ᠴᠢᠨᠠᠭᠰᠠᠨ ᠮᠢᠬ᠎ᠠ
ᠨᠡᠶᠢᠲᠡᠯᠡᠭᠰᠡᠨ ᠴᠠᠭ᠄
2025/3/17
 1.jpg  
      ᠴᠢᠨᠠᠭᠰᠠᠨ ᠮᠢᠬ᠎ᠠ᠄  ᠮᠣᠩᠭᠤᠯᠴᠤᠳ ᠪᠦᠭᠦᠯᠢ ᠮᠢᠬ᠎ᠠ ᠭᠡᠳᠡᠭ ᠃ ᠳᠤᠮᠳᠠᠳᠤ ᠤᠯᠤᠰ ᠤᠨ ᠴᠥᠭᠡᠨ ᠲᠣᠭᠠᠲᠤ  ᠦᠨᠳᠦᠰᠦᠲᠡᠨ ᠤ ᠨᠢᠭᠡ ᠵᠦᠢᠯ ᠤᠨ ᠳᠥᠭᠦᠮ ᠪᠥᠭᠡᠳ  ᠨᠦᠮᠵᠦᠭ ᠵᠣᠴᠢᠨ ᠳᠠᠶᠢᠯᠠᠬᠤ ᠠᠷᠭ᠎ᠠ ᠪᠣᠯᠤᠨ᠎ᠠ᠃   ᠪᠦᠬᠦᠯᠢ ᠮᠢᠬ᠎ᠠ ᠶᠢ  ᠬᠢᠬᠦ ᠠᠷᠭ᠎ᠠ ᠪᠣᠯ᠂ ᠦᠬᠡᠷ ᠬᠤᠨᠢᠨ ᠮᠢᠬᠠᠨ ᠤ ᠰᠠᠶᠢᠨ ᠢ ᠰᠢᠯᠢᠵᠦ  ᠦᠶᠡᠴᠢᠯᠡᠨ ᠭᠡᠰᠡᠭᠯᠡᠨ᠎ᠡ ︵  ᠲᠣᠯᠣᠭᠠᠢ᠂ ᠰᠢᠭᠢᠷ᠎ᠡ᠂ ᠭᠡᠳᠡᠰᠤ ᠳᠣᠲᠣᠷ ᠢ ᠠᠪᠬᠤ ᠦᠭᠡᠢ︶ ᠂  ᠴᠡᠪᠡᠷ ᠣᠰᠤᠨ ᠳᠤ ᠴᠢᠨᠠᠵᠤ᠂ ᠤᠭ ᠰᠢᠭᠦᠰᠦ    ᠳᠤᠨᠢ ᠠᠮᠲᠠ ᠣᠷᠤᠭᠤᠯᠬᠤ ᠡᠳ᠋  ᠤᠷᠤᠭᠤᠯᠳᠠᠭ ᠦᠭᠡᠢ᠃ ᠮᠣᠩᠭᠤᠯᠴᠤᠳ ᠦᠬᠡᠷ ᠬᠤᠨᠢ ᠲᠠᠯ᠎ᠠ ᠨᠤᠲᠤᠭ ᠲᠠᠬᠢ   ᠣᠯᠠᠨ ᠵᠥᠢᠯ ᠤᠨ ᠠᠮᠲᠠ ᠲᠠᠢ ᠡᠪᠡᠰᠦ ᠶᠢ  ᠢᠳᠡᠳᠡᠭ ᠲᠤᠯᠠ  ᠮᠢᠬ᠎ᠠ ᠨᠢ ᠠᠮᠲᠠ ᠰᠢᠮᠳᠠ ᠰᠠᠶᠢᠲᠠᠢ᠂ ᠴᠢᠨᠠᠬᠤ  ᠮᠡᠷᠭᠡᠵᠢᠯ ᠢ ᠡᠵᠡᠮᠰᠢᠳᠡᠭ ᠯᠠ ᠶᠤᠮ ᠪᠣᠯ ᠠᠮᠲᠠᠲᠤ ᠮᠢᠬ᠎ᠠ ᠬᠢᠵᠦ ᠴᠢᠳᠠᠨ᠎ᠠ ᠭᠡᠵᠦ  ᠦᠵᠡᠳᠡᠭ᠃  ᠪᠦᠬᠦᠯᠢ ᠮᠢᠬ᠎ᠠ ᠶᠢ  ᠭᠠᠷ ᠲᠤ ᠪᠠᠨ  ᠪᠠᠷᠢᠵᠤ ᠢᠳᠡᠬᠦ ᠠᠴᠠ᠂ ᠥᠭᠡᠷ᠎ᠡ ᠬᠤᠭᠤᠯᠠᠨ ᠤ ᠰᠠᠪᠠ  ᠭᠡᠷᠡᠭᠰᠡᠯ ᠬᠡᠷᠡᠭᠰᠡᠳᠡᠭ ᠦᠭᠡᠢ᠃ ᠭᠡᠪᠡᠴᠦ  ᠣᠷᠳᠣᠰ ᠬᠤᠲᠠ ᠶᠢᠨ ᠮᠣᠩᠭᠤᠯ ᠦᠨᠳᠦᠰᠦᠲᠡᠨ ᠤ ᠵᠠᠩ ᠳᠠᠳᠬᠠᠯ ᠢᠶᠠᠷ ᠪᠣᠯ  ᠴᠢᠨᠠᠭᠰᠠᠨ ᠮᠢᠬ᠎ᠠ ᠶᠢ ᠢᠳᠡᠬᠦ ᠳᠤ  ᠵᠣᠬᠢᠬᠤ ᠶᠣᠰᠣ ᠳᠦᠷᠢᠮ ᠲᠠᠢ ᠪᠠᠶᠢᠳᠠᠭ᠂ ᠣᠯᠠᠩᠬᠢ ᠳᠤ ᠪᠠᠨ ᠨᠢᠭᠡ  ᠳᠠᠯᠤ ᠶᠢᠨ ᠶᠠᠰᠤᠨ  ᠤ ᠮᠢᠬᠠᠨ ᠲᠡᠭᠡᠷ᠎ᠡ  ᠳᠥᠷᠪᠡᠨ ᠭᠡᠰᠡᠭ  ᠬᠠᠪᠢᠷᠭ᠎ᠠ  ᠶᠠᠰᠤᠨ ᠤ ᠮᠢᠬ᠎ᠠ ᠲᠣᠬᠢᠷᠠᠭᠤᠯᠵᠤ ᠬᠤᠭᠤᠯᠠᠯᠠᠳᠠᠭ᠃  ᠪᠠᠭ᠎ᠠ ᠬᠡᠦᠬᠡᠳ ᠦᠬᠡᠷ ᠬᠤᠨᠢ  ᠶᠢᠨ ᠴᠢᠮᠥᠭᠡ᠂ ᠰᠡᠭᠦᠯ ᠤᠨ ᠬᠢᠪᠡᠰᠦ ᠢᠳᠡᠵᠦ ᠪᠣᠯᠬᠤ ᠦᠭᠡᠢ  ᠭᠡᠬᠦ  ᠭᠡᠯᠡᠯᠭᠡ ᠲᠠᠢ᠃ 
 
ᠢᠷᠡᠯᠲᠡ᠄ ᠵᠢᠦ ᠶᠤᠸᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号