ᠤᠨᠲᠠᠬᠤ ᠠᠴᠠ ᠪᠠᠨ ᠡᠮᠦᠨ᠎ᠡ ᠪᠢᠲᠡᠭᠡᠶ ᠡᠶᠢᠮᠦ ᠤᠴᠢᠷ ᠢ ᠬᠢ᠂ ᠪᠡᠶ᠎ᠡ ᠪᠠᠨ ᠭᠡᠮᠲᠦᠭᠡᠬᠦ ᠮᠥᠷᠲᠡᠭᠡᠨ ᠰᠡᠳᠬᠢᠯ ᠢᠶᠠᠨ ᠵᠣᠪᠠᠭᠠᠨ᠎ᠠ︕
ᠨᠡᠶᠢᠲᠡᠯᠡᠭᠰᠡᠨ ᠴᠠᠭ᠄
2024/4/18
    ᠤᠨᠲᠠᠬᠤ ᠠᠴᠠ ᠪᠠᠨ ᠡᠮᠦᠨ᠎ᠡ ᠬᠡᠷᠡᠯᠳᠦᠪᠡᠯ ᠨᠠᠩ ᠠᠮᠠᠷᠬᠠᠨ ᠥᠰᠢᠶ᠎ᠡ ᠪᠣᠳᠣᠨ᠎ᠠ᠃ ᠰᠤᠳᠤᠯᠭᠠᠨ ᠠᠴᠠ ᠦᠵᠡᠪᠡᠯ ᠂ ᠬᠥᠮᠦᠨ ᠤ ᠤᠷᠮ᠎ᠠ ᠰᠡᠳᠬᠢᠯᠭᠡ ᠨᠢᠭᠡ ᠡᠳᠦᠷ ᠲᠤ ᠣᠯᠠᠨ ᠤᠳᠠᠭ᠎ᠠ ᠬᠡᠯᠪᠡᠯᠵᠡᠵᠦ᠂ ᠢᠯᠠᠩᠭᠤᠶ᠎ᠠ ᠰᠥᠨᠢ ᠳᠦᠯᠢ ᠶᠢᠨ ᠦᠶ᠎ᠡ ᠪᠠᠷ ᠬᠡᠯᠪᠡᠯᠵᠡᠳᠡᠭ᠃ ᠣᠷᠣᠶ ᠪᠣᠯᠪᠠᠯ ᠬᠥᠮᠦᠨ ᠤ ᠪᠡᠶ᠎ᠡ ᠨᠢ ᠬᠠᠷ᠎ᠠ ᠬᠦᠷᠡᠩ ᠬᠤᠷᠮᠣᠨ ᠰᠢᠭᠦᠷᠡᠭᠦᠯᠵᠦ᠂ ᠴᠢᠰᠤᠨ ᠴᠠᠶᠢᠪᠠᠩ ᠤᠨ ᠡᠳ᠋ ᠰᠢᠭᠦᠷᠡᠭᠦᠯᠬᠦ ᠬᠡᠮᠵᠢᠶ᠎ᠡ ᠨᠢ ᠪᠠᠭᠤᠷᠠᠵᠤ᠂ ᠤᠷᠮ᠎ᠠ ᠰᠡᠳᠬᠢᠯᠭᠡ ᠨᠢ ᠬᠠᠷᠢᠴᠠᠩᠭᠤᠶ ᠨᠠᠵᠠᠭᠠᠶ ᠪᠣᠯᠳᠠᠭ᠃ ᠪᠠᠭᠴᠠᠯᠠᠭᠠᠳ ᠬᠡᠯᠡᠪᠡᠯ᠂ ᠤᠷᠤᠢ ᠦᠳᠡᠰᠢ ᠬᠡᠷᠡᠯᠳᠦᠪᠡᠯ ᠤᠷᠮ᠎ᠠ ᠰᠡᠳᠬᠢᠯᠭᠡ ᠳᠠᠬᠢ ᠨᠥᠯᠥᠭᠡ ᠨᠢ ᠪᠤᠰᠤᠳ ᠴᠠᠭ ᠠᠴᠠ ᠬᠤᠯᠠ ᠥᠨᠳᠥᠷ ᠪᠠᠶᠢᠳᠠᠭ᠃ ᠤᠨᠲᠠᠬᠤ ᠠᠴᠠ ᠪᠠᠨ ᠡᠮᠦᠨᠡᠬᠢ ᠭᠡᠷᠡᠭ ᠢ ᠠᠯᠢ ᠴᠤ ᠦᠶ᠎ᠡ ᠠᠴᠠ ᠲᠣᠳᠣᠷᠬᠠᠢ ᠴᠡᠭᠡᠵᠢᠯᠡᠳᠡᠭ ᠪᠦᠭᠡᠳ ᠤᠨᠲᠠᠬᠤ ᠠᠴᠠ ᠡᠮᠦᠨ᠎ᠡ ᠥᠰᠢᠶ᠎ᠡ ᠪᠣᠳᠣᠬᠤ ᠨᠢ ᠴᠤ ᠪᠤᠰᠤᠳ ᠵᠦᠢᠯ ᠢ ᠴᠡᠭᠡᠵᠢᠯᠡᠬᠦ ᠠᠴᠠ ᠬᠤᠯᠠ ᠠᠮᠠᠷᠬᠠᠨ ᠪᠠᠶᠢᠳᠠᠭ᠃ ᠤᠴᠢᠷ ᠨᠢ ᠤᠷᠮ᠎ᠠ ᠮᠠᠭᠤᠳᠠᠢ ᠤᠨᠲᠠᠪᠠᠯ ᠨᠠᠵᠠᠭᠠᠶ ᠰᠡᠳᠬᠢᠯᠭᠡ ᠨᠢ ᠶᠡᠭᠡ ᠲᠠᠷᠢᠬᠢᠨ ᠤ ᠬᠦᠢᠯᠡᠰᠦᠨ ᠴᠥᠮ᠎ᠡ ᠶᠢᠨ ᠪᠡᠶ᠎ᠡ᠂ ᠰᠤᠳᠠᠰᠤᠯᠢᠭ ᠪᠡᠶ᠎ᠡ ᠶᠢᠨ ᠡᠵᠡᠮᠰᠢᠯ ᠢ ᠠᠯᠳᠠᠭᠤᠯᠵᠤ ᠮᠤᠰᠬᠢᠷᠠᠭᠤᠯᠳᠠᠭ ᠠᠴᠠ ᠪᠤᠯᠵᠠᠢ᠂ ᠲᠥᠬᠦᠮ ᠢᠶᠠᠷ ᠬᠡᠯᠡᠪᠡᠯ᠂ ᠳᠠᠷᠤᠶ ᠤᠨᠲᠠᠬᠤ ᠲᠤᠲᠤᠮ ᠠᠭᠤᠷᠯᠠᠭᠤᠯᠳᠠᠭ ᠪᠠᠶᠢᠨ᠎ᠠ᠃ ᠠᠮᠠᠷᠬᠠᠨ ᠥᠰᠢᠶ᠎ᠡ ᠪᠣᠳᠣᠬᠤ ᠠᠴᠠ ᠭᠠᠳᠠᠨ᠎ᠠ᠂ ᠤᠨᠲᠠᠬᠤ ᠠᠴᠠ ᠪᠠᠨ ᠡᠮᠦᠨ᠎ᠡ ᠬᠡᠷᠡᠯᠳᠦᠬᠦ ᠨᠢ ᠬᠥᠮᠦᠨ ᠤ ᠪᠡᠶ᠎ᠡ ᠳ᠋ᠤ᠋ ᠮᠠᠰᠢ ᠣᠯᠠᠨ ᠬᠤᠤᠷ ᠬᠥᠨᠥᠭᠡᠯ ᠠᠪᠴᠢᠷᠠᠳᠠᠭ᠃     ︽ᠤᠨᠲᠠᠬᠤ ᠠᠴᠠ ᠪᠠᠨ ᠡᠮᠦᠨ᠎ᠡ ᠬᠡᠷᠡᠯᠳᠦᠬᠦ︾᠎ ᠠᠴᠠ ᠵᠠᠶᠢᠯᠠᠰᠬᠢᠬᠦ ᠠᠷᠭ᠎ᠠ     1. ᠤᠨᠲᠠᠬᠤ ᠠᠴᠠ ᠡᠮᠦᠨᠡᠬᠢ ᠬᠡᠳᠦᠨ ᠴᠠᠭ ᠤᠨ ᠳᠣᠲᠣᠷ᠎ᠠ᠂ ᠠᠯᠢ ᠴᠢᠳᠠᠬᠤ ᠪᠠᠷ ᠨᠡᠯᠢᠶᠡᠳ ᠰᠡᠷᠭᠡᠭ ᠪᠤᠶᠤ ᠬᠤᠶᠠᠷ ᠲᠠᠯ᠎ᠠ ᠪᠠᠷ ᠢᠶᠠᠨ ᠮᠠᠷᠭᠤᠭᠠᠨ ᠲᠠᠢ ᠶᠠᠷᠢᠶᠠᠨ ᠤ ᠰᠡᠳᠦᠪ ᠢ ᠶᠠᠷᠢᠬᠤ ᠥᠬᠡᠶ ᠪᠠᠶᠢᠬᠤ ᠬᠡᠷᠡᠭᠲᠡᠶ᠃     2. ᠠᠰᠠᠭᠤᠳᠠᠯ ᠢ ᠬᠡᠯᠡᠯᠴᠡᠭᠡᠳ ᠬᠡᠯᠡ ᠠᠮᠠ ᠨᠡᠶᠢᠯᠡᠬᠦ ᠦᠭᠡᠢ ᠪᠣᠯ ᠵᠢᠭᠤᠷᠠᠯᠳᠤᠭᠠᠨ ᠢ ᠲᠦᠷ ᠲᠠᠯᠪᠢᠵᠤ ᠪᠣᠯᠤᠨ᠎ᠠ᠃     3. ᠶᠠᠭᠤ ᠪᠠᠶᠢᠪᠠᠯ ᠶᠠᠭᠤ ᠶᠢ ᠯᠡ ᠶᠠᠷᠢᠵᠦ᠂ ᠬᠠᠷᠢᠯᠴᠠᠨ ᠳᠠᠭᠠᠷᠢᠬᠤ ᠦᠭᠡᠶ ᠪᠠᠶᠢᠬᠤ ᠬᠡᠷᠡᠭᠲᠡᠶ᠃   
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号