【 ᠬᠤᠷᠢᠨᠭᠡᠷ ᠴᠠᠭ ᠤᠨ ᠪᠠᠶᠢᠳᠠᠯ 】 ᠵᠠᠮ ᠨᠡᠪᠲᠡᠷᠡᠯᠭᠡ ᠶᠢᠨ ᠬᠠᠮᠢᠶᠠᠷᠤᠯᠲᠠ ᠬᠠᠮᠠᠭᠠᠯᠠᠯᠲᠠ ᠶᠢ ᠴᠢᠩᠭᠠᠳᠬᠠᠵᠤ  ᠰᠠᠭᠠᠳ ᠥᠬᠡᠶ ᠠᠶᠠᠯᠠᠯ ᠢ ᠬᠠᠮᠠᠭᠠᠯᠠᠨ ᠵᠠᠮ ᠬᠠᠷᠢᠯᠴᠠᠭᠠᠨ ᠤ ᠠᠮᠤᠷ ᠲᠦᠪᠰᠢᠨ ᠢ ᠪᠠᠲᠤᠯᠠᠪᠠ
ᠨᠡᠶᠢᠲᠡᠯᠡᠭᠰᠡᠨ ᠴᠠᠭ᠄
2025/3/11
111.jpg
    ᠤᠯᠤᠰ ᠤᠨ ᠡᠨᠧᠷᠭᠢ ᠶᠢᠨ ᠪᠦᠯᠦᠭᠯᠡᠯ ᠤᠨ ᠱᠧᠨ ᠬᠤᠸᠠ ᠪᠤᠭᠤᠲᠤ ᠶᠢᠨ ᠨᠡᠭᠦᠷᠡᠰᠦ ᠪᠠᠷ ᠠᠯᠺᠧᠨ ᠦᠢᠯᠡᠳᠬᠦ ᠲᠡᠰ ᠢ ᠳᠡᠪᠰᠢᠭᠦᠯᠬᠦ ᠵᠢᠱᠢᠶ᠎ᠡ ᠦᠵᠡᠭᠦᠯᠬᠦ ᠲᠦᠷᠦᠯ ᠵᠦᠢᠯ (ᠬᠤᠶᠠᠳᠤᠭᠠᠷ ᠬᠤᠭᠤᠴᠠᠭᠠᠨ ᠤ ᠢᠨᠵᠧᠨᠧᠷᠢᠩ ) ᠤᠨ ᠠᠵᠢᠯ ᠡᠬᠢᠯᠡᠬᠦ ᠶᠢ ᠲᠠᠭᠠᠯᠳᠤᠨ᠂ ᠶᠡᠭᠡ ᠬᠡᠮᠵᠢᠶᠡᠨ ᠤ ᠠᠵᠢᠯᠴᠢᠨ ᠦᠢᠯᠡᠳᠪᠦᠷᠢ ᠶᠢᠨ ᠲᠣᠭᠤᠷᠢᠭ ᠲᠤ ᠣᠷᠣᠵᠤ ᠰᠠᠭᠤᠨ᠂ ᠡᠵᠡᠩᠨᠡᠯᠲᠡ ᠶᠢᠨ ᠳᠡᠯᠭᠡᠭᠦᠷᠴᠢᠨ ᠤ ᠲᠡᠷᠭᠡᠨ ᠵᠠᠮ ᠡᠵᠡᠯᠡᠬᠦ ᠶᠢ ᠪᠦᠲᠦᠮᠵᠢᠲᠡᠢ ᠰᠡᠷᠭᠡᠶᠢᠯᠡᠵᠦ᠂ ᠵᠠᠮ ᠲᠦᠭᠵᠢᠷᠡᠬᠦ᠂ ᠡᠷᠬᠢᠨ ᠲᠣᠭᠤᠷᠢᠨ ᠤ ᠣᠷᠴᠢᠨ ᠲᠣᠭᠤᠷᠢᠨ ᠡᠪᠳᠡᠭᠳᠡᠬᠦ᠂ ᠪᠠᠷᠢᠯᠭ᠎ᠠ ᠶᠢᠨ ᠮᠠᠰᠢᠨ ᠲᠡᠷᠭᠡ ᠵᠢᠴᠢ ᠬᠤᠪᠢ ᠶᠢᠨ ᠮᠠᠰᠢᠨ ᠲᠡᠷᠭᠡ ᠡᠷᠬᠢᠨ ᠲᠣᠭᠤᠷᠢᠨ ᠤ ᠲᠠᠷᠢᠶᠠᠨ ᠭᠠᠵᠠᠷ ᠢ ᠡᠵᠡᠯᠡᠬᠦ ᠵᠡᠷᠭᠡ ᠠᠰᠠᠭᠤᠳᠠᠯ ᠢ ᠪᠦᠲᠦᠮᠵᠢᠲᠡᠢ ᠰᠡᠷᠭᠡᠶᠢᠯᠡᠬᠦ ᠶᠢᠨ ᠲᠥᠯᠥᠭᠡ᠂ ᠤᠢᠢᠷ᠎ᠠ ᠳᠤ᠂ ᠬᠤᠷᠢᠨᠭᠡᠷ ᠪᠠᠯᠭᠠᠰᠤᠨ ᠤ ᠬᠠᠤᠯᠢ ᠬᠡᠷᠡᠭᠵᠢᠭᠦᠯᠬᠦ ᠠᠩᠬᠢ ᠶᠢᠨ ᠭᠤᠷᠪᠠᠳᠤᠭᠠᠷ ᠳᠤᠮᠳᠠ ᠠᠩᠬᠢ ᠲᠤᠰ ᠣᠷᠣᠨ ᠪᠦᠰᠡ ᠶᠢ ᠲᠣᠭᠤᠷᠢᠨ ᠪᠠᠶᠢᠴᠠᠭᠠᠵᠤ ᠬᠠᠮᠢᠶᠠᠷᠤᠨ ᠡᠵᠡᠮᠳᠡᠬᠦ ᠡᠷᠴᠢᠮ ᠢᠶᠠᠨ ᠴᠢᠩᠭᠠᠷᠠᠭᠤᠯᠵᠤ᠂  ᠰᠢᠢᠳᠪᠦᠷᠢᠯᠡᠬᠦ ᠰᠡᠳᠬᠢᠬᠦᠢ ᠪᠠᠷ ᠣᠷᠴᠢᠨ ᠲᠣᠭᠤᠷᠢᠨ ᠤ ᠬᠠᠮᠢᠶᠠᠷᠤᠯᠲᠠ᠂ ᠭᠡᠮ ᠰᠣᠭᠤᠭ ᠢ ᠪᠦᠲᠦᠮᠵᠢᠲᠡᠢ ᠵᠢᠭᠰᠠᠭᠠᠨ ᠪᠠᠶᠢᠴᠠᠭᠠᠬᠤ᠂ ᠤᠬᠠᠭᠤᠯᠭ᠎ᠠ ᠪᠣᠯᠪᠠᠰᠤᠷᠠᠭᠤᠯᠤᠯ ᠢ ᠵᠡᠷᠭᠡᠪᠡᠷ ᠥᠷᠨᠢᠭᠦᠯᠵᠦ᠂ ᠠᠵᠤ ᠠᠬᠤᠶᠢᠯᠠᠯ ᠤᠨ《ᠠᠵᠢᠯ ᠡᠬᠢᠯᠡᠭᠦᠯᠬᠦ》 ᠳᠤ ᠪᠦᠬᠦ ᠬᠦᠴᠦᠨ ᠢᠶᠠᠷ ᠢᠶᠠᠨ ᠪᠠᠲᠤᠯᠠᠭ᠎ᠠ ᠬᠠᠩᠭᠠᠪᠠ᠃    ᠲᠣᠭᠤᠷᠢᠨ ᠪᠠᠶᠢᠴᠠᠭᠠᠬᠤ ᠶᠠᠪᠤᠴᠠ ᠳᠤ᠂ ᠬᠠᠤᠯᠢ ᠬᠡᠷᠡᠭᠵᠢᠭᠦᠯᠬᠦ ᠠᠵᠢᠯᠲᠠᠳ ᠵᠠᠮ ᠱᠤᠭᠤᠮ ᠤᠨ ᠰᠠᠭᠠᠳ ᠦᠭᠡᠢ ᠨᠡᠪᠲᠡᠷᠡᠬᠦ ᠡᠮᠬᠢ ᠳᠢᠭᠯᠢᠮ ᠢ ᠨᠥᠯᠥᠭᠡᠯᠡᠵᠦ᠂ ᠳᠠᠯᠳᠠ ᠬᠤᠣᠷ ᠬᠥᠨᠥᠭᠡᠯ ᠣᠷᠣᠰᠢᠵᠤ ᠪᠠᠶᠢᠭ᠎ᠠ ᠳᠡᠯᠭᠡᠭᠦᠷᠴᠢᠨ ᠢ ᠴᠠᠭ ᠲᠤᠬᠠᠢ ᠳᠤᠨᠢ ᠵᠠᠰᠠᠬᠤ ᠶᠢᠨ ᠬᠠᠮᠲᠤ᠂ ᠡᠵᠡᠩᠨᠡᠯᠲᠡ ᠶᠢᠨ ᠣᠷᠣᠨ ᠢ ᠵᠠᠭᠠᠭᠯᠠᠨ ᠲᠣᠭᠲᠠᠭᠠᠬᠤ᠂ ᠠᠵᠢᠯᠯᠠᠬᠤ ᠴᠠᠭ ᠢ ᠲᠣᠭᠲᠠᠭᠠᠬᠤ ᠠᠷᠭ᠎ᠠ ᠬᠡᠯᠪᠡᠷᠢ ᠶᠢ ᠠᠪᠴᠤ᠂ ᠳᠡᠯᠭᠡᠭᠦᠷ ᠤᠨ ᠣᠷᠣ ᠶᠢ ᠤᠯᠠᠮ ᠴᠢᠨᠠᠭᠰᠢᠳᠠ ᠵᠢᠷᠤᠮᠵᠢᠭᠤᠯᠵᠤ᠂ ᠡᠷᠬᠢᠨ ᠲᠣᠭᠤᠷᠢᠨ ᠤ ᠲᠠᠷᠢᠶᠠᠨ ᠭᠠᠵᠠᠷ ᠢ ᠡᠵᠡᠯᠡᠨ ᠲᠡᠷᠭᠡ ᠬᠥᠰᠬᠡ ᠵᠣᠭᠰᠣᠭᠠᠬᠤ ᠶᠢ ᠴᠢᠩᠭᠠᠳᠬᠠᠬᠤ ᠶᠢᠨ ᠬᠠᠮᠲᠤ ᠬᠦᠳᠦᠯᠦᠨ ᠵᠢᠯᠣᠭᠤᠳᠴᠤ᠂ ᠣᠯᠠᠨᠲᠠ ᠰᠤᠷᠭᠠᠪᠠᠴᠤ ᠦᠯᠦ ᠵᠠᠰᠠᠬᠤ ᠬᠠᠤᠯᠢ ᠪᠤᠰᠤ ᠳᠡᠯᠭᠡᠴᠡ ᠶᠢ ᠨᠤᠷᠠᠭᠠᠨ᠎ᠠ᠃  ᠤᠳᠤ ᠪᠣᠯᠲᠠᠯ᠎ᠠ᠂ ᠨᠡᠶᠢᠲᠡ 6 ᠵᠢᠷᠤᠮᠵᠢᠯ ᠥᠬᠡᠶ ᠳᠡᠯᠭᠡᠴᠡ ᠶᠢ ᠨᠤᠷᠠᠭᠠᠵᠤ᠂ 3 ᠰᠢᠯᠵᠢᠮᠡᠯ ᠬᠤᠭᠤᠯᠠᠨ ᠲᠡᠷᠭᠡ ᠶᠢ ᠢᠳᠬᠠᠨ ᠵᠠᠶᠢᠯᠠᠭᠤᠯᠪᠠ᠃
222.jpg
    ᠲᠣᠰ ᠤᠳᠠᠭᠠᠨ ᠤ ᠵᠠᠰᠠᠯᠲᠠ ᠪᠠᠷ ᠳᠡᠮᠵᠢᠨ᠂ ᠱᠧᠨ ᠬᠤᠸᠠ ᠶᠢᠨ ᠬᠤᠶᠠᠳᠤᠭᠠᠷ ᠬᠤᠭᠤᠴᠠᠭᠠᠨ ᠤ ᠠᠵᠢᠯ ᠡᠬᠢᠯᠡᠬᠦ ᠠᠴᠠ ᠡᠮᠦᠨᠡᠬᠢ ᠵᠠᠮ ᠨᠡᠪᠲᠡᠷᠡᠯᠭᠡ ᠶᠢᠨ ᠣᠷᠴᠢᠨ ᠨᠥᠬᠦᠴᠡᠯ ᠢ ᠪᠠᠲᠤᠯᠠᠭᠰᠠᠨ ᠢᠶᠠᠷ ᠪᠠᠷᠠᠬᠤ ᠥᠬᠡᠶ ᠤᠳᠠᠯ ᠥᠬᠡᠶ ᠬᠦᠷᠴᠦ ᠢᠷᠡᠬᠦ ᠭᠡᠵᠦ ᠪᠠᠶᠢᠭ᠎ᠠ ᠶᠡᠭᠡ ᠬᠡᠮᠵᠢᠶᠡᠨ ᠤ ᠠᠵᠢᠯᠴᠢᠳ ᠲᠤ ᠴᠤ ᠡᠮᠬᠢ ᠵᠢᠷᠤᠮ ᠲᠠᠢ ᠵᠠᠮ ᠬᠠᠷᠢᠯᠴᠠᠭᠠᠨ ᠤ ᠡᠮᠬᠢ ᠵᠢᠷᠤᠮ ᠢ ᠪᠣᠶ ᠪᠣᠯᠭᠠᠵᠤ ᠥᠭᠭᠦᠭᠰᠡᠨ ᠪᠠᠶᠢᠨ᠎ᠠ᠃
 
ᠢᠷᠡᠯᠲᠡ᠄ ᠵᠢᠦ ᠶᠤᠸᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号