ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶᠠᠨ ᠠᠴᠠ ᠰᠤᠷᠪᠤᠯᠵᠢᠯᠠᠭᠴᠢ ᠶᠢᠨ | ᠣᠶᠢᠯᠠᠭᠠᠭᠰᠠᠨ ᠢᠶᠠᠷ᠂ ᠣᠶᠢᠷ᠎ᠠ ᠳᠤ ᠥᠪᠥᠷ ᠮᠣᠩᠭᠤᠯ ᠮᠤᠵᠢ ᠠᠯᠤᠰᠯᠠᠨ ᠣᠨᠳᠣᠣ ᠭᠠᠵᠠᠷ ᠲᠤ ᠡᠮᠨᠡᠭᠦᠯᠬᠦ | ᠳᠠᠩᠰᠠᠯᠠᠯᠲᠠ ᠶᠢᠨ ᠲᠥᠷᠥ ᠶᠢᠨ ᠪᠣᠳᠣᠯᠭ᠎ᠠ ᠳᠤ ᠪᠠᠨ ᠲᠣᠬᠢᠷᠠᠭᠤᠯᠤᠯᠲᠠ ᠬᠢᠪᠡ᠂ ᠳᠠᠷᠤᠢ ᠮᠤᠵᠢ ᠠᠯᠤᠰᠯᠠᠨ ᠣᠨᠳᠣᠣ | ᠭᠠᠵᠠᠷ ᠲᠤ ᠡᠮᠨᠡᠭᠦᠯᠬᠦ ᠳᠤ ᠤᠷᠢᠳ ᠢᠶᠠᠷ ᠳᠠᠩᠰᠠᠯᠠᠭᠤᠯᠵᠤ ᠳᠠᠷᠠᠭ᠎ᠠ ᠨᠢ ᠡᠮᠨᠡᠭᠦᠯᠬᠦ ᠬᠡᠷᠡᠭᠲᠡᠢ᠂ | ᠳᠠᠩᠰᠠᠯᠠᠭᠤᠯᠬᠤ ᠳᠤ ᠪᠠᠨ ᠰᠦᠯᠵᠢᠶᠡᠨ ᠤ ᠭᠠᠳᠠᠭᠤᠷ ᠡᠮᠴᠢᠯᠡᠭᠡᠨ ᠤ ᠳᠠᠭᠠᠳᠬᠠᠯ ᠤᠨ ᠭᠠᠷᠲᠠᠨ ᠭᠦᠢᠴᠡᠳᠬᠡᠬᠦ | ᠰᠠᠯᠠᠭ᠎ᠠ ᠮᠥᠴᠢᠷ ᠲᠤ ᠣᠴᠢᠵᠤ ᠭᠦᠢᠴᠡᠳᠬᠡᠵᠦ ᠪᠣᠯᠣᠨ᠎ᠠ᠂ ᠪᠠᠰᠠ ᠤᠯᠤᠰ ᠤᠨ ᠡᠮᠴᠢᠯᠡᠭᠡᠨ ᠤ ᠳᠠᠭᠠᠳᠬᠠᠯ ᠤᠨ | ᠦᠢᠯᠡᠴᠢᠯᠡᠭᠡᠨ ᠤ ᠲᠠᠪᠴᠠᠩ᠂ ᠥᠪᠥᠷ ᠮᠣᠩᠭᠤᠯ ᠤᠨ ᠡᠮᠴᠢᠯᠡᠭᠡᠨ ᠤ ᠳᠠᠭᠠᠳᠬᠠᠯ ᠵᠡᠷᠭᠡ ᠰᠦᠯᠵᠢᠶᠡᠨ ᠳᠡᠭᠡᠷᠡᠬᠢ | ᠠᠷᠭ᠎ᠠ ᠵᠠᠮ ᠢᠶᠠᠷ ᠭᠦᠢᠴᠡᠳᠬᠡᠵᠦ ᠪᠣᠯᠣᠨ᠎ᠠ᠂ ᠰᠦᠯᠵᠢᠶᠡᠨ ᠤ ᠭᠠᠳᠠᠭᠤᠷ ᠭᠤᠶᠤᠴᠢᠯᠠᠭᠰᠠᠨ ᠢ ᠲᠤᠬᠠᠢ ᠶᠢᠨ | ᠲᠠᠯᠠᠪᠤᠷ ᠲᠤ ᠨᠢ ᠭᠦᠢᠴᠡᠳᠬᠡᠵᠦ ᠪᠣᠯᠣᠨ᠎ᠠ᠂ ᠰᠦᠯᠵᠢᠶᠡᠨ ᠳᠡᠭᠡᠷ᠎ᠡ ᠳᠠᠩᠰᠠᠯᠠᠭᠤᠯᠬᠤ ᠳᠤ ᠪᠠᠨ 2 ᠠᠵᠢᠯᠯᠠᠬᠤ | ᠡᠳᠦᠷ ᠢᠶᠠᠷ ᠤᠷᠢᠳᠴᠢᠯᠠᠭᠤᠯᠬᠤ ᠬᠡᠷᠡᠭᠲᠡᠢ᠃ ᠮᠤᠵᠢ ᠠᠯᠤᠰᠯᠠᠨ ᠣᠨᠳᠣᠣ ᠭᠠᠵᠠᠷ ᠲᠤ ᠡᠮᠨᠡᠭᠦᠯᠬᠦ ᠪᠠᠨ | ᠳᠠᠩᠰᠠᠯᠠᠭᠤᠯᠬᠤ ᠳᠤ ᠬᠡᠷᠡᠭᠰᠡᠬᠦ ᠮᠠᠲ᠋ᠧᠷᠢᠶᠠᠯ ᠤᠳ ᠲᠤ ᠴᠢᠭᠯᠡᠭᠦᠯᠦᠨ᠂ ᠥᠪᠡᠷᠲᠡᠭᠡᠨ ᠵᠠᠰᠠᠬᠤ ᠣᠷᠣᠨ ᠤ | ᠡᠮᠴᠢᠯᠡᠭᠡᠨ ᠤ ᠪᠠᠲᠤᠯᠠᠭ᠎ᠠ ᠶᠢᠨ ᠲᠣᠪᠴᠢᠶᠠᠨ ᠤ ᠬᠤᠯᠪᠣᠭᠳᠠᠯ ᠪᠦᠬᠦᠢ ᠬᠠᠷᠢᠭᠤᠴᠠᠯᠭᠠᠲᠠᠨ ᠲᠠᠨᠢᠯᠴᠠᠭᠤᠯᠬᠤ ᠳᠤ ᠪᠠᠨ᠂ | ᠠᠵᠢᠯ ᠠᠴᠠ ᠪᠠᠨ ᠠᠮᠠᠷᠠᠭᠰᠠᠨ ᠤ ᠳᠠᠷᠠᠭ᠎ᠠ ᠣᠨᠳᠣᠣ ᠭᠠᠵᠠᠷ ᠲᠤ ᠰᠠᠭᠤᠷᠢᠰᠢᠭᠰᠠᠨ ᠪᠥᠭᠡᠳ ᠡᠷᠦᠬᠡ ᠠᠮᠠ ᠶᠢᠨ | ᠲᠠᠩᠰᠠ ᠪᠠᠨ ᠰᠠᠭᠤᠷᠢᠰᠢᠭᠰᠠᠨ ᠭᠠᠵᠠᠷ ᠲᠤ ᠪᠠᠨ ᠨᠡᠭᠦᠯᠭᠡᠭᠰᠡᠨ ᠬᠥᠮᠥᠰ ᠪᠣᠯ ᠬᠦᠴᠦᠨ ᠪᠦᠬᠦᠢ ᠪᠡᠶ᠎ᠡ ᠶᠢᠨ ᠦᠨᠡᠮᠯᠡᠯ | ᠪᠤᠶᠤ ᠡᠮᠴᠢᠯᠡᠭᠡᠨ ᠤ ᠳᠠᠭᠠᠳᠬᠠᠯ ᠤᠨ ᠡᠯᠧᠺᠳ᠋ᠷᠣᠨ ᠦᠨᠡᠮᠯᠡᠯ ᠪᠤᠶᠤ ᠨᠡᠶᠢᠭᠡᠮ ᠤᠨ ᠪᠠᠲᠤᠯᠠᠭ᠎ᠠ ᠶᠢᠨ ᠺᠠᠷᠲ᠂ | ᠰᠠᠭᠤᠭᠠᠯᠢ ᠠᠷᠠᠳ ᠤᠨ ᠡᠷᠦᠬᠡ ᠠᠮᠠ ᠶᠢᠨ ᠳᠡᠪᠲᠡᠷ ᠪᠤᠶᠤ ᠬᠤᠪᠢ ᠬᠥᠮᠥᠨ ᠤ ᠠᠮᠠᠯᠠᠯᠲᠠ ᠶᠢᠨ ᠪᠢᠴᠢᠭ ᠢᠶᠠᠨ | ᠬᠠᠩᠭᠠᠨ᠎ᠠ᠃ ᠣᠷᠳᠣ ᠬᠤᠭᠤᠴᠠᠭ᠎ᠠ ᠪᠠᠷ ᠣᠨᠳᠣᠣ ᠭᠠᠵᠠᠷ ᠲᠤ ᠰᠠᠭᠤᠷᠢᠰᠢᠵᠤ ᠪᠠᠶᠢᠭ᠎ᠠ ᠪᠥᠭᠡᠳ ᠳᠠᠭᠠᠳᠬᠠᠯ ᠳᠤ | ᠣᠷᠣᠯᠴᠠᠬᠤ ᠭᠠᠵᠠᠷ ᠤᠨ ᠲᠣᠭᠲᠠᠭᠠᠯ ᠳᠤ ᠨᠡᠶᠢᠴᠡᠬᠦ ᠬᠥᠮᠥᠰ ᠪᠣᠯ ᠬᠦᠴᠦᠨ ᠪᠦᠬᠦᠢ ᠪᠡᠶ᠎ᠡ ᠶᠢᠨ ᠦᠨᠡᠮᠯᠡᠯ ᠪᠤᠶᠤ | ᠡᠮᠴᠢᠯᠡᠭᠡᠨ ᠤ ᠳᠠᠭᠠᠳᠬᠠᠯ ᠤᠨ ᠡᠯᠧᠺᠳ᠋ᠷᠣᠨ ᠦᠨᠡᠮᠯᠡᠯ ᠪᠤᠶᠤ ᠨᠡᠶᠢᠭᠡᠮ ᠤᠨ ᠪᠠᠲᠤᠯᠠᠭ᠎ᠠ ᠶᠢᠨ ᠺᠠᠷᠲ᠂ ᠣᠷᠣᠰᠢᠨ | ᠰᠠᠭᠤᠬᠤ ᠦᠨᠡᠮᠯᠡᠯ ᠪᠤᠶᠤ ᠬᠤᠪᠢ ᠬᠥᠮᠥᠨ ᠤ ᠠᠮᠠᠯᠠᠯᠲᠠ ᠶᠢᠨ ᠪᠢᠴᠢᠭ ᠢᠶᠠᠨ ᠬᠠᠩᠭᠠᠨ᠎ᠠ᠃ ᠬᠥᠮᠥᠨ ᠬᠡᠷᠡᠭᠯᠡᠬᠦ | ᠨᠢᠭᠡᠴᠢ ᠠᠴᠠ ᠣᠨᠳᠣᠣ ᠭᠠᠵᠠᠷ ᠲᠤ ᠲᠣᠮᠢᠯᠠᠨ ᠠᠵᠢᠯᠯᠠᠭᠤᠯᠤᠭᠰᠠᠨ ᠪᠥᠭᠡᠳ ᠳᠠᠭᠠᠳᠬᠠᠯ ᠳᠤ ᠣᠷᠣᠯᠴᠠᠬᠤ | ᠭᠠᠵᠠᠷ ᠤᠨ ᠲᠣᠭᠲᠠᠭᠠᠯ ᠳᠤ ᠨᠡᠶᠢᠴᠡᠬᠦ ᠬᠥᠮᠥᠰ ᠪᠣᠯ ᠬᠦᠴᠦᠨ ᠪᠦᠬᠦᠢ ᠪᠡᠶ᠎ᠡ ᠶᠢᠨ ᠦᠨᠡᠮᠯᠡᠯ ᠪᠤᠶᠤ ᠡᠮᠴᠢᠯᠡᠭᠡᠨ ᠤ | ᠳᠠᠭᠠᠳᠬᠠᠯ ᠤᠨ ᠡᠯᠧᠺᠳ᠋ᠷᠣᠨ ᠦᠨᠡᠮᠯᠡᠯ ᠪᠤᠶᠤ ᠨᠡᠶᠢᠭᠡᠮ ᠤᠨ ᠪᠠᠲᠤᠯᠠᠭ᠎ᠠ ᠶᠢᠨ ᠺᠠᠷᠲ᠂ ᠣᠷᠣᠰᠢᠨ ᠰᠠᠭᠤᠬᠤ | ᠦᠨᠡᠮᠯᠡᠯ ᠪᠤᠶᠤ ᠬᠤᠪᠢ ᠬᠥᠮᠥᠨ ᠤ ᠠᠮᠠᠯᠠᠯᠲᠠ ᠶᠢᠨ ᠪᠢᠴᠢᠭ ᠢᠶᠠᠨ ᠬᠠᠩᠭᠠᠨ᠎ᠠ᠃ ᠮᠤᠵᠢ ᠠᠯᠤᠰᠯᠠᠨ ᠲᠦᠷ ᠴᠠᠭ | ᠭᠠᠳᠠᠭᠰᠢ ᠭᠠᠷᠴᠤ ᠡᠮᠨᠡᠭᠦᠯᠬᠦ ᠪᠤᠰᠤᠳ ᠬᠥᠮᠥᠰ ᠪᠣᠯ ᠬᠦᠴᠦᠨ ᠪᠦᠬᠦᠢ ᠪᠡᠶ᠎ᠡ ᠶᠢᠨ ᠦᠨᠡᠮᠯᠡᠯ ᠪᠤᠶᠤ ᠡᠮᠴᠢᠯᠡᠭᠡᠨ ᠤ | ᠳᠠᠭᠠᠳᠬᠠᠯ ᠤᠨ ᠡᠯᠧᠺᠳ᠋ᠷᠣᠨ ᠦᠨᠡᠮᠯᠡᠯ ᠪᠤᠶᠤ ᠨᠡᠶᠢᠭᠡᠮ ᠤᠨ ᠪᠠᠲᠤᠯᠠᠭ᠎ᠠ ᠶᠢᠨ ᠺᠠᠷᠲ ᠢᠶᠠᠨ ᠬᠠᠩᠭᠠᠨ᠎ᠠ ᠭᠡᠵᠡᠢ᠃ | ᠠᠩᠬᠠᠷᠤᠭᠤᠰᠢᠲᠠᠢ ᠨᠢ᠂ ︽ᠮᠤᠵᠢ ᠠᠯᠤᠰᠯᠠᠨ ᠣᠨᠳᠣᠣ ᠭᠠᠵᠠᠷ ᠲᠤ ᠣᠷᠳᠣ ᠬᠤᠭᠤᠴᠠᠭ᠎ᠠ ᠪᠠᠷ ᠰᠠᠭᠤᠷᠢᠰᠢᠵᠤ | ᠪᠠᠶᠢᠭ᠎ᠠ ᠬᠥᠮᠥᠰ︾ ᠤᠨ ᠵᠥᠪᠬᠡᠨ ᠠᠮᠠᠯᠠᠯᠲᠠ ᠶᠢᠨ ᠪᠢᠴᠢᠭ ᠢᠶᠠᠷ ᠳᠠᠮᠵᠢᠭᠤᠯᠤᠨ ᠭᠦᠢᠴᠡᠳᠬᠡᠭᠰᠡᠨ ᠳᠠᠩᠰᠠᠯᠠᠯᠲᠠ ᠶᠢ | ᠡᠷᠬᠡᠪᠰᠢ 1 ᠰᠠᠷ᠎ᠠ ᠶᠢᠨ ᠳᠣᠲᠣᠷ᠎ᠠ ᠳᠠᠩᠰᠠᠯᠠᠭᠤᠯᠬᠤ ᠳᠤ ᠳᠤᠲᠠᠭᠳᠠᠵᠤ ᠪᠠᠶᠢᠭᠰᠠᠨ ᠪᠤᠰᠤᠳ ᠮᠠᠲ᠋ᠧᠷᠢᠶᠠᠯ ᠤᠳ ᠢ ᠨᠢ | ᠨᠥᠬᠦᠭᠦᠯᠬᠦ ᠬᠡᠷᠡᠭᠲᠡᠢ᠃ ᠳᠠᠩᠰᠠᠯᠠᠭᠤᠯᠬᠤ ᠳᠤ ᠳᠤᠲᠠᠭᠳᠠᠵᠤ ᠪᠠᠶᠢᠭᠰᠠᠨ ᠮᠠᠲ᠋ᠧᠷᠢᠶᠠᠯ ᠤᠳ ᠢᠶᠠᠨ ᠲᠣᠭᠲᠠᠭᠰᠠᠨ | ᠬᠤᠭᠤᠴᠠᠭᠠᠨ ᠳᠤ ᠪᠠᠨ ᠨᠥᠬᠦᠪᠦᠷᠢᠯᠡᠵᠦ ᠲᠤᠰᠢᠶᠠᠭᠰᠠᠨ ᠦᠭᠡᠢ ᠪᠣᠯ ︽ᠮᠤᠵᠢ ᠠᠯᠤᠰᠯᠠᠨ ᠲᠦᠷ ᠴᠠᠭ ᠭᠠᠳᠠᠭᠰᠢ | ᠭᠠᠷᠴᠤ ᠡᠮᠨᠡᠭᠦᠯᠦᠭᠰᠡᠨ ᠪᠤᠰᠤᠳ ᠬᠥᠮᠥᠰ︾ ᠤᠨ ᠳᠠᠩᠰᠠᠯᠠᠯᠲᠠ ᠲᠠᠢ ᠠᠳᠠᠯᠢᠬᠠᠨ ᠢᠶᠠᠷ ᠲᠣᠭᠠᠴᠠᠨ᠎ᠠ᠃ ᠮᠤᠵᠢ | ᠠᠯᠤᠰᠯᠠᠨ ᠣᠨᠳᠣᠣ ᠭᠠᠵᠠᠷ ᠲᠤ ᠣᠷᠳᠣ ᠬᠤᠭᠤᠴᠠᠭ᠎ᠠ ᠪᠠᠷ ᠣᠷᠣᠰᠢᠨ ᠰᠠᠭᠤᠭᠰᠠᠳ ᠤᠨ 2024 ᠣᠨ ᠤ 11 | ᠳ᠋ᠦ᠋ᠭᠡᠷ ᠰᠠᠷ᠎ᠠ ᠶᠢᠨ 1 ᠤ ᠡᠳᠦᠷ ᠠᠴᠠ ᠡᠮᠦᠨ᠎ᠡ ᠨᠢᠭᠡᠨᠲᠡ ᠳᠠᠩᠰᠠᠯᠠᠭᠤᠯᠤᠭᠰᠠᠨ ᠳᠠᠩᠰᠠᠯᠠᠯᠲᠠ ᠶᠢᠨ ᠰᠢᠯᠵᠢᠯᠲᠡ ᠶᠢᠨ | ᠬᠤᠭᠤᠴᠠᠭ᠎ᠠ ᠨᠢ 2024 ᠣᠨ ᠤ 11 ᠳ᠋ᠦ᠋ᠭᠡᠷ ᠰᠠᠷ᠎ᠠ ᠶᠢᠨ 1 ᠤ ᠡᠳᠦᠷ ᠠᠴᠠ 2025 ᠣᠨ ᠤ 3 ᠳ᠋ᠤᠭᠠᠷ | ᠰᠠᠷ᠎ᠠ ᠶᠢᠨ 31 ᠤ ᠡᠳᠦᠷ ᠪᠣᠯᠣᠨ᠎ᠠ᠂ ᠰᠢᠯᠵᠢᠯᠲᠡ ᠶᠢᠨ ᠬᠤᠭᠤᠴᠠᠭᠠᠨ ᠳᠤ ᠪᠠᠨ ᠰᠢᠨ᠎ᠡ ᠱᠠᠭᠠᠷᠳᠠᠯᠭ᠎ᠠ ᠶᠣᠰᠣᠭᠠᠷ | ᠳᠠᠩᠰᠠᠯᠠᠯᠲᠠ ᠶᠢᠨ ᠮᠠᠲ᠋ᠧᠷᠢᠶᠠᠯ ᠤᠳ ᠢᠶᠠᠨ ᠨᠥᠬᠦᠬᠦ ᠬᠡᠷᠡᠭᠲᠡᠢ᠂ ᠰᠢᠯᠵᠢᠯᠲᠡ ᠶᠢᠨ ᠬᠤᠭᠤᠴᠠᠭᠠᠨ ᠳᠤ ᠪᠠᠨ | ᠳᠠᠩᠰᠠᠯᠠᠯᠲᠠ ᠶᠢᠨ ᠮᠠᠲ᠋ᠧᠷᠢᠶᠠᠯ ᠤᠳ ᠢᠶᠠᠨ ᠨᠥᠬᠦᠵᠦ ᠳᠡᠶᠢᠯᠦᠭᠰᠡᠨ ᠦᠭᠡᠢ ᠪᠣᠯ᠂ ᠤᠤᠯ ᠤᠨ ᠳᠠᠩᠰᠠᠯᠠᠯᠲᠠ ᠨᠢ | ᠬᠦᠴᠦᠨ ᠦᠭᠡᠢ ᠪᠣᠯᠵᠤ᠂ ᠳᠠᠭᠠᠳᠬᠠᠯ ᠳᠤ ᠣᠷᠣᠯᠴᠠᠭᠴᠢ ᠰᠢᠨ᠎ᠡ ᠲᠥᠷᠥ ᠶᠢᠨ ᠪᠣᠳᠣᠯᠭ᠎ᠠ ᠶᠣᠰᠣᠭᠠᠷ ᠳᠠᠭᠢᠵᠤ | ᠳᠠᠩᠰᠠᠯᠠᠭᠤᠯᠬᠤ ᠬᠡᠷᠡᠭᠲᠡᠢ᠃ ︽ᠣᠨᠳᠣᠣ ᠭᠠᠵᠠᠷ ᠲᠤ ᠤᠷᠲᠤ ᠬᠤᠭᠤᠴᠠᠭ᠎ᠠ ᠪᠠᠷ ᠰᠠᠭᠤᠷᠢᠰᠢᠵᠤ ᠪᠠᠶᠢᠭ᠎ᠠ | ᠬᠥᠮᠥᠰ ᠤᠨ ᠳᠠᠩᠰᠠᠯᠠᠯᠲᠠ ᠶᠢᠨ ᠬᠦᠴᠦᠨ ᠲᠠᠢ ᠬᠤᠭᠤᠴᠠᠭ᠎ᠠ ᠶᠢ ᠳᠠᠭᠠᠳᠬᠠᠯ ᠳᠤ ᠣᠷᠣᠯᠴᠠᠭᠴᠢ ᠥᠪᠡᠰᠦᠪᠡᠨ | ᠲᠣᠭᠲᠠᠭᠠᠨ᠎ᠠ᠂ 6 ᠰᠠᠷ᠎ᠠ ᠶᠢᠨ ᠳᠣᠲᠣᠷ᠎ᠠ ᠬᠦᠴᠦᠨ ᠦᠭᠡᠢ ᠪᠣᠯᠭᠠᠵᠤ ᠪᠣᠯᠬᠤ ᠦᠭᠡᠢ᠃ ᠮᠤᠵᠢ ᠠᠯᠤᠰᠯᠠᠨ ᠲᠦᠷ | ᠴᠠᠭ ᠭᠠᠳᠠᠭᠰᠢ ᠭᠠᠷᠴᠤ ᠡᠮᠨᠡᠭᠦᠯᠦᠭᠰᠡᠨ ᠪᠤᠰᠤᠳ ᠬᠥᠮᠥᠰ ᠤᠨ ᠳᠠᠩᠰᠠᠯᠠᠯᠲᠠ ᠶᠢᠨ ᠬᠦᠴᠦᠨ ᠲᠠᠢ ᠬᠤᠭᠤᠴᠠᠭ᠎ᠠ ᠨᠢ | 6 ᠰᠠᠷ᠎ᠠ ᠪᠣᠯᠣᠨ᠎ᠠ᠂ ᠬᠦᠴᠦᠨ ᠲᠠᠢ ᠬᠤᠭᠤᠴᠠᠭᠠᠨ ᠳᠤ ᠡᠮᠨᠡᠭᠦᠯᠦᠭᠰᠡᠨ ᠭᠠᠵᠠᠷ ᠲᠤ ᠪᠠᠨ ᠣᠯᠠᠨ ᠤᠳᠠᠭ᠎ᠠ | ᠡᠮᠨᠡᠭᠦᠯᠵᠦ ᠪᠣᠯᠬᠤ ᠪᠥᠭᠡᠳ ᠰᠢᠭᠤᠳ ᠲᠠᠰᠤᠯᠤᠨ ᠪᠣᠳᠣᠵᠤ ᠪᠣᠯᠣᠨ᠎ᠠ᠂ ᠡᠮᠨᠡᠭᠦᠯᠬᠦ ᠪᠦᠷᠢ ᠳᠤ ᠪᠠᠨ ᠳᠠᠩᠰᠠᠯᠠᠭᠤᠯᠬᠤ | ᠴᠢᠬᠤᠯᠠ ᠦᠭᠡᠢ᠂ ᠨᠢᠭᠡᠨᠲᠡ ᠳᠠᠩᠰᠠᠯᠠᠭᠤᠯᠤᠭᠰᠠᠨ ᠶᠤᠮ ᠪᠣᠯ ᠰᠢᠭᠤᠳ ᠬᠦᠴᠦᠨ ᠦᠭᠡᠢ ᠪᠣᠯᠭᠠᠵᠤ ᠪᠣᠯᠣᠨ᠎ᠠ᠃︾ | ᠭᠡᠵᠦ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ᠶᠢᠨ ᠬᠤᠯᠪᠣᠭᠳᠠᠯ ᠪᠦᠬᠦᠢ | ᠬᠠᠷᠢᠭᠤᠴᠠᠯᠭᠠᠲᠠᠨ ᠬᠡᠯᠡᠪᠡ᠃ | | | | | | | | | | |