8 ᠰᠠᠷ᠎ᠠ ᠶᠢᠨ 18 ᠤ ᠡᠳᠦᠷ ᠤᠨ ᠦᠳᠡ ᠶᠢᠨ ᠬᠤᠶᠢᠨ᠎ᠠ᠂ ᠵᠢᠥ ᠶᠤᠸᠠᠨ ᠲᠣᠭᠤᠷᠢᠭ ᠤᠨ ᠳᠣᠲᠣᠭᠠᠳᠤ ᠶᠢ | ᠬᠠᠮᠠᠭᠠᠯᠠᠬᠤ ᠬᠤᠪᠢᠶᠠᠷᠢ ᠲᠣᠪᠴᠢᠶ᠎ᠠ ᠶᠢᠨ ᠳᠠᠯᠠᠨ ᠪᠣᠯᠠᠭ ᠲᠣᠮᠢᠯᠠᠭᠰᠠᠨ ᠰᠠᠯᠪᠤᠷᠢ ᠬᠠᠷᠢᠶ᠎ᠠ ᠣᠷᠣᠨ ᠤ ᠲᠣᠰᠣ ᠨᠡᠮᠡᠬᠦ | ᠥᠷᠲᠡᠭᠡ ᠶᠢᠨ ᠮᠡᠳᠡᠭᠦᠯᠦᠯᠲᠡ ᠶᠢ ᠣᠯᠪᠠ᠂ ᠨᠢᠭᠡ ᠬᠤᠣᠰ ᠡᠷ᠎ᠡ ᠡᠮ᠎ᠡ ᠲᠤᠰᠠᠯᠠᠮᠵᠢ ᠭᠤᠶᠤᠴᠢᠯᠠᠬᠤ᠂ ᠭᠠᠳᠠᠷ | ᠣᠷᠣᠨ ᠤ ᠠᠮᠠᠨ ᠠᠶᠠᠯᠭᠤ ᠶᠢᠨ ᠬᠦᠨᠳᠦ ᠪᠣᠯᠬᠤᠷ ᠶᠠᠭᠤ ᠬᠡᠯᠡᠵᠦ ᠪᠠᠶᠢᠬᠤ ᠶᠢ ᠣᠯᠵᠤ ᠰᠣᠨᠣᠰᠤᠭᠰᠠᠨ ᠦᠭᠡᠢ᠃ | ᠳᠠᠯᠠᠨ ᠪᠣᠯᠠᠭ ᠲᠣᠮᠢᠯᠠᠭᠰᠠᠨ ᠰᠠᠯᠪᠤᠷᠢ ᠲᠤᠰᠠᠯᠠᠮᠵᠢ ᠭᠤᠶᠤᠬᠤ ᠪᠠᠷ ᠢᠷᠡᠭᠰᠡᠨ ᠤ ᠪᠠᠨ ᠳᠠᠷᠠᠭ᠎ᠠ᠂ ᠳᠠᠷᠦ᠋ᠢᠬᠠᠨ ᠲᠣᠰᠣ | ᠨᠡᠮᠡᠬᠦ ᠥᠷᠲᠡᠭᠡ ᠳᠤ ᠬᠦᠷᠴᠦ ᠲᠤᠰᠠᠯᠠᠮᠵᠢ ᠭᠤᠶᠤᠴᠢᠯᠠᠭᠴᠢᠳ ᠢ ᠣᠯᠵᠤ ᠦᠵᠡᠭᠡᠳ ᠣᠶᠢᠯᠠᠭᠠᠯᠲᠠ ᠪᠠᠷ ᠳᠠᠮᠵᠢᠨ᠂ | ᠡᠷ᠎ᠡ ᠡᠮ᠎ᠡ ᠬᠤᠶᠠᠭᠤᠯᠠ ᠰᠧᠴᠤᠸᠠᠨ ᠤ ᠳ᠋ᠠ ᠯᠢᠶᠠᠩ ᠱᠠᠨ ᠠᠴᠠ ᠢᠷᠡᠵᠦ᠂ ᠪᠠᠶᠠᠨᠨᠠᠭᠤᠷ ᠠᠶᠢᠮᠠᠭ ᠤᠨ ᠦᠶᠤᠸᠠᠨ | ᠰᠢᠶᠠᠨ ᠠᠴᠠ ᠮᠣᠷᠳᠠᠵᠤ ᠵᠢᠥ ᠶᠤᠸᠠᠨ ᠲᠣᠭᠤᠷᠢᠭ ᠤᠨ ᠳᠠᠯᠠᠨ ᠪᠣᠯᠠᠭ ᠪᠠᠯᠭᠠᠰᠣ ᠪᠠᠷᠥᠩᠭᠡᠷᠡᠬᠦ ᠬᠤᠯᠠ ᠵᠠᠮ ᠤᠨ | ᠲᠡᠷᠭᠡᠨ ᠳᠡᠭᠡᠷ᠎ᠡ᠂ ᠪᠤᠭᠤᠲᠤ ᠳᠤ ᠬᠤᠪᠢ ᠬᠥᠮᠦᠨ ᠤ ᠦᠨᠡᠮᠯᠡᠯ᠂ ᠪᠠᠩᠬᠢ ᠶᠢᠨ ᠺᠠᠷᠲ ᠪᠠ ᠬᠥᠯᠥᠰᠥᠨ ᠠᠵᠢᠯ ᠬᠢᠵᠦ | ᠣᠯᠤᠭᠰᠠᠨ 5000 ᠲᠥᠭᠦᠷᠢᠭ ᠤᠨ ᠪᠡᠯᠡᠨ ᠵᠣᠭᠤᠰ ᠭᠡᠭᠡᠳᠡᠭᠰᠡᠨ ᠪᠠᠶᠢᠨ᠎ᠠ᠂ ᠡᠨᠡ ᠨᠢ ᠮᠠᠰᠢ ᠪᠠᠴᠢᠮᠳᠠᠵᠤ ᠪᠠᠶᠢᠨ᠎ᠠ᠂ | ᠡᠷᠢᠵᠦ ᠠᠪᠴᠢᠷᠠᠬᠤ ᠪᠠᠷ ᠭᠤᠶᠤᠴᠢᠯᠠᠵᠠᠶ᠃ ᠠᠷᠠᠳ ᠤᠨ ᠴᠠᠭᠳᠠᠭ᠎ᠠ ᠶᠢᠨ ᠬᠠᠩᠭᠠᠭᠰᠠᠨ ᠲᠡᠷᠭᠡᠨ ᠪᠢᠯᠧᠲ ᠢᠶᠠᠨ | ᠦᠨᠳᠦᠰᠦᠯᠡᠨ ᠪᠠᠶᠠᠨᠨᠠᠭᠤᠷ ᠠᠶᠢᠮᠠᠭ ᠤᠨ ᠦᠶᠤᠸᠠᠨ ᠰᠢᠶᠠᠨ ᠤ ᠠᠶᠠᠨᠴᠢᠳ ᠤᠨ ᠲᠡᠭᠡᠭᠡᠪᠦᠷᠢ ᠶᠢᠨ ᠥᠷᠲᠡᠭᠡ ᠲᠠᠢ | ᠬᠠᠷᠢᠯᠴᠠᠬᠤ ᠶᠢᠨ ᠬᠠᠮᠲᠤ ᠵᠢᠯᠣᠭᠤᠴᠢ ᠲᠠᠢ ᠬᠠᠷᠢᠯᠴᠠᠵᠤ᠂ ᠭᠡᠭᠡᠭᠳᠡᠭᠰᠡᠨ ᠪᠣᠭᠴᠣ ᠪᠠᠨ ᠤᠷᠤᠭᠰᠢᠲᠠᠢ ᠡᠷᠢᠵᠦ ᠣᠯᠪᠠ | ᠃ ᠡᠷ᠎ᠡ ᠡᠮ᠎ᠡ ᠬᠤᠶᠠᠭᠤᠯᠠ ᠡᠭᠦᠷᠬᠦ ᠪᠣᠭᠴᠣ ᠪᠠᠨ ᠠᠪᠴᠤ ᠳᠠᠯᠠᠨ ᠪᠣᠯᠠᠭ ᠲᠣᠮᠢᠯᠠᠭᠰᠠᠨ ᠠᠷᠠᠳ ᠤᠨ ᠴᠠᠭᠳᠠᠭ᠎ᠠ ᠳᠤ | ᠲᠠᠯᠠᠷᠬᠠᠵᠤ ᠪᠠᠢᠬᠤ ᠪᠠᠨ ᠢᠯᠡᠷᠬᠡᠢᠯᠡᠪᠡ᠃ ᠣᠯᠠᠨ ᠲᠦᠮᠡᠨ ᠳᠤ ᠦᠢᠯᠡᠴᠢᠯᠡᠬᠦ ᠳᠤ ᠪᠠᠭ᠎ᠠ ᠶᠠᠪᠤᠳᠠᠯ ᠭᠡᠵᠦ ᠦᠭᠡᠢ᠂ | ᠵᠢᠵᠢᠭ ᠰᠠᠵᠢᠭ ᠵᠦᠢᠯ ᠠᠴᠠ ᠦᠨᠡᠨ ᠪᠠᠶᠢᠳᠠᠯ ᠢ ᠣᠯᠵᠤ ᠬᠠᠷᠠᠨ᠎ᠠ᠂ ᠵᠢᠦ ᠶᠤᠸᠠᠨ ᠲᠣᠭᠤᠷᠢᠭ ᠤᠨ ᠳᠣᠲᠣᠭᠠᠳᠤ ᠶᠢ | ᠬᠠᠮᠠᠭᠠᠯᠠᠬᠤ ᠬᠤᠪᠢᠶᠠᠷᠢ ᠲᠣᠪᠴᠢᠶ᠎ᠠ ᠶᠢᠨ ᠪᠦᠬᠦ ᠠᠷᠠᠳ ᠤᠨ ᠲᠤᠰᠠᠯᠠᠬᠤ ᠴᠠᠭᠳᠠᠭ᠎ᠠ ᠨᠠᠷ ᠢᠮᠠᠭᠲᠠ ᠪᠠᠷᠢᠮᠲᠠᠯᠠᠵᠤ᠂ | ︽ᠠᠷᠠᠳ ᠲᠦᠮᠡᠨ ᠬᠦᠰᠡᠯ ᠱᠠᠭᠠᠷᠳᠠᠯᠭ᠎ᠠ ᠲᠠᠢ ᠪᠣᠯ ᠲᠥᠯᠥᠭᠡ︾ ᠪᠠᠶᠢᠵᠤ᠂ ︽ᠪᠢ ᠣᠯᠠᠨ ᠲᠦᠮᠡᠨ ᠳᠤ ᠪᠣᠳᠠᠲᠤ | ᠶᠠᠪᠤᠳᠠᠯ ᠬᠢᠵᠦ ᠥᠭᠬᠦ︾ ᠪᠠᠷ ᠭᠠᠷᠳᠠᠴᠠ ᠪᠣᠯᠭᠠᠵᠤ᠂ ᠣᠯᠠᠨ ᠲᠦᠮᠡᠨ ᠤ ᠠᠮᠤᠷ ᠲᠦᠪᠰᠢᠨ ᠤ ᠲᠥᠷᠥᠭᠳᠡᠯ᠂ | ᠬᠠᠨᠤᠮᠵᠢ ᠶᠢᠨ ᠬᠡᠮᠵᠢᠶ᠎ᠡ ᠶᠢ ᠳᠡᠭᠡᠭᠰᠢᠯᠡᠭᠦᠯᠵᠦ᠂ ︽ᠴᠠᠭᠳᠠᠭ᠎ᠠ ᠶᠢᠨ ᠬᠥᠬᠡ ᠥᠩᠭᠡ︾ ᠶᠢ ᠣᠯᠠᠨ ᠲᠦᠮᠡᠨ ᠤ | ᠬᠡᠷᠡᠭᠴᠡᠭᠡ ᠲᠠᠢ ᠴᠠᠭ ᠮᠥᠴᠡ ᠪᠦᠷᠢ ᠳᠤ ᠢᠯᠡᠷᠡᠭᠦᠯᠪᠡ᠃ | | |