︽5.1︾ ᠵᠡᠷᠭᠡ ᠪᠠᠶᠠᠷ ᠳᠤᠷᠠᠰᠬᠠᠯ ᠤᠨ ᠡᠳᠦᠷ ᠤᠨ ᠠᠮᠠᠷᠠᠯᠲᠠ ᠶᠢᠨ ᠬᠤᠭᠤᠴᠠᠭᠠᠨ ᠤ ᠴᠠᠯᠢᠩ ᠢ ᠴᠤᠬᠤᠮ | ᠬᠡᠵᠢᠶ᠎ᠡ ᠦᠭᠭᠦ ᠪᠤᠶ︖ | ● ᠬᠠᠤᠯᠢ ᠪᠠᠷ ᠲᠣᠭᠲᠠᠭᠠᠭᠰᠠᠨ ᠠᠮᠠᠷᠠᠯᠲᠠ ᠶᠢᠨ ᠡᠳᠦᠷ ᠲᠣᠬᠢᠶᠠᠯᠳᠤᠪᠠᠯ᠂ ᠪᠠᠶᠢᠭᠤᠯᠭ᠎ᠠ ᠤᠷᠢᠳᠴᠢᠯᠠᠨ | ᠴᠠᠯᠢᠩ ᠥᠭᠭᠦᠨ᠎ᠡ ᠦᠦ︖ | ᠴᠠᠯᠢᠩ ᠥᠭᠬᠦ ᠨᠢ ︽5.1︾ ᠤ ᠠᠮᠠᠷᠠᠯᠲᠠ ᠶᠢᠨ ᠬᠤᠭᠤᠴᠠᠭ᠎ᠠ ᠲᠠᠢ ᠬᠤᠯᠪᠣᠭᠳᠠᠯ ᠦᠭᠡᠶ᠂ ᠬᠥᠮᠦᠨ | ᠬᠡᠷᠡᠭᠯᠡᠵᠦ ᠪᠠᠶᠢᠭ᠎ᠠ ᠨᠢᠭᠡᠴᠡ ᠤᠤᠯ ᠤᠨ ᠲᠣᠭᠲᠠᠭᠠᠭᠰᠠᠨ ᠴᠠᠯᠢᠩ ᠥᠭᠬᠦ ᠡᠳᠦᠷ ᠶᠣᠰᠣᠭᠠᠷ ᠴᠠᠯᠢᠩ ᠦᠭᠭᠦᠨ᠎ᠡ᠂ | ᠴᠠᠯᠢᠩ ᠥᠭᠬᠦ ᠶᠢ ᠬᠤᠶᠢᠰᠢᠯᠠᠭᠤᠯᠬᠤ ᠦᠭᠡᠶ ᠪᠣᠯ ᠬᠠᠤᠯᠢ ᠠᠴᠠ ᠵᠥᠷᠢᠴᠡᠬᠦ ᠦᠭᠡᠶ᠃ ᠬᠡᠷᠪᠡ ᠴᠠᠯᠢᠩ ᠥᠭᠬᠦ | ᠡᠳᠦᠷ ᠨᠢ ᠶᠠᠭ ᠪᠠᠶᠠᠷ ᠳᠤᠷᠠᠰᠬᠠᠯ ᠠᠮᠠᠷᠠᠯᠲᠠ ᠶᠢᠨ ᠡᠳᠦᠷ ᠲᠤᠬᠢᠶᠠᠯᠳᠤᠬᠰᠠᠨ ᠪᠠᠶᠢᠪᠠᠯ᠂ ᠨᠢᠭᠡᠴᠡ ᠶᠢᠨ ᠬᠢᠨ | ᠴᠠᠯᠢᠩ ᠢ ᠤᠷᠢᠳᠴᠢᠯᠠᠨ ᠦᠭᠪᠡᠯ ᠵᠤᠬᠢᠨ᠎ᠠ᠃ | ︽ᠴᠠᠯᠢᠩ ᠥᠭᠬᠦ ᠲᠦᠷ ᠬᠡᠷᠡᠭᠵᠢᠭᠦᠯᠬᠦ ᠲᠣᠭᠲᠠᠭᠠᠯ︾ ᠤᠨ ᠳᠣᠯᠣᠳᠤᠭᠠᠷ ᠵᠦᠢᠯ ᠢ ᠦᠨᠳᠦᠰᠦᠯᠡᠪᠡᠯ᠂ ᠴᠠᠯᠢᠩ | ᠢ ᠡᠷᠬᠡᠪᠰᠢ ᠬᠥᠮᠦᠨ ᠬᠡᠷᠡᠭᠯᠡᠵᠦ ᠪᠠᠶᠢᠭ᠎ᠠ ᠨᠢᠭᠡᠴᠡ ᠪᠣᠯᠤᠨ ᠬᠥᠳᠡᠯᠮᠦᠷᠢᠴᠢᠨ ᠤ ᠪᠣᠯᠵᠣᠨ ᠲᠣᠭᠲᠠᠭᠰᠠᠨ ᠡᠳᠦᠷ | ᠬᠤᠭᠤᠴᠠᠭᠠᠨ ᠳ᠋ᠤ᠋ ᠥᠭᠬᠦ ᠬᠡᠷᠡᠭᠲᠡᠢ᠃ ᠬᠡᠷᠪᠡ ᠪᠠᠶᠠᠷ ᠳᠤᠷᠠᠰᠬᠠᠯ ᠠᠮᠠᠷᠠᠯᠲᠠ ᠶᠢᠨ ᠡᠳᠦᠷ ᠪᠤᠶᠤ ᠠᠮᠠᠷᠠᠯᠲᠠ ᠶᠢᠨ | ᠡᠳᠦᠷ ᠲᠤᠬᠢᠶᠠᠯᠳᠤᠬᠤ ᠳ᠋ᠤᠬᠦ᠋ᠷᠪᠡᠯ᠂ ᠬᠠᠮᠤᠭ ᠤᠢᠢᠷ᠎ᠠ ᠶᠢᠨ ᠠᠵᠢᠯ ᠤᠨ ᠡᠳᠦᠷ ᠲᠤ ᠤᠷᠢᠳᠴᠢᠯᠠᠨ ᠥᠭᠬᠦ ᠬᠡᠷᠡᠭᠲᠡᠢ᠃ | ᠴᠠᠯᠢᠩ ᠢ ᠨᠠᠭᠠᠳᠤ ᠵᠠᠬ᠎ᠠ ᠳᠠᠭᠠᠨ ᠰᠠᠷ᠎ᠠ ᠪᠦᠷᠢ ᠨᠢᠭᠡ ᠤᠳᠠᠭ᠎ᠠ ᠥᠭᠬᠦ ᠬᠡᠷᠡᠭᠲᠡᠶ᠂ ᠭᠠᠷᠠᠭ᠂ ᠡᠳᠦᠷ᠂ ᠴᠠᠭ ᠤᠨ | ᠴᠠᠯᠢᠩ ᠤᠨ ᠳᠦᠷᠢᠮ ᠢ ᠬᠡᠷᠡᠭᠵᠢᠭᠦᠯᠵᠦ ᠪᠠᠶᠢᠭ᠎ᠠ ᠪᠣᠯ ᠭᠠᠷᠠᠭ᠂ ᠡᠳᠦᠷ᠂ ᠴᠠᠭ ᠢᠶᠠᠷ ᠴᠠᠯᠢᠩ ᠥᠭᠴᠦ ᠪᠣᠯᠤᠨ᠎ᠠ᠃ | ● ︽5.1︾ ᠤ ᠠᠮᠠᠷᠠᠯᠲᠠ ᠶᠢᠨ ᠬᠤᠭᠤᠴᠠᠭᠠᠨ ᠳᠤ ᠴᠠᠭ ᠨᠡᠮᠡᠵᠦ ᠠᠵᠢᠯᠯᠠᠪᠠᠯ ᠴᠠᠯᠢᠩ ᠢ ᠶᠠᠭᠠᠬᠢᠵᠦ | ᠪᠤᠳᠤᠬᠤ ᠪᠣᠶ︖ | ᠡᠨᠡ ᠵᠢᠯ ᠤᠨ ᠠᠮᠠᠷᠠᠯᠲᠠ ᠶᠢᠨ ᠲᠣᠬᠢᠷᠠᠭᠤᠯᠤᠯᠲᠠ ᠶᠢ ᠦᠨᠳᠦᠰᠦᠯᠡᠪᠡᠯ᠂ 5 ᠰᠠᠷ᠎ᠠ ᠶᠢᠨ 1 ᠤ ᠡᠳᠦᠷ | ᠠᠵᠢᠯᠯᠠᠪᠠᠯ 3 ᠳᠠᠬᠢᠨ ᠴᠠᠯᠢᠩ ᠥᠭᠭᠦᠨ᠎ᠡ᠂ 5 ᠰᠠᠷ᠎ᠠ ᠶᠢᠨ 2 ᠤᠨ ᠡᠳᠦᠷ ᠠᠴᠠ 5 ᠤ ᠡᠳᠦᠷ ᠪᠣᠯᠲᠠᠯ᠎ᠠ | ᠠᠵᠢᠯᠯᠠᠪᠠᠯ 2 ᠳᠠᠬᠢᠨ ᠴᠠᠯᠢᠩ ᠥᠭᠭᠦᠨ᠎ᠡ᠃ | |