ᠲᠥᠭᠡᠷᠢᠭᠰᠡᠨ ᠨᠠᠰᠤᠲᠠᠨ ᠤ ᠭᠡᠷ ᠲᠤ ᠪᠠᠨ ᠬᠠᠷᠢᠬᠤ ᠵᠠᠮ ᠶᠢ ᠠᠷᠠᠳ ᠤᠨ ᠴᠠᠭᠳᠠᠭ᠎ᠠ ᠰᠡᠳᠬᠢᠯ ᠳᠤᠯᠠᠭᠠᠴᠠᠭᠤᠯᠤᠨ ᠰᠠᠬᠢᠨ ᠬᠠᠮᠠᠭᠠᠯᠠᠪᠠ
ᠨᠡᠶᠢᠲᠡᠯᠡᠭᠰᠡᠨ ᠴᠠᠭ᠄
2025/1/15
11111111.jpg
       2025 ᠣᠨ ᠤ 1 ᠰᠠᠷ᠎ᠠ ᠶᠢᠨ 13 ᠤ ᠡᠳᠦᠷ ᠤᠨ 17 ᠴᠠᠭ 41 ᠮᠢᠨᠦ᠋ᠲ ᠲᠤ᠂ ᠵᠢᠦ ᠶᠤᠸᠠᠨ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᡁᠢ ᠰᠢᠩ ᠵᠠᠮ ᠤᠨ ᠲᠣᠮᠢᠯᠠᠭᠰᠠᠨ ᠰᠠᠯᠪᠤᠷᠢ ᠨᠢ ᠵᠢᠦ ᠶᠤᠸᠠᠨ ᠲᠣᠭᠤᠷᠢᠭ ᠤᠨ ᠹᠧᠩ ᡂᠢ ᠵᠢᠯᠣᠭᠤᠳᠬᠤ ᠰᠤᠷᠭᠠᠭᠤᠯᠢ ᠶᠢᠨ ᠣᠢᠷ᠎ᠠ ᠬᠠᠪᠢ ᠳᠤ 80 ᠭᠠᠷᠤᠢ ᠨᠠᠰᠤᠲᠠᠢ ᠨᠠᠰᠤᠲᠠᠨ ᠭᠡᠷ ᠢᠶᠠᠨ ᠡᠷᠢᠵᠦ ᠣᠯᠬᠤ ᠦᠭᠡᠢ ᠭᠤᠷᠪᠠᠨ ᠡᠳᠣᠷ ᠪᠣᠯᠵᠤ ᠪᠠᠢᠨ᠎ᠠ ᠭᠡᠰᠡᠨ ᠮᠡᠳᠡᠭᠦᠯᠦᠯᠡᠯ ᠶᠢ ᠲᠣᠰᠣᠪᠠ᠃    ᠮᠡᠳᠡᠭᠦᠯᠦᠯᠡᠯ ᠲᠣᠰᠣᠭᠰᠠᠨ ᠤ ᠳᠠᠷᠠᠭ᠎ᠠ᠂ ᠠᠷᠠᠳ ᠤᠨ ᠴᠠᠭᠳᠠᠭ᠎ᠠ ᠲᠡᠷᠡ ᠳᠠᠷᠤᠢ ᠳᠤᠨᠢ ᠲᠤᠬᠠᠢ ᠶᠢᠨ ᠲᠠᠯᠠᠪᠤᠷ ᠲᠤ ᠬᠦᠷᠴᠤ᠂ ᠲᠣᠰ ᠨᠠᠰᠤᠲᠠᠨ ᠤ  ᠦᠭᠡ ᠬᠡᠯᠡᠨ ᠨᠢ ᠯᠣᠭᠢᠭ ᠦᠭᠡᠢ ᠠᠴᠠ ᠪᠣᠯᠵᠤ ᠶᠠᠮᠠᠷ ᠴᠤ ᠬᠡᠷᠡᠭᠴᠡᠭᠡ ᠲᠠᠢ ᠰᠤᠷᠠᠭ ᠵᠠᠩᠭᠢ ᠣᠯᠵᠤ ᠮᠡᠳᠡᠭᠰᠡᠨ ᠦᠭᠡᠢ᠃ ᠴᠠᠭᠳᠠᠭ᠎ᠠ ᠳᠠᠷᠤᠢ ᠳᠤᠨᠢ ᠲᠤᠰ ᠨᠠᠰᠤᠲᠠᠨ ᠢ ᠵᠠᠮ ᠳᠠᠭᠠᠭᠰᠠᠨ ᠲᠣᠮᠢᠯᠠᠭᠰᠠᠨ ᠰᠠᠯᠪᠤᠷᠢ ᠪᠠᠨ ᠳᠠᠭᠠᠭᠤᠯᠤᠨ ᠬᠠᠷᠢᠵᠤ ᠢᠷᠡᠪᠡ᠂ ᠵᠠᠮ ᠳᠠᠭᠠᠨ ᠨᠠᠰᠤᠲᠠᠨ ᠣᠯᠠᠨ ᠡᠳᠦᠷ ᠬᠤᠭᠤᠯᠠ ᠢᠳᠡᠭᠰᠡᠨ ᠦᠭᠡᠢ ᠭᠡᠵᠦ ᠬᠡᠯᠡᠭᠰᠡᠨ ᠶᠢ ᠰᠣᠨᠣᠰᠤᠭᠠᠳ ᠠᠷᠠᠳ ᠤᠨ ᠴᠠᠭᠳᠠᠭ᠎ᠠ ᠨᠢᠭᠡ ᠲᠠᠯ᠎ᠠ ᠪᠠᠷ ᠨᠠᠰᠤᠲᠠᠨ ᠤ ᠤᠷᠮ᠎ᠠ ᠰᠡᠳᠬᠢᠯᠭᠡ ᠶᠢ ᠲᠠᠶᠢᠳᠬᠤᠷᠠᠭᠤᠯᠵᠤ᠂ ᠨᠠᠰᠤᠲᠠᠨ ᠳᠤ ᠢᠳᠡᠭᠡᠨ ᠬᠠᠩᠭᠠᠵᠤ᠂ ᠨᠥᠭᠦᠭᠡ ᠲᠠᠯ᠎ᠠ ᠪᠠᠷ ᠣᠯᠠᠨ ᠵᠦᠢᠯ ᠤᠨ ᠠᠷᠭ᠎ᠠ ᠬᠡᠯᠪᠡᠷᠢ ᠪᠠᠷ ᠨᠠᠰᠤᠲᠠᠨ ᠤ ᠭᠡᠷ ᠤᠨ ᠬᠥᠮᠦᠰ ᠶᠢ ᠨᠢ ᠬᠠᠢᠵᠤ ᠦᠭᠭᠦᠪᠡ᠃ ᠴᠠᠭᠳᠠᠭ᠎ᠠ ᠨᠠᠷ ᠮᠡᠷᠭᠡᠵᠢᠯ ᠤᠨ ᠠᠷᠭ᠎ᠠ ᠮᠠᠶ᠋ᠢᠭ ᠢᠶᠠᠷ ᠳᠠᠮᠵᠢᠭᠤᠯᠤᠨ ᠬᠠᠢᠭᠰᠠᠨ ᠤ ᠡᠴᠣᠰ ᠲᠤ ᠨᠠᠰᠤᠲᠠᠨ ᠤ ᠥᠬᠢᠨ ᠤ ᠰᠠᠭᠤᠭ᠎ᠠ ᠭᠠᠵᠠᠷ ᠢ ᠪᠠᠶᠢᠴᠠᠭᠠᠨ ᠲᠣᠳᠣᠯᠠᠵᠤ᠂ ᠨᠠᠰᠤᠲᠠᠨ ᠤ ᠭᠡᠷ ᠤᠨ ᠰᠠᠭᠤᠭ᠎ᠠ ᠭᠠᠵᠠᠷ ᠢ ᠲᠣᠭᠲᠠᠭᠠᠵᠤ᠂ ᠨᠠᠰᠤᠲᠠᠨ ᠢ ᠠᠮᠤᠷ ᠲᠦᠪᠰᠢᠨ ᠢᠶᠠᠷ ᠭᠡᠷ ᠲᠤᠨᠢ ᠬᠦᠷᠭᠡᠵᠦ ᠥᠭᠴᠡᠢ︕
 
ᠢᠷᠡᠯᠲᠡ᠄ ᠵᠢᠦ ᠶᠤᠸᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号