳᠤᠭᠠᠷ ᠪᠦᠬᠦ ᠠᠷᠠᠳ ᠤᠨ ᠤᠯᠤᠰ ᠤᠨ ᠠᠮᠤᠷ ᠲᠦᠪᠰᠢᠨ ᠤ ᠬᠥᠮᠦᠵᠢᠯ ᠤᠨ ᠡᠳᠦᠷ ᠬᠦᠷᠴᠦ ᠢᠷᠡᠬᠦ ᠲᠠᠰᠢᠷᠠᠮ ᠢᠶᠠᠷ᠂ ᠵᠢᠤ ᠶᠤᠸᠠᠨ ᠲᠣᠭᠤᠷᠢᠭ ᠤᠨ ᠰᠠᠶᠢᠬᠠᠨ ᠵᠡᠭᠡᠯᠢ ᠭᠤᠳᠤᠮᠵᠢ ᠶᠢᠨ ᠴᠢᠩ ᠨᠢᠶᠡᠨ ᠭᠡᠷ ᠬᠤᠷᠢᠶᠠᠯᠠᠯ ᠨᠢ ᠰᠠᠶᠢᠬᠠᠨ ᠳᠤᠲᠤᠭᠠᠲᠤ ᠶᠢ ᠬᠠᠮᠠᠭᠠᠯᠠᠬᠤ ᠲᠣᠮᠢᠯᠠᠭᠰᠠᠨ ᠰᠠᠯᠪᠤᠷᠢ ᠲᠠᠢ ᠬᠠᠮᠲᠤᠷᠠᠨ ᠬᠠᠷᠢᠶ᠎ᠠ ᠲᠣᠭᠤᠷᠢᠭ ᠲᠤ《 ᠤᠯᠤᠰ ᠤᠨ ᠠᠮᠤᠷ ᠲᠦᠪᠰᠢᠨ ᠢ ᠠᠩᠬᠠᠷᠴᠤ᠂ ᠡᠶ᠎ᠡ ᠵᠣᠬᠢᠴᠠᠩᠭᠤᠢ ᠨᠡᠶᠢᠭᠡᠮ ᠢ ᠬᠠᠮᠲᠤ ᠪᠠᠷ ᠪᠠᠶᠢᠭᠤᠯᠤᠶ᠎ᠠ 》ᠭᠤᠣᠯ ᠰᠡᠳᠦᠪᠲᠦ ᠤᠬᠠᠭᠤᠯᠭ᠎ᠠ ᠶᠢᠨ ᠠᠵᠢᠯᠯᠠᠭ᠎ᠠ ᠥᠷᠨᠢᠭᠦᠯᠪᠡ᠃
11.jpg
    ᠠᠵᠢᠯᠯᠠᠭ᠎ᠠ ᠶᠢᠨ ᠳᠤᠮᠳᠠ᠂ ᠲᠤᠤᠷᠴᠢᠯᠠᠯᠲᠠ ᠶᠢᠨ ᠠᠵᠢᠯᠲᠠᠨ ᠪᠠ ᠠᠷᠠᠳ ᠤᠨ ᠴᠠᠭᠳᠠᠭ᠎ᠠ ᠨᠠᠷ ᠭᠦᠨᠵᠡᠭᠡᠶ ᠪᠥᠭᠡᠳ ᠣᠶᠢᠯᠠᠭᠠᠮᠵᠢᠲᠠᠶ ᠦᠭᠡ ᠬᠡᠯᠡ ᠪᠠᠷ ᠰᠠᠭᠤᠭᠠᠯᠢ ᠠᠷᠠᠳ ᠲᠤ ᠣᠯᠠᠨ ᠲᠠᠢ ᠨᠢᠭᠲᠠ ᠬᠤᠯᠪᠣᠭ᠎ᠠ ᠲᠠᠢ ᠤᠯᠤᠰ ᠤᠨ ᠠᠮᠤᠷ ᠲᠦᠪᠰᠢᠨ ᠤ ᠰᠡᠷᠭᠡᠶᠢᠯᠡᠯᠲᠡ ᠶᠢᠨ ᠮᠡᠳᠡᠯᠭᠡ ᠶᠢ ᠲᠠᠶᠢᠯᠪᠤᠷᠢᠯᠠᠨ ᠥᠭᠴᠦ᠂ ᠤᠬᠠᠭᠤᠯᠭ᠎ᠠ ᠶᠢᠨ ᠬᠠᠭᠤᠳᠠᠰᠤ ᠲᠠᠷᠬᠠᠭᠠᠪᠠ᠃ ᠤᠯᠤᠰ ᠤᠨ ᠠᠮᠤᠷ ᠲᠦᠪᠰᠢᠨ ᠤ ᠠᠷᠪᠠᠨ ᠵᠢᠷᠭᠤᠭᠠᠨ ᠬᠦᠷᠢᠶ᠎ᠡ ᠠᠴᠠ ᠲᠣᠰ ᠲᠤᠰ ᠵᠢᠱᠢᠶ᠎ᠡ ᠲᠠᠲᠠᠵᠤ ᠤᠯᠤᠰ ᠤᠨ ᠠᠮᠤᠷ ᠲᠦᠪᠰᠢᠨ ᠤ ᠴᠢᠬᠤᠯᠠ ᠴᠢᠨᠠᠷ ᠢ ᠲᠣᠳᠣᠷᠬᠠᠶᠢᠯᠠᠵᠤ᠂ ᠰᠠᠭᠤᠭᠠᠯᠢ ᠠᠷᠠᠳ ᠲᠤ ᠤᠯᠤᠰ ᠤᠨ ᠠᠮᠤᠷ ᠲᠦᠪᠰᠢᠨ ᠪᠣᠯ ᠪᠢᠳᠡᠨ ᠲᠠᠢ ᠨᠢᠭᠲᠠ ᠬᠤᠯᠪᠣᠭ᠎ᠠ ᠲᠠᠢ ᠭᠡᠳᠡᠭ ᠢ ᠮᠡᠳᠡᠭᠦᠯᠵᠦ᠂ ᠰᠠᠭᠤᠭᠠᠯᠢ ᠠᠷᠠᠳ ᠤᠨ ᠰᠣᠨᠣᠷ ᠰᠡᠷᠡᠮᠵᠢ ᠶᠢ ᠳᠡᠭᠡᠭᠰᠢᠯᠡᠭᠦᠯᠵᠦ᠂ ᠰᠠᠭᠤᠭᠠᠯᠢ ᠠᠷᠠᠳ ᠤᠨ ᠤᠯᠤᠰ ᠤᠨ ᠠᠮᠤᠷ ᠲᠦᠪᠰᠢᠨ ᠤ ᠰᠡᠷᠭᠡᠶᠢᠯᠡᠯᠲᠡ ᠶᠢᠨ ᠤᠬᠠᠮᠰᠠᠷ ᠢ ᠴᠢᠩᠭᠠᠳᠬᠠᠨ᠎ᠠ᠃    ᠤᠯᠤᠰ ᠤᠨ ᠠᠮᠤᠷ ᠲᠦᠪᠰᠢᠨ ᠢ ᠬᠠᠮᠠᠭᠠᠯᠠᠬᠤ ᠳᠤ ᠬᠥᠮᠦᠨ ᠪᠦᠬᠦᠨ ᠬᠠᠷᠢᠭᠤᠴᠠᠯᠭ᠎ᠠ ᠲᠠᠢ᠃ ᠲᠣᠰ ᠤᠳᠠᠭᠠᠨ ᠤ ᠠᠵᠢᠯᠯᠠᠭ᠎ᠠ ᠨᠢ ᠰᠠᠭᠤᠭᠠᠯᠢ ᠠᠷᠠᠳ ᠤᠨ ᠤᠯᠤᠰ ᠤᠨ ᠠᠮᠤᠷ ᠲᠦᠪᠰᠢᠨ ᠤ ᠮᠡᠳᠡᠯᠭᠡ ᠶᠢᠨ ᠲᠤᠬᠠᠶ ᠣᠶᠢᠯᠠᠭᠠᠯᠲᠠ ᠪᠠ ᠣᠳᠣᠬᠠᠨ ᠤ ᠤᠯᠤᠰ ᠤᠨ ᠠᠮᠤᠷ ᠲᠦᠪᠰᠢᠨ ᠤ ᠪᠠᠶᠢᠳᠠᠯ ᠤᠨ ᠲᠤᠬᠠᠶ ᠲᠠᠨᠢᠯᠲᠠ ᠶᠢ ᠨᠡᠮᠡᠭᠳᠡᠭᠦᠯᠦᠭᠰᠡᠨ ᠢᠶᠠᠷ ᠪᠠᠷᠠᠬᠤ ᠥᠬᠡᠶ ᠪᠠᠰᠠ ᠣᠳᠣᠬᠠᠨ ᠤ ᠨᠡᠶᠢᠭᠡᠮ ᠤᠨ ᠠᠮᠤᠷ ᠲᠦᠪᠰᠢᠨ ᠪᠠ ᠲᠣᠭᠲᠠᠭᠤᠨ ᠪᠠᠶᠢᠳᠠᠯ ᠢ ᠬᠠᠮᠠᠭᠠᠯᠠᠬᠤ᠂ ᠤᠯᠤᠰ ᠤᠨ ᠠᠮᠤᠷ ᠲᠦᠪᠰᠢᠨ ᠤ ᠠᠷᠠᠳ ᠲᠦᠮᠡᠨ ᠤ ᠰᠡᠷᠭᠡᠶᠢᠯᠡᠯᠲᠡ ᠶᠢᠨ ᠱᠤᠭᠤᠮ ᠢ ᠪᠠᠲᠤ ᠴᠣᠭᠴᠠᠯᠠᠬᠤ ᠳᠤ ᠦᠵᠡᠯ ᠰᠠᠨᠠᠭᠠᠨ ᠤ ᠪᠠᠲᠤ ᠰᠠᠭᠤᠷᠢ ᠶᠢ ᠲᠠᠯᠪᠢᠵᠤ ᠥᠭᠭᠦᠭᠰᠡᠨ ᠪᠠᠶᠢᠨ᠎ᠠ᠃  ᠴᠢᠩ ᠨᠢᠶᠡᠨ ᠭᠡᠷ ᠬᠤᠷᠢᠶᠠᠯᠠᠯ ᠪᠠᠰᠠ ᠤᠬᠠᠭᠤᠯᠭ᠎ᠠ ᠶᠢᠨ ᠠᠷᠭ᠎ᠠ ᠬᠡᠯᠪᠡᠷᠢ ᠶᠢᠨ ᠰᠢᠨ᠎ᠡ ᠶᠢ ᠡᠭᠦᠳᠬᠦ ᠶᠢ ᠲᠠᠰᠤᠷᠠᠯᠲᠠ ᠦᠭᠡᠢ ᠰᠦᠪᠡᠭᠴᠢᠯᠡᠵᠦ᠂ ᠤᠯᠤᠰ ᠤᠨ ᠠᠮᠤᠷ ᠲᠦᠪᠰᠢᠨ ᠤ ᠬᠥᠮᠦᠵᠢᠯ ᠤᠬᠠᠭᠤᠯᠭ᠎ᠠ ᠶᠢ ᠴᠢᠩᠭᠠᠳᠬᠠᠵᠤ᠂ ᠰᠠᠭᠤᠭᠠᠯᠢ ᠠᠷᠠᠳ ᠲᠤ ᠤᠯᠤᠰ ᠤᠨ ᠠᠮᠤᠷ ᠲᠦᠪᠰᠢᠨ ᠤ ᠴᠢᠬᠤᠯᠠ ᠴᠢᠨᠠᠷ ᠢ ᠭᠦᠨᠵᠡᠭᠡᠢ ᠤᠢᠢᠯᠠᠭᠠᠭᠤᠯᠵᠤ᠂ ᠰᠠᠭᠤᠭᠠᠯᠢ ᠠᠷᠠᠳ ᠢ ᠬᠦᠳᠦᠯᠦᠨ ᠵᠢᠯᠣᠭᠤᠳᠴᠤ ᠤᠯᠤᠰ ᠤᠨ ᠠᠮᠤᠷ ᠲᠦᠪᠰᠢᠨ ᠤ ᠠᠵᠢᠯ ᠳᠤ ᠢᠳᠡᠪᠬᠢᠲᠡᠢ ᠣᠷᠣᠯᠴᠠᠭᠤᠯᠵᠤ᠂ ᠤᠯᠤᠰ ᠤᠨ ᠠᠮᠤᠷ ᠲᠦᠪᠰᠢᠨ ᠤ ᠠᠷᠠᠳ ᠲᠦᠮᠡᠨ ᠤ ᠰᠡᠷᠭᠡᠶᠢᠯᠡᠯᠲᠡ ᠶᠢᠨ ᠱᠤᠭᠤᠮ ᠢ ᠬᠠᠮᠲᠤ ᠪᠠᠷ ᠪᠠᠬᠢᠵᠢᠭᠦᠯᠵᠦ᠂ ᠤᠯᠤᠰ ᠤᠨ ᠥᠨᠢ ᠤᠳᠠᠭᠠᠨ ᠠᠮᠤᠷ ᠲᠦᠪᠰᠢᠨ ᠪᠠᠶᠢᠬᠤ ᠪᠠ ᠴᠡᠴᠡᠭᠯᠡᠨ ᠬᠥᠭᠵᠢᠬᠦ ᠳᠤ ᠬᠦᠴᠦᠨ ᠴᠢᠳᠠᠯ ᠢᠶᠠᠨ ᠡᠷᠭᠦᠨ᠎ᠡ᠃
 
ᠢᠷᠡᠯᠲᠡ᠄ ᠵᠢᠦ ᠶᠤᠸᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号