ᠣᠳᠣᠬᠠᠨ ᠳᠤ ᠪᠠᠭᠠᠨ᠎ᠠ ᠨᠢᠷᠤᠭᠤ ᠬᠠᠵᠠᠭᠤ ᠲᠡᠶᠢᠰᠢ ᠮᠤᠷᠤᠶᠢᠬᠤ ᠶᠢ ᠰᠢᠭᠰᠢᠨ ᠪᠠᠶᠢᠴᠠᠭᠠᠬᠤ ᠪᠠᠶᠢᠴᠠᠭᠠᠯᠲᠠ ᠶᠢ | ᠨᠢᠭᠡᠨᠲᠡ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠪᠡᠶ᠎ᠡ ᠶᠢᠨ ᠪᠠᠶᠢᠴᠠᠭᠠᠯᠲᠠ ᠶᠢᠨ ᠵᠦᠢᠯᠡᠰ ᠲᠤ | ᠣᠷᠣᠭᠤᠯᠪᠠ᠃ ᠮᠡᠳᠡᠭᠡᠯᠡᠭᠰᠡᠨ ᠢᠶᠠᠷ᠂ ᠬᠠᠩᠵᠧᠦ ᠶᠢᠨ ᠲᠢᠶᠠᠨ ᠴᠧᠩ ᠰᠤᠷᠭᠠᠭᠤᠯᠢ ᠶᠢᠨ ᠪᠠᠩ ᠾᠧ | ᠰᠤᠷᠭᠠᠭᠤᠯᠢ ᠶᠢᠨ ᠲᠣᠭᠤᠷᠢᠭ ᠤᠨ 76 ᠬᠥᠮᠦᠨ ᠳᠤ ᠰᠢᠭᠰᠢᠨ ᠪᠠᠶᠢᠴᠠᠭᠠᠯᠳᠠ ᠬᠢᠭᠰᠡᠨ ᠳᠤ ᠬᠡᠪ ᠤᠨ ᠪᠤᠰᠤ | ᠪᠠᠶᠢᠳᠠᠯ ᠭᠠᠷᠪᠠ᠃ ᠡᠭᠦᠨ ᠳᠤ ᠲᠤᠬᠠᠶ ᠶᠢᠨ ᠲᠠᠯᠠᠪᠠᠶ ᠳᠤ ᠬᠢᠭᠰᠡᠨ ᠪᠡᠶ᠎ᠡ ᠶᠢᠨ ᠪᠠᠶᠢᠴᠠᠭᠠᠯᠲᠠ ᠳᠤ ᠬᠡᠪ ᠤᠨ ᠪᠤᠰᠤ | ᠪᠠᠶᠢᠳᠠᠯ ᠭᠠᠷᠤᠬᠰᠠᠨ ᠰᠣᠷᠣᠭᠴᠢ ᠶᠢ ᠴᠢᠨᠠᠬᠰᠢᠳᠠ ᠲᠦᠷᠦᠯ ᠬᠤᠪᠢᠶᠠᠵᠦ ᠰᠢᠭᠰᠢᠨ ᠪᠠᠶᠢᠴᠠᠭᠠᠵᠠᠶ᠂ ATR ︵ | ᠪᠡᠶ᠎ᠡ ᠶᠢᠨ ᠡᠷᠭᠢᠯᠲᠡ ᠶᠢᠨ ᠥᠨᠴᠥᠭ︶ ᠨᠢ 5 ᠭᠷᠠᠳᠦ᠋ᠰ ᠠᠴᠠ ᠳᠡᠭᠡᠭᠰᠢ 39 ᠬᠥᠮᠦᠨ ᠢ ᠳᠤᠭᠤᠶᠢᠯᠠᠩ ᠳᠤ | ᠤᠷᠤᠭᠤᠯᠵᠤ ᠡᠯ᠎ᠡ ᠵᠦᠢᠯ ᠤᠨ ᠪᠠᠶᠢᠴᠠᠭᠠᠯᠳᠠ ᠬᠢᠵᠡᠢ᠃ | ᠪᠠᠭᠠᠨ᠎ᠠ ᠨᠢᠷᠤᠭᠤ ᠬᠠᠵᠠᠭᠤ ᠲᠡᠶᠢᠰᠢ ᠮᠤᠷᠤᠶᠢᠬᠤ ᠨᠢ ᠨᠠᠰᠤ ᠨᠡᠮᠡᠭᠳᠡᠬᠦ ᠶᠢ ᠳᠠᠭᠠᠯᠳᠤᠨ ᠠᠭᠠᠵᠢᠮ ᠢᠶᠠᠷ | ᠬᠦᠨᠳᠦᠷᠡᠵᠦ᠂ ᠪᠡᠶ᠎ᠡ ᠶᠢᠨ ᠲᠡᠩᠴᠡᠭᠦᠷᠢ ᠶᠢ ᠨᠥᠯᠥᠭᠡᠯᠡᠳᠡᠭ᠂ ᠬᠦᠨᠳᠦᠷᠡᠬᠦ ᠳᠤ ᠬᠦᠷᠪᠡᠯ ᠠᠮᠢᠰᠬᠤᠯ᠂ ᠵᠢᠷᠦᠬᠡᠨ ᠤ | ᠠᠵᠢᠯᠯᠠᠭ᠎ᠠ ᠶᠢ ᠨᠥᠯᠥᠭᠡᠯᠡᠵᠦ᠂ ᠴᠢᠨᠠᠭᠰᠢᠯᠠᠪᠠᠯ ᠲᠠᠮᠪᠠᠷᠠᠳᠠᠭ ᠪᠠᠶᠢᠨ᠎ᠠ᠃ᠪᠠᠭᠠᠨ᠎ᠠ ᠨᠢᠷᠤᠭᠤ ᠬᠠᠵᠠᠭᠤ ᠲᠡᠶᠢᠰᠢ | ᠮᠤᠷᠦ᠋ᠢᠪᠠᠯ ᠶᠠᠭᠠᠬᠢᠬᠤ ᠪᠤᠢ︖ᠪᠡᠭᠡᠵᠢᠩ ᠤᠨ ᠵᠢᠶ ᠱᠦᠶ ᠲᠠᠨ ᠡᠮᠨᠡᠯᠭᠡ ᠶᠢᠨ ᠬᠤᠷᠢᠶᠠᠨ ᠤ ᠨᠢᠷᠤᠭᠤᠨ ᠤ ᠭᠠᠳᠠᠷ | ᠰᠠᠯᠠᠭᠠᠨ ᠤ ᠳᠡᠳ᠋ ᠡᠷᠬᠢᠯᠡᠭᠴᠢ ᠡᠮᠴᠢ ᠰᠢᠶᠤᠤ ᠪᠢᠨ ᠲᠠᠨᠢᠯᠴᠠᠭᠤᠯᠤᠨ ᠬᠡᠯᠡᠬᠦ ᠳᠡᠭᠡᠨ᠂ ᠶᠡᠷᠦ ᠳᠡᠭᠡᠨ ᠬᠠᠵᠠᠭᠤ | ᠲᠡᠶᠢᠰᠢ ᠮᠤᠷᠤᠶᠢᠬᠰᠠᠨ ᠮᠤᠷᠦ᠋ᠢᠯᠲᠠ ᠶᠢᠨ ᠭᠷᠠᠳᠦ᠋ᠰ ᠤᠨ ᠲᠤᠭ᠎ᠠ ᠶᠢ ᠪᠣᠳᠣᠯᠬᠢᠯᠠᠳᠠᠭ᠃ | 1.ᠭᠷᠠᠳᠦ᠋ᠰ ᠤᠨ ᠲᠤᠭ᠎ᠠ ᠨᠢ 25 ᠭᠷᠠᠳᠦ᠋ᠰ ᠠᠴᠠ 45 ᠭᠷᠠᠳᠦ᠋ᠰ ᠤᠨ ᠬᠤᠭᠤᠷᠣᠨᠳᠣ ᠪᠠᠶᠢᠬᠤ ᠮᠦᠷᠳᠡᠭᠡᠨ ᠪᠠᠰᠠ | ᠥᠰᠥᠯᠲᠡ ᠶᠢᠨ ᠬᠤᠭᠤᠴᠠᠭᠠᠨ ᠳᠠᠭᠠᠨ ᠪᠠᠶᠢᠭ᠎ᠠ ᠬᠡᠦᠬᠡᠳ ᠢ ᠪᠤᠯ ᠬᠠᠵᠠᠭᠤ ᠲᠠᠶᠢᠰᠢ ᠮᠤᠷᠤᠶᠢᠬᠰᠠᠨ ᠢ ᠨᠢ ᠲᠡᠭᠰᠢᠯᠡᠨ | ᠵᠠᠰᠠᠬᠤ ᠪᠠᠭᠠᠵᠢ ᠪᠠᠷ ᠬᠠᠪᠰᠤᠷᠭᠠᠨ ᠵᠠᠰᠠᠪᠠᠯ ᠵᠤᠬᠢᠨ᠎ᠠ᠃ | 2. ᠬᠡᠷᠪᠡ ᠭᠷᠠᠳᠦ᠋ᠰ ᠤᠨ ᠲᠤᠭ᠎ᠠ ᠨᠢ ᠬᠠᠷᠢᠴᠠᠩᠭᠤᠢ ᠪᠠᠷ ᠨᠡᠯᠢᠶᠡᠳ ᠪᠠᠭ᠎ᠠ᠂ 20 ᠭᠷᠠᠳᠦ᠋ᠰ ᠠᠴᠠ ᠲᠤᠷᠤᠬᠰᠢ | ᠪᠠᠶᠢᠭ᠎ᠠ ᠬᠡᠦᠬᠡᠳ ᠢ ᠪᠤᠯ ᠲᠣᠭᠲᠠᠭᠰᠠᠨ ᠬᠤᠭᠤᠴᠠᠭ᠎ᠠ ᠲᠠᠢ ᠪᠠᠷ ᠠᠵᠢᠬᠯᠠᠵᠤ᠂ ᠡᠷᠡᠭᠦᠯᠵᠢᠬᠦᠯᠬᠦ ᠴᠢᠨᠠᠷ ᠲᠠᠢ | ᠪᠣᠯᠪᠠᠰᠤᠷᠠᠯ ᠢ ᠬᠢᠵᠦ ᠪᠣᠯᠤᠨ᠎ᠠ᠃ | 3. ᠬᠡᠷᠪᠡ ᠬᠠᠵᠠᠭᠤ ᠲᠡᠶᠢᠰᠢ ᠮᠤᠷᠦ᠋ᠢᠬᠰᠠᠨ ᠭᠷᠠᠳᠦ᠋ᠰ ᠨᠢ 45 ᠭᠷᠠᠳᠦ᠋ᠰ ᠠᠴᠠ ᠶᠡᠭᠡ᠂ ᠭᠠᠳᠠᠷ ᠪᠠᠶᠢᠳᠠᠯ ᠨᠢ | ᠢᠯᠡᠷᠬᠡᠢ ᠵᠠᠷᠢᠮᠳᠠᠭ᠂ ᠪᠡᠶ᠎ᠡ ᠮᠠᠬᠠᠪᠣᠳ ᠨᠢ ᠲᠡᠩᠴᠡᠭᠦᠷᠢ ᠦᠭᠡᠢ ᠪᠠᠶᠢᠬᠤ ᠪᠤᠶᠤ ᠴᠢᠨᠠᠬᠰᠢᠯᠠᠨ ᠬᠦᠨᠳᠦᠷᠡᠬᠦ | ᠬᠠᠨᠳᠤᠰᠢ ᠲᠠᠢ ᠪᠤᠯ ᠮᠡᠰᠡ ᠵᠠᠰᠠᠯ ᠬᠢᠯᠭᠡᠪᠡᠯ ᠵᠤᠬᠢᠨ᠎ᠠ ᠬᠡᠪᠡ᠃ |