ᠪᠤᠭᠤᠳᠤ ᠵᠢᠦ ᠶᠤᠸᠠᠨ ᠵᠠᠰᠠᠭ ᠠᠯᠪᠠᠨ ᠲᠠᠷᠬᠠᠭᠠᠭᠰᠠᠨ ︹2024︺ 3 ᠳ᠋ᠤᠭᠠᠷ ᠲᠣᠭᠠᠲᠤ | | | ᠪᠤᠭᠤᠳᠤ ᠬᠤᠳᠠ ᠶᠢᠨ ᠵᠢᠥ ᠶᠤᠸᠠᠨ ᠲᠤᠭᠤᠷᠢᠭ ᠤᠨ ᠠᠷᠠᠳ ᠤᠨ ᠵᠠᠰᠠᠭ ᠤᠨ ᠣᠷᠳᠤᠨ ᠤ ᠠᠯᠪᠠᠨ | ᠭᠡᠷ ᠠᠴᠠ︽ᠵᠢᠦ ᠶᠤᠸᠠᠨ ᠲᠣᠭᠤᠷᠢᠭ ᠤᠨ ᠰᠦᠯᠵᠢᠶᠡᠨ ᠤ ᠡᠳ᠋ ᠪᠠᠷᠠᠭᠠᠨ ᠤ ᠲᠡᠭᠡᠭᠡᠪᠦᠷᠢ ᠶᠢᠨ ᠠᠵᠤ | ᠦᠢᠯᠡᠰ ᠤᠨ ᠵᠢᠷᠤᠮᠵᠢᠭᠤᠨ ᠪᠦᠭᠡᠳ ᠡᠷᠡᠭᠦᠯ ᠢᠶᠠᠷ ᠦᠷᠭᠦᠯᠵᠢᠯᠡᠨ ᠬᠥᠭᠵᠢᠬᠦ ᠶᠢ ᠠᠬᠢᠭᠤᠯᠬᠤ | ᠠᠵᠢᠯ ᠤᠨ ᠲᠥᠰᠦᠯ ︵ᠲᠤᠷᠰᠢᠨ ᠬᠡᠷᠡᠭᠵᠢᠭᠦᠯᠬᠦ︶︾ ᠢ ᠳᠠᠷᠤᠮᠠᠯᠯᠠᠨ ᠶᠠᠪᠤᠭᠤᠯᠬᠤ ᠲᠤᠬᠠᠢ ᠮᠡᠳᠡᠭᠳᠡᠯ | | | ᠲᠣᠭᠤᠷᠢᠭ ᠤᠨ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ᠂ ᠠᠵᠤ ᠦᠢᠯᠡᠳᠪᠦᠷᠢ ᠰᠢᠨᠵᠢᠯᠡᠭᠡ | ᠮᠡᠷᠭᠡᠵᠢᠯ ᠤᠨ ᠲᠣᠪᠴᠢᠶ᠎ᠠ᠂ ᠡᠳ᠋ ᠤᠨ ᠵᠠᠰᠠᠭ ᠤᠨ ᠲᠣᠪᠴᠢᠶ᠎ᠠ᠂ ᠣᠷᠣᠨ ᠰᠠᠭᠤᠴᠠ ᠪᠠ ᠬᠤᠲᠠ ᠬᠥᠳᠡᠭᠡ ᠶᠢᠨ | ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ᠂ ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ᠂ ᠮᠥᠩᠭᠦᠨ | ᠭᠦᠢᠯᠭᠡᠭᠡᠨ ᠤ ᠠᠯᠪᠠᠨ ᠭᠡᠷ᠂ ᠭᠠᠶᠢᠯᠢ ᠶᠢᠨ ᠶᠠᠪᠤᠳᠠᠯ ᠤᠨ ᠲᠣᠪᠴᠢᠶ᠎ᠠ᠂ ᠵᠠᠮ ᠬᠠᠷᠢᠯᠴᠠᠭᠠᠨ ᠤ ᠬᠠᠮᠢᠶᠠᠷᠤᠯᠲᠠ ᠶᠢᠨ | ᠶᠡᠭᠡ ᠠᠩᠭᠢ᠂ ᠵᠢᠦ ᠱᠧᠩ ᠪᠦᠯᠦᠭᠯᠡᠯ᠄ | ᠲᠣᠭᠤᠷᠢᠭ ᠤᠨ ᠵᠠᠰᠠᠭ ᠤᠨ ᠣᠷᠳᠣᠨ ᠢᠶᠠᠷ ᠵᠥᠪᠰᠢᠶᠡᠷᠡᠭᠦᠯᠦᠭᠡᠳ᠂ ᠡᠳᠦᠭᠡ ︽ᠵᠢᠦ ᠶᠤᠸᠠᠨ ᠲᠣᠭᠤᠷᠢᠭ ᠤᠨ | ᠰᠦᠯᠵᠢᠶᠡᠨ ᠤ ᠡᠳ᠋ ᠪᠠᠷᠠᠭ᠎ᠠ ᠶᠢᠨ ᠲᠡᠭᠡᠭᠡᠪᠦᠷᠢ ᠶᠢᠨ ᠠᠵᠤ ᠦᠢᠯᠡᠰ ᠤᠨ ᠵᠢᠷᠤᠮᠵᠢᠭᠤᠨ ᠪᠥᠭᠡᠳ ᠡᠷᠡᠭᠦᠯ ᠢᠶᠠᠷ | ᠦᠷᠭᠦᠯᠵᠢᠯᠡᠨ ᠬᠥᠭᠵᠢᠬᠦ ᠶᠢ ᠠᠬᠢᠭᠤᠯᠬᠤ ᠠᠵᠢᠯ ᠤᠨ ᠲᠥᠰᠦᠯ ︵ᠲᠤᠷᠰᠢᠨ ᠬᠡᠷᠡᠭᠵᠢᠭᠦᠯᠬᠦ︶︾ ᠢ ᠲᠠᠨᠠᠷ ᠲᠤ | ᠳᠠᠷᠤᠮᠠᠯᠯᠠᠨ ᠶᠠᠪᠤᠭᠤᠯᠤᠯ᠎ᠠ᠂ ᠪᠣᠳᠠᠲᠠᠢ ᠲᠠᠢ ᠪᠠᠨ ᠤᠶᠠᠯᠳᠤᠭᠤᠯᠤᠨ ᠬᠢᠨᠠᠮᠠᠭᠠᠢ ᠵᠣᠬᠢᠶᠠᠨ ᠪᠠᠶᠢᠭᠤᠯᠤᠨ | ᠬᠡᠷᠡᠭᠵᠢᠭᠦᠯᠲᠦᠭᠡᠢ᠃ | ᠣᠨᠴᠠᠭᠠᠶᠢᠯᠠᠨ ᠮᠡᠳᠡᠭᠳᠡᠪᠡ᠃ | | | ᠪᠤᠭᠤᠲᠤ ᠬᠤᠲᠠ ᠶᠢᠨ ᠵᠢᠦ ᠶᠤᠸᠠᠨ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ | 2024 ᠣᠨ ᠤ 1 ᠰᠠᠷ᠎ᠠ ᠶᠢᠨ 10 ᠤ ᠡᠳᠦᠷ | | | | | ᠵᠢᠦ ᠶᠤᠸᠠᠨ ᠲᠣᠭᠤᠷᠢᠭ ᠤᠨ ᠰᠦᠯᠵᠢᠶᠡᠨ ᠤ ᠡᠳ᠋ ᠪᠠᠷᠠᠭᠠᠨ ᠤ ᠲᠡᠭᠡᠭᠡᠪᠦᠷᠢ ᠶᠢᠨ ᠠᠵᠤ ᠦᠢᠯᠡᠰ ᠤᠨ | ᠵᠢᠷᠤᠮᠵᠢᠭᠤᠨ ᠪᠦᠭᠡᠳ ᠡᠷᠡᠭᠦᠯ ᠢᠶᠠᠷ ᠦᠷᠭᠦᠯᠵᠢᠯᠡᠨ ᠬᠥᠭᠵᠢᠬᠦ ᠶᠢ ᠠᠬᠢᠭᠤᠯᠬᠤ ᠠᠵᠢᠯ ᠤᠨ | ᠲᠥᠰᠦᠯ ︵ᠲᠤᠷᠰᠢᠨ ᠬᠡᠷᠡᠭᠵᠢᠭᠦᠯᠬᠦ︶ | | ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠬᠢᠮ ᠠᠴᠠ | ︿ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠦᠯᠵᠢᠶᠡᠨ ᠤ ᠡᠳ᠋ ᠪᠠᠷᠠᠭ᠎ᠠ ᠶᠢᠨ ᠲᠡᠭᠡᠭᠡᠪᠦᠷᠢ ᠶᠢᠨ | ᠠᠵᠤ ᠦᠢᠯᠡᠰ ᠤᠨ ᠵᠢᠷᠤᠮᠵᠢᠭᠤᠨ ᠪᠥᠭᠡᠳ ᠡᠷᠡᠭᠦᠯ ᠢᠶᠠᠷ ᠦᠷᠭᠦᠯᠵᠢᠯᠡᠨ ᠬᠥᠭᠵᠢᠬᠦ ᠶᠢ ᠠᠬᠢᠭᠤᠯᠬᠤ ᠠᠵᠢᠯᠯᠠᠭᠠᠨ ᠤ | ᠲᠥᠰᠦᠯ ︵ᠲᠤᠷᠰᠢᠨ ᠬᠡᠷᠡᠭᠵᠢᠭᠦᠯᠬᠦ︶﹀ ᠢ ᠳᠠᠷᠤᠮᠠᠯᠯᠠᠨ ᠶᠠᠪᠤᠭᠤᠯᠬᠤ ᠲᠤᠬᠠᠢ ᠮᠡᠳᠡᠭᠳᠡᠯ︾ ︵ᠥᠪᠥᠷ ᠵᠠᠮ | ᠬᠠᠷᠢᠯᠴᠠᠭ᠎ᠠ ᠲᠠᠷᠬᠠᠭᠠᠭᠰᠠᠨ ︹2023︺ 498 ᠳ᠋ᠤᠭᠠᠷ ᠲᠣᠭᠠᠲᠤ︶ ᠪᠠ ᠪᠤᠭᠤᠲᠤ ᠬᠤᠲᠠ ᠶᠢᠨ ᠵᠠᠮ | ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ᠂ ᠪᠤᠭᠤᠲᠤ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ᠂ ᠤᠯᠤᠰ ᠤᠨ | ᠭᠠᠶᠢᠯᠢ ᠶᠢᠨ ᠶᠠᠪᠤᠳᠠᠯ ᠤᠨ ᠶᠡᠷᠦᠩᠬᠡᠢ ᠲᠣᠪᠴᠢᠶ᠎ᠠ ᠂ ᠪᠤᠭᠤᠲᠤ ᠬᠤᠲᠠ ᠶᠢᠨ ᠭᠠᠶᠢᠯᠢ ᠶᠢᠨ ᠶᠠᠪᠤᠳᠠᠯ ᠤᠨ | ᠲᠣᠪᠴᠢᠶ᠎ᠠ ᠶᠢᠨ ︽︿ᠪᠤᠭᠤᠲᠤ ᠬᠤᠲᠠ ᠶᠢᠨ ᠰᠦᠯᠵᠢᠶᠡᠨ ᠤ ᠪᠠᠷᠠᠭ᠎ᠠ ᠲᠡᠭᠡᠭᠡᠪᠦᠷᠢ ᠶᠢᠨ ᠠᠵᠤ ᠦᠢᠯᠡᠰ ᠤᠨ | ᠬᠥᠭᠵᠢᠯᠲᠡ ᠶᠢ ᠳᠡᠮᠵᠢᠬᠦ ᠠᠷᠭ᠎ᠠ ᠬᠡᠮᠵᠢᠶ᠎ᠡ ᠨᠦᠭᠦᠳ ﹀ ᠢ ᠳᠠᠷᠤᠮᠠᠯᠯᠠᠨ ᠶᠠᠪᠤᠭᠤᠯᠬᠤ ᠲᠤᠬᠠᠢ ᠮᠡᠳᠡᠭᠳᠡᠯ︾ ︵ | ᠪᠤᠭᠤᠲᠤ ᠵᠠᠮ ᠬᠠᠷᠢᠯᠴᠠᠭ᠎ᠠ ᠲᠠᠷᠬᠠᠭᠠᠭᠰᠠᠨ ︹2022︺ 232 ᠳ᠋ᠤᠭᠠᠷ ᠲᠣᠭᠠᠲᠤ︶ ᠤᠨ ᠱᠠᠭᠠᠷᠳᠠᠯᠭ᠎ᠠ ᠶᠢ | ᠦᠨᠳᠦᠰᠦᠯᠡᠨ᠂ ᠤᠯᠠᠮᠵᠢᠯᠠᠯᠲᠤ ᠪᠠᠷᠠᠭᠠᠨ ᠤ ᠭᠦᠢᠯᠭᠡᠭᠡᠨ ᠤ ᠬᠡᠯᠪᠡᠷᠢ ᠶᠢ ᠬᠤᠪᠢᠷᠠᠭᠤᠯᠤᠨ ᠳᠡᠰ ᠳᠡᠪᠰᠢᠭᠦᠯᠬᠦ ᠪᠠ | ᠬᠠᠷᠢᠯᠴᠠᠨ ᠬᠤᠯᠪᠣᠭᠠᠯᠠᠵᠤ ᠬᠠᠷᠢᠯᠴᠠᠨ ᠨᠡᠪᠲᠡᠷᠡᠯᠴᠡᠬᠦ ᠶᠢ ᠲᠦᠷᠭᠡᠳᠬᠡᠨ ᠠᠬᠢᠭᠤᠯᠬᠤ ᠶᠢᠨ ᠲᠤᠰᠠᠳᠠ᠂ ︽ᠢᠨᠲ᠋ᠧᠷ | ᠰᠦᠯᠵᠢᠶ᠎ᠡ + ᠪᠠᠷᠠᠭᠠᠨ ᠤ ᠭᠦᠢᠯᠭᠡᠭᠡ︾ ᠶᠢᠨ ᠰᠢᠨ᠎ᠡ ᠵᠠᠭᠪᠤᠷ ᠢ ᠬᠦᠴᠦᠯᠡᠨ ᠪᠤᠶᠢᠵᠢᠭᠤᠯᠵᠤ᠂ ᠮᠠᠨ ᠤ | ᠲᠤᠭᠤᠷᠢᠭ ᠤᠨ ᠣᠳᠣ ᠦᠶ᠎ᠡ ᠶᠢᠨ ᠪᠠᠷᠠᠭᠠᠨ ᠤ ᠭᠦᠢᠯᠭᠡᠭᠡᠨ ᠤ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠶᠢᠨ | ᠲᠤᠰᠠᠳᠠ᠂ ᠮᠠᠨ ᠤ ᠲᠤᠭᠤᠷᠢᠭ ᠤᠨ ᠪᠣᠳᠠᠲᠠᠢ ᠲᠠᠢ ᠪᠠᠨ ᠤᠶᠠᠯᠳᠤᠭᠤᠯᠤᠨ᠂ ᠲᠤᠰ ᠬᠡᠷᠡᠭᠵᠢᠭᠦᠯᠬᠦ ᠲᠥᠰᠦᠯ ᠢ | ᠲᠣᠭᠲᠠᠭᠠᠪᠠ᠃ | ᠨᠢᠭᠡ᠂ ᠶᠡᠷᠦᠩᠬᠡᠢ ᠱᠠᠭᠠᠷᠳᠠᠯᠭ᠎ᠠ | ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ | ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠣᠯᠭᠠᠬᠤ ᠶᠢ ᠪᠠᠷᠢᠮᠲᠠᠯᠠᠵᠤ᠂ ᠰᠢᠨ᠎ᠡ ᠨᠢᠭᠡ ᠦᠶ᠎ᠡ ᠶᠢᠨ ᠮᠡᠳᠡᠭᠡ ᠵᠠᠩᠭᠢ ᠶᠢᠨ | ᠮᠡᠷᠭᠡᠵᠢᠯ ᠢ ᠭᠦᠨᠵᠡᠭᠡᠢ ᠬᠡᠷᠡᠭᠯᠡᠬᠦ ᠪᠠᠷ ᠳᠠᠮᠵᠢᠭᠤᠯᠵᠤ᠂ ᠤᠯᠠᠮᠵᠢᠯᠠᠯᠲᠤ ᠪᠠᠷᠠᠭᠠᠨ ᠤ ᠭᠦᠢᠯᠭᠡᠭᠡᠨ ᠤ ᠰᠠᠭᠤᠷᠢ | ᠲᠥᠬᠦᠭᠡᠷᠦᠮᠵᠢ ᠶᠢᠨ ᠬᠡᠯᠪᠡᠷᠢ ᠶᠢ ᠬᠤᠪᠢᠷᠠᠭᠤᠯᠤᠨ ᠳᠡᠰ ᠳᠡᠪᠰᠢᠭᠦᠯᠬᠦ ᠪᠠ ᠬᠤᠯᠪᠣᠯᠳᠤᠨ ᠨᠡᠪᠲᠡᠷᠡᠯᠴᠡᠬᠦ ᠳᠤ | ᠲᠤᠯᠭᠠᠭᠤᠷᠢᠯᠠᠵᠤ᠂ ᠪᠠᠷᠠᠭᠠᠨ ᠤ ᠭᠦᠢᠯᠭᠡᠭᠡᠨ ᠤ ᠦᠢᠯᠡᠰ ᠤᠨ ᠲᠣᠣᠷᠵᠢᠯᠲᠠ᠂ ᠲᠣᠭᠠᠴᠢᠯᠠᠯᠲᠠ᠂ | ᠣᠶᠤᠨᠴᠢᠯᠠᠯᠲᠠ ᠶᠢᠨ ᠲᠦᠪᠰᠢᠨ ᠢ ᠪᠦᠬᠦ ᠲᠠᠯ᠎ᠠ ᠪᠠᠷ ᠳᠡᠭᠡᠭᠰᠢᠯᠡᠭᠦᠯᠵᠦ᠂ ᠰᠦᠯᠵᠢᠶᠡᠨ ᠤ ᠪᠠᠷᠠᠭᠠᠨ ᠤ | ᠲᠡᠭᠡᠭᠡᠪᠦᠷᠢ ᠶᠢᠨ ᠰᠢᠨ᠎ᠡ ᠡᠵᠡᠩᠨᠡᠯᠲᠡ ᠶᠢᠨ ᠬᠡᠯᠪᠡᠷᠢ ᠶᠢ ᠬᠦᠴᠦᠯᠡᠨ ᠪᠤᠶᠢᠵᠢᠭᠤᠯᠵᠤ᠂ ᠤᠯᠠᠮᠵᠢᠯᠠᠯᠲᠤ ᠠᠵᠤ | ᠦᠢᠯᠡᠰ ᠢ ᠥᠭᠡᠷᠡᠴᠢᠯᠡᠨ ᠳᠡᠭᠡᠭᠰᠢᠯᠡᠭᠦᠯᠵᠦ᠂ ᠣᠷᠣᠨ ᠪᠦᠰᠡ ᠶᠢᠨ ᠠᠵᠤ ᠠᠬᠤᠢ ᠶᠢᠨ ᠰᠢᠨ᠎ᠡ ᠶᠢ ᠡᠭᠦᠳᠦᠨ | ᠬᠥᠭᠵᠢᠬᠦ ᠶᠢ ᠲᠦᠷᠭᠡᠳᠬᠡᠨ᠎ᠡ᠃ | ᠬᠤᠶᠠᠷ᠂ ᠬᠥᠭᠵᠢᠯᠲᠡ ᠶᠢᠨ ᠬᠠᠷᠠᠯᠲᠠ | ᠲᠠᠪᠴᠠᠩ ᠤᠨ ᠠᠵᠤ ᠠᠬᠤᠢ᠂ ᠣᠳᠣ ᠦᠶ᠎ᠡ ᠶᠢᠨ ᠪᠠᠷᠠᠭᠠᠨ ᠤ ᠭᠦᠢᠯᠭᠡᠭᠡᠨ ᠤ ᠬᠥᠭᠵᠢᠯᠲᠡ ᠶᠢᠨ ᠵᠢᠮ᠎ᠡ | ᠶᠣᠰᠣ ᠶᠢ ᠵᠢᠷᠤᠮᠯᠠᠵᠤ᠂ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠲᠤᠬᠠᠶᠢᠯᠠᠭᠰᠠᠨ ᠠᠵᠢᠯ ᠤᠨ ᠪᠤᠴᠠᠵᠤ ᠢᠷᠡᠬᠦ᠂ | ᠲᠤᠭ᠎ᠠ ᠪᠠᠷᠢᠮᠲᠠ ᠪᠤᠴᠠᠵᠤ ᠢᠷᠡᠬᠦ᠂ ᠭᠠᠶᠢᠯᠢ ᠲᠠᠲᠠᠪᠤᠷᠢ ᠪᠤᠴᠠᠵᠤ ᠢᠷᠡᠬᠦ ᠬᠥᠭᠵᠢᠯᠲᠡ ᠶᠢᠨ ᠬᠠᠷᠠᠯᠲᠠ ᠳᠤ | ᠠᠩᠬᠠᠷᠤᠯ ᠢᠶᠠᠨ ᠲᠥᠪᠯᠡᠷᠡᠭᠦᠯᠵᠦ᠂ ︽ᠲᠠᠪᠴᠠᠩ ᠢ ᠪᠤᠶᠢᠵᠢᠭᠤᠯᠬᠤ᠂ ᠠᠵᠤ ᠠᠬᠤᠶᠢᠯᠠᠯ ᠢ ᠲᠡᠳᠬᠦᠬᠦ᠂ | ᠦᠢᠯᠡᠴᠢᠯᠡᠭᠡ ᠶᠢ ᠰᠢᠯᠢᠳᠡᠭᠵᠢᠭᠦᠯᠬᠦ᠂ ᠬᠢᠨᠠᠯᠲᠠ ᠬᠠᠮᠢᠶᠠᠷᠤᠯᠲᠠ ᠶᠢ ᠴᠢᠩᠭᠠᠳᠬᠠᠬᠤ︾ ᠶᠡᠷᠦᠩᠬᠡᠢ ᠬᠥᠭᠵᠢᠯᠲᠡ ᠶᠢᠨ | ᠰᠡᠳᠬᠢᠴᠡ ᠶᠣᠰᠣᠭᠠᠷ᠂ ᠭᠤᠣᠯᠳᠠᠭᠤ ᠰᠢᠨ᠎ᠡ ᠮᠠᠲ᠋ᠧᠷᠢᠶᠠᠯ᠂ ᠰᠢᠨ᠎ᠡ ᠡᠨᠧᠷᠭᠢ᠂ ᠳᠡᠭᠡᠳᠦ ᠰᠢᠨ᠎ᠡ ᠮᠡᠷᠭᠡᠵᠢᠯ ᠵᠡᠷᠭᠡ | ᠳᠠᠪᠠᠭᠤᠯᠢᠭ ᠣᠨᠴᠠᠯᠢᠭᠲᠤ ᠠᠵᠤ ᠦᠢᠯᠡᠰ ᠤᠨ ᠪᠦᠯᠦᠭᠵᠢᠯ ᠳᠤ ᠦᠢᠯᠡᠴᠢᠯᠡᠵᠦ᠂ ᠠᠵᠤ ᠦᠢᠯᠡᠰ ᠤᠨ ᠪᠦᠲᠦᠴᠡ᠂ | ᠲᠡᠭᠡᠭᠡᠪᠦᠷᠢ ᠶᠢᠨ ᠬᠡᠷᠡᠭᠴᠡᠭᠡ ᠱᠠᠭᠠᠷᠳᠠᠯᠭ᠎ᠠ᠂ ᠠᠵᠤ ᠠᠬᠤᠢ ᠨᠡᠶᠢᠭᠡᠮ ᠯᠦᠭᠡ ᠬᠠᠷᠢᠯᠴᠠᠨ ᠬᠠᠮᠵᠢᠯᠴᠠᠭᠰᠠᠨ | ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠲᠠᠪᠴᠠᠩ ᠤᠨ ᠠᠵᠤ ᠠᠬᠤᠢ ᠶᠢ ᠲᠦᠷᠭᠡᠳᠬᠡᠨ ᠪᠠᠶᠢᠭᠤᠯᠵᠤ᠂ | ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠠᠵᠤ ᠦᠢᠯᠡᠰ ᠤᠨ ᠵᠢᠷᠤᠮᠵᠢᠭᠤᠨ᠂ ᠡᠷᠡᠭᠦᠯ᠂ ᠦᠷᠭᠦᠯᠵᠢᠯᠡᠨ | ᠬᠥᠭᠵᠢᠬᠦ ᠶᠢ ᠠᠬᠢᠭᠤᠯᠵᠤ᠂ ᠪᠦᠬᠦ ᠥᠪᠡᠷᠲᠡᠭᠡᠨ ᠵᠠᠰᠠᠬᠤ ᠣᠷᠣᠨ ᠤ ᠲᠡᠷᠢᠭᠦᠨ ᠤ ᠲᠣᠭᠠᠴᠢᠯᠠᠭᠰᠠᠨ ᠬᠡᠯᠪᠡᠷᠢ ᠪᠠᠨ | ᠬᠤᠪᠢᠷᠠᠭᠤᠯᠬᠤ᠂ ᠬᠠᠩᠭᠠᠯᠭ᠎ᠠ ᠶᠢᠨ ᠬᠡᠯᠬᠢᠶ᠎ᠡ ᠶᠢ ᠡᠮᠬᠢᠯᠡᠨ ᠨᠡᠶᠢᠯᠡᠭᠦᠯᠬᠦ᠂ ᠪᠣᠬᠢᠷᠲᠤᠯ ᠦᠭᠡᠢ ᠪᠠᠷᠠᠭᠠᠨ ᠤ ᠭᠦᠢᠯᠭᠡᠭᠡ᠂ | ᠥᠨᠳᠥᠷ ᠪᠦᠲᠦᠮᠵᠢᠲᠡᠢ ᠳᠥᠭᠦᠮ ᠳᠥᠲᠡ ᠪᠠᠶᠢᠬᠤ ᠵᠡᠷᠭᠡ ᠶᠢ ᠨᠢᠭᠡ ᠴᠣᠭᠴᠠᠵᠢᠭᠤᠯᠤᠭᠰᠠᠨ ᠰᠦᠯᠵᠢᠶᠡᠨ ᠤ | ᠪᠠᠷᠠᠭᠠᠨ ᠤ ᠲᠡᠭᠡᠭᠡᠪᠦᠷᠢ ᠶᠢᠨ ᠵᠢᠱᠢᠶ᠎ᠡ ᠦᠵᠡᠭᠦᠯᠬᠦ ᠬᠦᠷᠢᠶᠡᠯᠡᠩ ᠲᠣᠭᠤᠷᠢᠭ ᠢ ᠴᠢᠷᠮᠠᠶᠢᠨ ᠪᠠᠶᠢᠭᠤᠯᠵᠤ᠂ | ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠠᠵᠤ ᠦᠢᠯᠡᠰ ᠤᠨ ᠲᠥᠪᠯᠡᠷᠡᠭᠰᠡᠨ ᠥᠨᠳᠦᠷᠯᠢᠭ ᠢ ᠴᠢᠷᠮᠠᠶᠢᠨ | ᠪᠦᠷᠢᠯᠳᠦᠭᠦᠯᠵᠦ᠂ ᠮᠠᠨ ᠤ ᠲᠤᠭᠤᠷᠢᠭ ᠤᠨ ᠣᠷᠣᠨ ᠪᠦᠰᠡ ᠶᠢᠨ ᠠᠵᠤ ᠠᠬᠤᠢ ᠶᠢᠨ ᠴᠢᠨᠠᠷ ᠰᠠᠶᠢᠲᠠᠢ | ᠬᠥᠭᠵᠢᠯᠲᠡ ᠶᠢ ᠪᠦᠬᠦ ᠲᠠᠯ᠎ᠠ ᠪᠠᠷ ᠠᠬᠢᠭᠤᠯᠬᠤ ᠳᠤ ᠢᠳᠡᠪᠬᠢᠲᠡᠢ ᠬᠤᠪᠢ ᠨᠡᠮᠡᠷᠢ ᠦᠵᠡᠭᠦᠯᠦᠨ᠎ᠡ᠃ | ᠭᠤᠷᠪᠠ᠂ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ | ᠵᠢᠦ ᠶᠤᠸᠠᠨ ᠲᠣᠭᠤᠷᠢᠭ ᠤᠨ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠠᠵᠢᠯ ᠤᠨ ᠲᠤᠰᠬᠠᠢ ᠠᠩᠭᠢ ᠶᠢ | ᠪᠠᠶᠢᠭᠤᠯᠵᠤ᠂ ᠪᠦᠷᠢᠯᠳᠦᠬᠦᠨ ᠨᠢ ᠳᠣᠣᠷᠠᠬᠢ ᠮᠡᠲᠦ᠄ | ᠳᠤᠭᠤᠶᠢᠯᠠᠩ ᠤᠨ ᠳᠠᠷᠤᠭ᠎ᠠ᠄ ᠯᠢᠦ ᠰᠢᠶᠣᠤ ᠫᠢᠩ ᠲᠣᠭᠤᠷᠢᠭ ᠤᠨ ᠨᠠᠮ ᠤᠨ ᠬᠤᠷᠢᠶᠠᠨ ᠤ ᠳᠡᠳ᠋ | ᠱᠦᠵᠢ᠂ ᠵᠠᠰᠠᠭ ᠤᠨ ᠣᠷᠳᠣᠨ ᠤ ᠲᠣᠭᠤᠷᠢᠭ ᠤᠨ ᠳᠠᠷᠤᠭ᠎ᠠ | ᠳᠤᠭᠤᠶᠢᠯᠠᠩ ᠤᠨ ᠳᠡᠳ᠋ ᠳᠠᠷᠤᠭ᠎ᠠ᠄ ᠵᠣᠣ ᠪᠦ᠋ ᠵᠢᠶᠦ᠋ᠨ ᠲᠣᠭᠤᠷᠢᠭ ᠤᠨ ᠨᠠᠮ ᠤᠨ ᠬᠤᠷᠢᠶᠠᠨ ᠤ | ᠪᠠᠶᠢᠩᠭᠤ ᠶᠢᠨ ᠭᠡᠰᠢᠭᠦᠨ᠂ ᠵᠠᠰᠠᠭ ᠤᠨ ᠣᠷᠳᠣᠨ ᠤ ᠳᠡᠳ᠋ ᠲᠤᠭᠤᠷᠢᠭ ᠤᠨ ᠳᠠᠷᠤᠭ᠎ᠠ | ᠭᠤᠤ ᠶᠥᠩ ᠹᠧᠢ ᠲᠣᠭᠤᠷᠢᠭ ᠤᠨ ᠵᠠᠰᠠᠭ ᠤᠨ ᠣᠷᠳᠣᠨ ᠤ ᠳᠡᠳ᠋ ᠲᠤᠭᠤᠷᠢᠭ ᠤᠨ ᠳᠠᠷᠤᠭ᠎ᠠ᠂ | ᠲᠣᠭᠤᠷᠢᠭ ᠤᠨ ᠡᠳ᠋ ᠤᠨ ᠵᠠᠰᠠᠭ ᠤᠨ ᠲᠣᠪᠴᠢᠶᠠᠨ ᠤ ᠳᠠᠷᠤᠭ᠎ᠠ | ᠪᠦᠷᠢᠯᠳᠦᠬᠦᠨ᠄ ᠬᠠᠨ ᠮᠢᠩ ᠺᠠᠢ ᠲᠣᠭᠤᠷᠢᠭ ᠤᠨ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠤᠨ | ᠡᠷᠬᠢᠯᠡᠭᠴᠢ | ᠬᠤᠤ ᠴᠢᠶᠠᠩ ᠲᠣᠭᠤᠷᠢᠭ ᠤᠨ ᠠᠵᠤ ᠦᠢᠯᠡᠳᠪᠦᠷᠢ ᠰᠢᠨᠵᠢᠯᠡᠭᠡ ᠮᠡᠷᠭᠡᠵᠢᠯ ᠤᠨ ᠲᠣᠪᠴᠢᠶᠠᠨ ᠤ | ᠲᠣᠪᠴᠢᠶᠠᠨ ᠳᠠᠷᠤᠭ᠎ᠠ | ᠶᠢᠨ ᡁᠢ ᠴᠢᠶᠠᠩ ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ | ᠪᠠᠶᠢᠭᠤᠯᠤᠯᠲᠠ ᠶᠢᠨ ᠲᠣᠪᠴᠢᠶᠠᠨ ᠤ ᠲᠣᠪᠴᠢᠶᠠᠨ ᠳᠠᠷᠤᠭ᠎ᠠ | ᠯᠢᠦ ᠪᠦᠸᠧ ᠲᠣᠭᠤᠷᠢᠭ ᠤᠨ ᠬᠤᠳᠠᠯᠳᠤᠭᠠᠨ ᠤ ᠶᠠᠪᠤᠳᠠᠯ ᠤᠨ ᠲᠣᠪᠴᠢᠶᠠᠨ ᠤ ᠲᠣᠪᠴᠢᠶᠠᠨ ᠳᠠᠷᠤᠭ᠎ᠠ | ᠲᠠᠩ ᠹᠧᠢ ᠲᠣᠭᠤᠷᠢᠭ ᠤᠨ ᠮᠥᠩᠭᠦᠨ ᠭᠦᠢᠯᠭᠡᠭᠡᠨ ᠤ ᠠᠯᠪᠠᠨ ᠭᠡᠷ ᠤᠨ ᠡᠷᠬᠢᠯᠡᠭᠴᠢ | ᠪᠠᠢ ᠬᠤᠸᠠ ᠲᠣᠭᠤᠷᠢᠭ ᠤᠨ ᠭᠠᠶᠢᠯᠢ ᠶᠢᠨ ᠶᠠᠪᠤᠳᠠᠯ ᠤᠨ ᠲᠣᠪᠴᠢᠶᠠᠨ ᠤ ᠲᠣᠪᠴᠢᠶᠠᠨ ᠳᠠᠷᠤᠭ᠎ᠠ | ᠰᠣ᠋ ᠪᠢᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠶᠡᠭᠡ ᠠᠩᠭᠢ ᠶᠢᠨ ᠳᠠᠷᠤᠭ᠎ᠠ | ᠸᠠᠩ ᠬᠤᠩ ᠵᠢᠶᠦ᠋ᠨ ᠲᠣᠭᠤᠷᠢᠭ ᠤᠨ ᠡᠳ᠋ ᠤᠨ ᠵᠠᠰᠠᠭ ᠤᠨ ᠲᠣᠪᠴᠢᠶᠠᠨ ᠤ ᠳᠡᠳ᠋ ᠲᠣᠪᠴᠢᠶᠠᠨ ᠳᠠᠷᠤᠭ᠎ᠠ | ᠯᠢ ᡁᠢ ᠫᠧᠩ ᠵᠢᠦ ᠱᠧᠩ ᠪᠦᠯᠦᠭᠯᠡᠯ ᠤᠨ ᠬᠡᠷᠡᠭ ᠮᠡᠳᠡᠭᠴᠢᠳ ᠤᠨ ᠳᠠᠷᠤᠭ᠎ᠠ | ᠠᠵᠢᠯ ᠤᠨ ᠲᠤᠰᠬᠠᠢ ᠠᠩᠭᠢ ᠨᠢ ᠵᠢᠦ ᠶᠤᠸᠠᠨ ᠲᠣᠭᠤᠷᠢᠭ ᠤᠨ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ | ᠬᠠᠮᠢᠶ᠎ᠠ ᠪᠦᠬᠦᠢ ᠲᠥᠷᠥ ᠶᠢᠨ ᠪᠣᠳᠣᠯᠭ᠎ᠠ ᠶᠢ ᠰᠤᠳᠤᠯᠤᠨ ᠲᠣᠭᠲᠠᠭᠠᠬᠤ ᠶᠢ ᠬᠠᠷᠢᠭᠤᠴᠠᠵᠤ᠂ ᠡᠯ᠎ᠡ ᠵᠦᠢᠯ ᠤᠨ | ᠲᠥᠷᠥ ᠶᠢᠨ ᠪᠣᠳᠣᠯᠭ᠎ᠠ᠂ ᠡᠭᠦᠷᠭᠡ ᠶᠢᠨ ᠪᠠᠶᠢᠷᠢᠯᠠᠭᠤᠯᠤᠯᠲᠠ ᠶᠢ ᠨᠠᠶᠢᠳᠠᠪᠤᠷᠢᠵᠢᠭᠤᠯᠬᠤ ᠶᠢ ᠲᠦᠯᠬᠢᠨ ᠠᠬᠢᠭᠤᠯᠵᠤ᠂ | ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠬᠥᠭᠵᠢᠯᠲᠡ ᠶᠢᠨ ᠳᠤᠮᠳᠠᠬᠢ ᠬᠠᠮᠢᠶ᠎ᠠ ᠪᠦᠬᠦᠢ ᠠᠰᠠᠭᠤᠳᠠᠯ ᠢ | ᠰᠢᠢᠳᠪᠦᠷᠢᠯᠡᠨ᠂ ᠵᠢᠦ ᠶᠤᠸᠠᠨ ᠲᠣᠭᠤᠷᠢᠭ ᠤᠨ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠵᠢᠷᠤᠮᠵᠢᠭᠤᠨ ᠪᠥᠭᠡᠳ | ᠡᠷᠡᠭᠦᠯ ᠢᠶᠠᠷ ᠬᠥᠭᠵᠢᠬᠦ ᠶᠢ ᠠᠬᠢᠭᠤᠯᠤᠨ᠎ᠠ᠃ ᠠᠵᠢᠯ ᠤᠨ ᠲᠤᠰᠬᠠᠢ ᠠᠩᠭᠢ ᠶᠢᠨ ᠳᠣᠣᠷ᠎ᠠ ᠠᠯᠪᠠᠨ ᠭᠡᠷ ᠭᠠᠷᠭᠠᠵᠤ᠂ | ᠠᠯᠪᠠᠨ ᠭᠡᠷ ᠢ ᠲᠣᠭᠤᠷᠢᠭ ᠤᠨ ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ ᠳᠤ ᠲᠣᠬᠢᠷᠠᠭᠤᠯᠵᠤ᠂ ᠠᠯᠪᠠᠨ ᠭᠡᠷ ᠤᠨ | ᠡᠷᠬᠢᠯᠡᠭᠴᠢ ᠶᠢᠨ ᠲᠤᠰᠢᠶᠠᠯ ᠢ ᠲᠣᠭᠤᠷᠢᠭ ᠤᠨ ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ ᠶᠢᠨ ᠲᠣᠪᠴᠢᠶᠠᠨ | ᠳᠠᠷᠤᠭ᠎ᠠ ᠯᠢᠦ ᠪᠦᠸᠧ ᠨᠥᠬᠦᠷ ᠡᠭᠦᠷᠭᠡᠯᠡᠵᠦ᠂ ᠭᠤᠣᠯᠳᠠᠭᠤ ᠡᠯ᠎ᠡ ᠵᠦᠢᠯ ᠤᠨ ᠠᠵᠢᠯ ᠢ ᠶᠡᠷᠦᠩᠬᠡᠶᠢᠯᠡᠨ | ᠵᠣᠬᠢᠴᠠᠭᠤᠯᠬᠤ ᠪᠠ ᠨᠢᠭᠡᠳᠦᠯᠲᠡᠢ ᠲᠥᠯᠥᠪᠯᠡᠨ ᠲᠣᠬᠢᠷᠠᠭᠤᠯᠬᠤ ᠶᠢ ᠬᠠᠷᠢᠭᠤᠴᠠᠵᠤ᠂ ᠡᠯ᠎ᠡ ᠵᠦᠢᠯ ᠤᠨ ᠪᠢᠴᠢᠭ | ᠮᠠᠲ᠋ᠧᠷᠢᠶᠠᠯ ᠤᠨ ᠳᠦᠷᠢᠮ ᠢ ᠲᠣᠭᠲᠠᠭᠠᠨ ᠲᠠᠷᠬᠠᠭᠠᠵᠤ᠂ ᠲᠤᠰᠬᠠᠢ ᠠᠩᠭᠢ ᠶᠢᠨ ᠠᠵᠢᠯ ᠤᠨ ᠬᠤᠷᠠᠯ ᠵᠡᠷᠭᠡ ᠶᠢ | ᠵᠣᠬᠢᠶᠠᠨ ᠪᠠᠶᠢᠭᠤᠯᠤᠨ ᠬᠤᠷᠠᠯᠳᠤᠭᠤᠯᠤᠨ᠎ᠠ᠃ | ᠳᠥᠷᠪᠡ᠂ ᠭᠤᠣᠯᠳᠠᠯᠭ᠎ᠠ ᠲᠠᠢ ᠡᠭᠦᠷᠭᠡ | ︵ᠨᠢᠭᠡ︶ ᠲᠦᠭᠦᠷᠵᠢᠭᠰᠡᠨ ᠱᠠᠩᠨᠠᠵᠤ ᠨᠥᠬᠦᠪᠥᠷᠢᠯᠡᠬᠦ ᠲᠥᠷᠥ ᠶᠢᠨ ᠪᠣᠳᠣᠯᠭ᠎ᠠ ᠲᠣᠭᠲᠠᠭᠠᠨ᠎ᠠ | 1. ᠱᠠᠩᠨᠠᠵᠤ ᠲᠤᠰᠠᠯᠠᠬᠤ ᠡᠲᠡᠭᠡᠳ ᠬᠢᠭᠡᠳ ᠨᠥᠬᠦᠴᠡᠯ | ᠬᠥᠭᠵᠢᠯᠲᠡ ᠶᠢᠨ ᠬᠠᠷᠠᠯᠲᠠ ᠳᠤ ᠠᠩᠬᠠᠷᠤᠯ ᠢᠶᠠᠨ ᠲᠥᠪᠯᠡᠷᠡᠭᠦᠯᠵᠦ᠂ ᠲᠤᠰᠬᠠᠢ ᠪᠡᠯᠡ ᠮᠥᠩᠭᠦ ᠶᠢ ᠳᠣᠣᠷᠠᠬᠢ | ᠪᠦᠭᠦᠶᠢᠯᠠ ᠨᠥᠬᠦᠴᠡᠯ ᠳᠤ ᠨᠡᠶᠢᠴᠡᠬᠦ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠠᠵᠤ ᠠᠬᠤᠶᠢᠯᠠᠯ ᠢ ᠳᠡᠮᠵᠢᠬᠦ ᠳᠤ | ᠬᠡᠷᠡᠭᠯᠡᠨ᠎ᠡ᠄ | ︵1︶ ᠠᠵᠤ ᠠᠬᠤᠶᠢᠯᠠᠯ ᠤᠳ ᠡᠷᠬᠡᠪᠰᠢ ᠵᠢᠦ ᠶᠤᠸᠠᠨ ᠲᠣᠭᠤᠷᠢᠭ ᠤᠨ ᠵᠠᠰᠠᠭ ᠵᠠᠬᠢᠷᠭᠠᠨ ᠤ ᠣᠷᠣᠨ ᠤ | ᠬᠡᠪᠴᠢᠶᠡᠨ ᠳᠤ ᠳᠠᠩᠰᠠᠯᠠᠭᠤᠯᠬᠤ ᠶᠢᠨ ᠬᠠᠮᠲᠤ ᠵᠢᠦ ᠶᠤᠸᠠᠨ ᠲᠣᠭᠤᠷᠢᠭ ᠲᠤ ᠬᠠᠤᠯᠢ ᠶᠣᠰᠣᠭᠠᠷ ᠭᠠᠶᠢᠯᠢ ᠲᠤᠰᠢᠶᠠᠬᠤ | ᠬᠡᠷᠡᠭᠲᠡᠢ︔ | ︵2︶ ᠰᠦᠯᠵᠢᠶᠡᠨ ᠤ ᠪᠠᠷᠠᠭ᠎ᠠ ᠲᠡᠭᠡᠭᠡᠪᠦᠷᠢ ᠶᠢᠨ ᠡᠵᠡᠩᠨᠡᠯᠲᠡ ᠶᠢᠨ ᠵᠥᠪᠰᠢᠶᠡᠷᠡᠯ ᠤᠨ ᠬᠢᠷᠢ ᠭᠡᠮ ᠢ | ᠣᠯᠤᠭᠰᠠᠨ ᠪᠥᠭᠡᠳ ᠬᠦᠴᠦᠨ ᠲᠠᠢ ᠬᠤᠭᠤᠴᠠᠭᠠᠨ ᠳᠤ ᠪᠠᠶᠢᠬᠤ ᠬᠡᠷᠡᠭᠲᠡᠢ︔ | ︵3︶ ᠥᠪᠡᠷᠲᠡᠭᠡᠨ ᠵᠠᠰᠠᠬᠤ ᠣᠷᠣᠨ᠂ ᠪᠤᠭᠤᠲᠤ ᠬᠤᠲᠠ ᠬᠤᠶᠠᠷ ᠱᠠᠲᠤᠨ ᠤ ᠰᠦᠯᠵᠢᠶᠡᠨ ᠤ ᠪᠠᠷᠠᠭ᠎ᠠ | ᠲᠡᠭᠡᠭᠡᠪᠦᠷᠢ ᠶᠢᠨ ᠬᠢᠨᠠᠯᠲᠠ ᠬᠠᠮᠢᠶᠠᠷᠤᠯᠲᠠ ᠶᠢᠨ ᠦᠢᠯᠡᠴᠢᠯᠡᠭᠡᠨ ᠤ ᠲᠠᠪᠴᠠᠩ ᠳᠤ ᠣᠷᠤᠭᠰᠠᠨ ᠪᠠᠶᠢᠬᠤ︔ | ︵4︶ ᠲᠡᠭᠡᠭᠡᠪᠦᠷᠢ ᠶᠢᠨ ᠠᠵᠢᠯ ᠤᠨ ᠡᠬᠢᠯᠡᠬᠦ ᠳᠠᠭᠤᠰᠬᠤ ᠴᠢᠭ ᠲᠤ ᠠᠳᠠᠭ ᠳᠠᠭᠠᠨ ᠨᠢᠭᠡ ᠦᠵᠦᠭᠦᠷ ᠨᠢ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠢᠯᠢ ᠳᠣᠲᠣᠷ᠎ᠠ ᠪᠠᠶᠢᠬᠤ ᠪᠥᠭᠡᠳ ᠲᠡᠭᠡᠭᠡᠪᠦᠷᠢ ᠶᠢᠨ | ᠬᠠᠭᠤᠳᠠᠰᠤ ᠲᠤᠭ᠎ᠠ ᠪᠠᠷᠢᠮᠲᠠ ᠶᠢ ᠲᠣᠭᠲᠠᠭᠠᠯ ᠶᠣᠰᠣᠭᠠᠷ ᠴᠠᠭ ᠲᠤᠬᠠᠢ ᠳᠤᠨᠢ ᠳᠠᠮᠵᠢᠭᠤᠯᠵᠤ᠂ ᠲᠡᠭᠡᠭᠡᠪᠦᠷᠢ ᠶᠢᠨ | ᠬᠠᠭᠤᠳᠠᠰᠤ ᠲᠤᠭ᠎ᠠ ᠪᠠᠷᠢᠮᠲᠠ ᠨᠢ ᠡᠷᠬᠡᠪᠰᠢ ᠬᠠᠤᠯᠢ ᠶᠣᠰᠣᠨ ᠤ ᠲᠣᠭᠲᠠᠭᠠᠯ ᠳᠤ ᠨᠡᠶᠢᠴᠡᠵᠦ᠂ ᠦᠨᠡᠨ ᠪᠣᠳᠠᠲᠠᠢ | ᠪᠥᠭᠡᠳ ᠬᠦᠴᠦᠨ ᠲᠠᠢ ᠪᠠᠶᠢᠬᠤ ᠬᠡᠷᠡᠭᠲᠡᠢ᠃ | ︵5︶ ᠥᠪᠡᠷᠲᠡᠭᠡᠨ ᠵᠠᠰᠠᠬᠤ ᠣᠷᠣᠨ ᠤ ᠳᠡᠰ ᠤᠨ ᠲᠤᠰᠬᠠᠢ ᠱᠠᠩᠨᠠᠯ ᠨᠥᠬᠦᠪᠥᠷᠢ ᠶᠢᠨ ᠪᠡᠯᠡ ᠮᠥᠩᠭᠦ ᠶᠢ | ᠭᠤᠶᠤᠴᠢᠯᠠᠨ ᠮᠡᠳᠡᠭᠦᠯᠦᠭᠰᠡᠨ ᠬᠡᠰᠡᠭ ᠨᠢ ᠠᠵᠤ ᠠᠬᠤᠶᠢᠯᠠᠯ ᠤᠨ ︽ᠬᠤᠶᠠᠷ ᠰᠠᠷ᠎ᠠ ᠪᠦᠷᠢ ᠶᠢᠨ ᠰᠦᠯᠵᠢᠶᠡᠨ ᠤ | ᠪᠠᠷᠠᠭᠠᠨ ᠤ ᠲᠡᠭᠡᠭᠡᠪᠦᠷᠢ ᠶᠢᠨ ᠲᠤᠬᠠᠶᠢᠯᠠᠭᠰᠠᠨ ᠠᠵᠢᠯ ᠤᠨ ᠦᠢᠯᠡᠳᠬᠦᠨ ᠤ ᠥᠷᠲᠡᠭ ᠨᠢ ᠨᠡᠶᠢᠲᠡ 1000 ᠲᠦᠮᠡᠨ | ᠲᠥᠭᠦᠷᠢᠭ ᠠᠴᠠ ᠳᠠᠪᠠᠭ᠋ᠤ︾ ᠨᠥᠬᠦᠴᠡᠯ ᠢ ᠬᠠᠩᠭᠠᠨ᠎ᠠ᠃ | 2. ᠱᠠᠩᠨᠠᠵᠤ ᠲᠤᠰᠠᠯᠠᠬᠤ ᠪᠡᠯᠡ ᠮᠥᠩᠭᠦ ᠶᠢᠨ ᠬᠠᠷᠢᠴᠠᠯ | ᠥᠪᠡᠷᠲᠡᠭᠡᠨ ᠵᠠᠰᠠᠬᠤ ᠣᠷᠣᠨ᠂ ᠪᠤᠭᠤᠲᠤ ᠬᠤᠲᠠ ᠶᠢᠨ ᠲᠥᠷᠥ ᠶᠢᠨ ᠪᠣᠳᠣᠯᠭ᠎ᠠ ᠶᠢ ᠦᠨᠳᠦᠰᠦᠯᠡᠪᠡᠯ᠂ | ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠠᠵᠤ ᠠᠬᠤᠶᠢᠯᠠᠯ ᠨᠢ ᠬᠤᠲᠠ ᠶᠢᠨ ᠲᠤᠰ ᠱᠠᠲᠤᠨ ᠤ ᠡᠳ᠋ ᠤᠨ ᠵᠠᠰᠠᠭ | ᠪᠠ ᠬᠤᠰᠢᠭᠤ ᠰᠢᠶᠠᠨ ᠲᠣᠭᠤᠷᠢᠭ ᠤᠨ ᠡᠳ᠋ ᠤᠨ ᠵᠠᠰᠠᠭ ᠲᠤ ᠦᠵᠡᠭᠦᠯᠦᠭᠰᠡᠨ ᠬᠤᠪᠢ ᠨᠡᠮᠡᠷᠢ ᠶᠢᠨ ᠬᠡᠰᠡᠭ ᠢ | ᠪᠦᠬᠦᠨ ᠢ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠠᠵᠤ ᠠᠬᠤᠶᠢᠯᠠᠯ ᠳᠤ ᠱᠠᠩᠨᠠᠵᠤ ᠨᠥᠬᠦᠪᠥᠷᠢᠯᠡᠨ᠎ᠡ᠃ | 3. ᠱᠠᠩᠨᠠᠵᠤ ᠨᠥᠬᠦᠪᠥᠷᠢᠯᠡᠬᠦ ᠶᠢ ᠬᠢᠨᠠᠨ ᠬᠠᠷᠭᠤᠭᠤᠯᠵᠤ ᠪᠡᠶᠡᠯᠡᠭᠦᠯᠦᠨ᠎ᠡ | ᠥᠪᠡᠷᠲᠡᠭᠡᠨ ᠵᠠᠰᠠᠬᠤ ᠣᠷᠣᠨ᠂ ᠪᠤᠭᠤᠲᠤ ᠬᠤᠲᠠ ᠶᠢᠨ ᠱᠠᠩᠨᠠᠵᠤ ᠨᠥᠬᠦᠪᠥᠷᠢᠯᠡᠬᠦ ᠬᠡᠰᠡᠭ ᠢ ︽ᠪᠤᠭᠤᠲᠤ | ᠬᠤᠲᠠ ᠶᠢᠨ ᠰᠦᠯᠵᠢᠶ᠎ᠡ ᠪᠠᠷ ᠪᠠᠷᠠᠭ᠎ᠠ ᠲᠡᠭᠡᠭᠡᠪᠦᠷᠢᠯᠡᠬᠦ ᠠᠵᠤ ᠠᠬᠤᠶᠢᠯᠠᠯ ᠤᠨ ᠱᠠᠩᠨᠠᠵᠤ ᠨᠥᠬᠦᠪᠥᠷᠢᠯᠡᠬᠦ ᠪᠡᠯᠡ | ᠮᠥᠩᠭᠦ ᠶᠢ ᠭᠤᠶᠤᠴᠢᠯᠠᠨ ᠮᠡᠳᠡᠭᠦᠯᠬᠦ ᠴᠤᠪᠤᠷᠠᠯ︾ ᠶᠣᠰᠣᠭᠠᠷ ᠨᠠᠶᠢᠳᠠᠪᠤᠷᠢᠵᠢᠭᠤᠯᠤᠨ᠎ᠠ᠃ ᠬᠤᠰᠢᠭᠤ᠂ ᠰᠢᠶᠠᠨ᠂ | ᠲᠣᠭᠤᠷᠢᠭ ᠤᠨ ᠱᠠᠩᠨᠠᠯ ᠨᠥᠬᠦᠪᠥᠷᠢ ᠶᠢᠨ ᠬᠡᠰᠡᠭ ᠢ ᠳᠣᠣᠷᠠᠬᠢ ᠮᠡᠲᠦ ᠴᠤᠪᠤᠷᠠᠯ ᠢᠶᠠᠷ ᠶᠠᠪᠤᠭᠳᠠᠭᠤᠯᠤᠨ᠎ᠠ᠄ | ᠵᠢᠦ ᠱᠧᠩ ᠪᠦᠯᠦᠭᠯᠡᠯ ᠠᠴᠠ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠱᠠᠩᠨᠠᠯ ᠨᠥᠬᠦᠪᠥᠷᠢ ᠶᠢᠨ ᠪᠡᠯᠡ | ᠮᠥᠩᠭᠦ ᠶᠢᠨ ᠲᠠᠲᠠᠭᠠᠯ ᠪᠠᠶᠢᠭᠤᠯᠵᠤ᠂ ᠨᠦᠭᠦᠪᠦᠷᠢ ᠣᠯᠭᠤᠬᠤ ᠶᠠᠪᠤᠴᠠ ᠶᠢ ᠡᠳ᠋ ᠤᠨ ᠵᠠᠰᠠᠭ ᠤᠨ ᠲᠣᠪᠴᠢᠶ᠎ᠠ᠂ | ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ᠂ ᠬᠤᠳᠠᠯᠳᠤᠭᠠᠨ ᠤ | ᠶᠠᠪᠤᠳᠠᠯ ᠤᠨ ᠲᠣᠪᠴᠢᠶ᠎ᠠ᠂ ᠭᠠᠶᠢᠯᠢ ᠶᠢᠨ ᠶᠠᠪᠤᠳᠠᠯ ᠤᠨ ᠲᠣᠪᠴᠢᠶ᠎ᠠ᠂ ᠵᠢᠦ ᠱᠧᠩ ᠪᠦᠯᠦᠭᠯᠡᠯ ᠬᠠᠮᠵᠢᠯᠴᠠᠨ | ᠪᠡᠶᠡᠯᠡᠭᠦᠯᠬᠦ ᠬᠡᠷᠡᠭᠲᠡᠢ᠃ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠲᠥᠷᠥᠯ ᠵᠦᠢᠯ ᠤᠨ ᠤᠷᠤᠭᠰᠢᠲᠠᠢ | ᠡᠷᠭᠢᠯᠲᠡ ᠶᠢ ᠪᠠᠲᠤᠯᠠᠬᠤ ᠶᠢᠨ ᠲᠥᠯᠥᠭᠡ᠂ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠡᠳ᠋ ᠤᠨ ᠵᠠᠰᠠᠭ ᠤᠨ | ᠬᠤᠪᠢ ᠨᠡᠮᠡᠷᠢ ᠶᠢᠨ ᠪᠡᠯᠡ ᠮᠥᠩᠭᠦ ᠶᠢᠨ ᠲᠤᠭᠤᠷᠢᠭ ᠤᠨ ᠳᠡᠰ ᠤᠨ ᠬᠡᠰᠡᠭ ᠢ ᠬᠤᠶᠠᠷ ᠰᠠᠷ᠎ᠠ ᠳᠤ ᠨᠢᠭᠡ | ᠦᠶᠡᠯᠡᠯ ᠤᠨ ᠬᠤᠭᠤᠴᠠᠭ᠎ᠠ ᠪᠣᠯᠭᠠᠵᠤ᠂ ᠭᠤᠷᠪᠠᠳᠤᠭᠠᠷ ᠰᠠᠷ᠎ᠠ ᠳᠤ ᠭᠤᠶᠤᠴᠢᠯᠠᠯ ᠭᠠᠷᠭᠠᠵᠤ᠂ ᠰᠠᠷ᠎ᠠ ᠶᠢᠨ | ᠡᠴᠦᠰ ᠲᠤ ᠨᠦᠭᠦᠪᠦᠷᠢᠯᠡᠬᠦ ᠶᠢ ᠪᠡᠶᠡᠯᠡᠭᠦᠯᠦᠨ᠎ᠡ᠃ ᠥᠪᠡᠷᠲᠡᠭᠡᠨ ᠵᠠᠰᠠᠬᠤ ᠣᠷᠣᠨ ᠤ ᠲᠡᠰ ᠪᠠ ᠬᠤᠲᠠ ᠶᠢᠨ | ᠲᠡᠰ ᠤᠨ ᠦᠯᠡᠳᠡᠭᠡᠨ ᠬᠠᠳᠠᠭᠠᠯᠠᠬᠤ ᠪᠡᠯᠡ ᠮᠥᠩᠭᠦ ᠶᠢ ᠳᠡᠭᠡᠷ᠎ᠡ ᠬᠤᠶᠠᠷ ᠱᠠᠲᠤᠨ ᠠᠴᠠ ᠵᠢᠦ ᠶᠤᠸᠠᠨ ᠲᠣᠭᠤᠷᠢᠭ ᠲᠤ | ᠰᠢᠯᠵᠢᠭᠦᠯᠦᠭᠰᠡᠨ ᠤ ᠳᠠᠷᠠᠭ᠎ᠠ ᠲᠤᠰ ᠰᠠᠷ᠎ᠠ ᠳᠤ ᠨᠦᠭᠦᠪᠦᠷᠢᠯᠡᠨ ᠥᠭᠭᠦᠨ᠎ᠡ᠃ | ︵1︶ ᠭᠤᠶᠤᠴᠢᠯᠠᠬᠤ | ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠠᠵᠤ ᠠᠬᠤᠶᠢᠯᠠᠯ ᠬᠤᠶᠠᠷ ᠰᠠᠷ᠎ᠠ ᠳᠤ ᠨᠢᠭᠡ ᠦᠶᠡᠯᠡᠯ ᠤᠨ | ᠬᠤᠭᠤᠴᠠᠭ᠎ᠠ ᠪᠣᠯᠭᠠᠵᠤ᠂ ᠭᠤᠷᠪᠠᠳᠤᠭᠠᠷ ᠰᠠᠷ᠎ᠠ ᠶᠢᠨ 10 ᠤ ᠡᠳᠦᠷ ᠠᠴᠠ ᠡᠮᠦᠨ᠎ᠡ ᠭᠤᠶᠤᠴᠢᠯᠠᠯ ᠭᠠᠷᠭᠠᠵᠤ᠂ | ᠬᠤᠭᠤᠴᠠᠭ᠎ᠠ ᠠᠴᠠ ᠭᠡᠲᠤᠷᠡᠨ ᠲᠤᠰᠢᠶᠠᠭᠰᠠᠨ ᠱᠠᠩᠨᠠᠵᠤ ᠨᠥᠬᠦᠪᠥᠷᠢᠯᠡᠬᠦ ᠭᠤᠶᠤᠴᠢᠯᠠᠯ ᠳᠤ ᠨᠦᠭᠦᠪᠦᠷᠢ ᠣᠯᠭᠤᠬᠤ | ᠦᠭᠡᠢ᠃ ᠠᠵᠤ ᠠᠬᠤᠶᠢᠯᠠᠯ ᠤᠳ ᠪᠦᠬᠦ ᠬᠤᠲᠠ ᠶᠢᠨ ᠨᠢᠭᠡᠳᠦᠯᠲᠡᠢ ᠳᠦᠷᠢᠮᠲᠦ ᠭᠤᠶᠤᠴᠢᠯᠠᠨ ᠮᠡᠳᠡᠭᠦᠯᠦᠭᠰᠡᠨ | ᠮᠠᠲ᠋ᠧᠷᠢᠶᠠᠯ ᠢᠶᠠᠨ ᠲᠣᠭᠤᠷᠢᠭ ᠤᠨ ᠡᠳ᠋ ᠤᠨ ᠵᠠᠰᠠᠭ ᠤᠨ ᠲᠣᠪᠴᠢᠶ᠎ᠠ᠂ ᠲᠣᠭᠤᠷᠢᠭ ᠤᠨ ᠣᠷᠣᠨ ᠰᠠᠭᠤᠴᠠ ᠪᠠ | ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ᠂ ᠲᠣᠭᠤᠷᠢᠭ ᠤᠨ ᠭᠠᠶᠢᠯᠢ ᠶᠢᠨ ᠶᠠᠪᠤᠳᠠᠯ ᠤᠨ | ᠲᠣᠪᠴᠢᠶ᠎ᠠ ᠳᠤ ᠲᠤᠰᠢᠶᠠᠨ ᠬᠢᠨᠠᠨ ᠬᠠᠷᠭᠤᠭᠤᠯᠬᠤ ᠶᠢᠨ ᠬᠠᠮᠲᠤ ᠂ ᠡᠯ᠎ᠡ ᠰᠠᠯᠠᠭ᠎ᠠ ᠮᠥᠴᠢᠷ ᠤᠨ ᠬᠢᠨᠠᠨ | ᠬᠠᠷᠭᠤᠭᠤᠯᠵᠤ ᠲᠠᠮᠠᠭ᠎ᠠ ᠳᠠᠷᠤᠭᠰᠠᠨ ᠤ ᠳᠠᠷᠠᠭᠠᠬᠢ ᠬᠢᠨᠠᠨ ᠬᠠᠷᠭᠤᠭᠤᠯᠬᠤ ᠬᠦᠰᠦᠨᠦᠭᠲᠦ ᠶᠢ ᠲᠣᠭᠤᠷᠢᠭ ᠤᠨ | ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ ᠳᠤ ᠲᠤᠰᠢᠶᠠᠬᠤ ᠬᠡᠷᠡᠭᠲᠡᠢ᠃ | ︵2︶ ᠬᠢᠨᠠᠨ ᠬᠠᠷᠭᠤᠭᠤᠯᠬᠤ | ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ᠂ | ᠲᠣᠭᠤᠷᠢᠭ ᠤᠨ ᠭᠠᠶᠢᠯᠢ ᠶᠢᠨ ᠶᠠᠪᠤᠳᠠᠯ ᠤᠨ ᠲᠣᠪᠴᠢᠶ᠎ᠠ ᠠᠩᠬᠠᠨ ᠤ ᠬᠢᠨᠠᠯᠲᠠ ᠬᠢᠨ᠎ᠡ᠃ ᠲᠣᠭᠤᠷᠢᠭ ᠤᠨ ᠣᠷᠣᠨ | ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ ᠨᠢ ᠪᠤᠭᠤᠲᠤ ᠬᠤᠲᠠ ᠶᠢᠨ | ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠬᠢᠨᠠᠯᠲᠠ ᠬᠠᠮᠢᠶᠠᠷᠤᠯᠲᠠ ᠶᠢᠨ ᠲᠠᠪᠴᠠᠩ ᠳᠤ ᠲᠦᠰᠢᠭᠯᠡᠨ ᠪᠠᠷᠠᠭᠠᠨ ᠤ | ᠲᠡᠭᠡᠭᠡᠪᠦᠷᠢ ᠶᠢᠨ ᠦᠨᠡᠨ ᠪᠣᠳᠠᠲᠤ ᠴᠢᠨᠠᠷ ᠢ ᠬᠢᠨᠠᠨ ᠬᠠᠷᠭᠤᠭᠤᠯᠵᠤ᠂ ᠠᠵᠤ ᠠᠬᠤᠶᠢᠯᠠᠯ ᠤᠨ ᠭᠤᠶᠤᠴᠢᠯᠠᠯ | ᠲᠤᠰᠢᠶᠠᠭᠰᠠᠨ ᠡᠳᠦᠷ ᠠᠴᠠ ᠡᠬᠢᠯᠡᠨ 2 ᠠᠵᠢᠯᠯᠠᠬᠤ ᠡᠳᠦᠷ ᠤᠨ ᠳᠣᠲᠣᠷ᠎ᠠ ᠬᠢᠨᠠᠨ ᠬᠠᠷᠭᠤᠭᠤᠯᠬᠤ ᠶᠢ ᠪᠡᠶᠡᠯᠡᠭᠦᠯᠵᠦ᠂ | ᠬᠢᠨᠠᠨ ᠬᠠᠷᠭᠤᠭᠤᠯᠤᠭᠰᠠᠨ ᠰᠠᠨᠠᠯ ᠭᠠᠷᠭᠠᠭᠰᠠᠨ ᠤ ᠳᠠᠷᠠᠭ᠎ᠠ ᠲᠣᠭᠤᠷᠢᠭ ᠤᠨ ᠭᠠᠶᠢᠯᠢ ᠶᠢᠨ ᠶᠠᠪᠤᠳᠠᠯ ᠤᠨ | ᠲᠣᠪᠴᠢᠶ᠎ᠠ ᠳᠤ ᠮᠡᠳᠡᠭᠦᠯᠦᠨ᠎ᠡ᠃ | ᠲᠣᠭᠤᠷᠢᠭ ᠤᠨ ᠭᠠᠶᠢᠯᠢ ᠶᠢᠨ ᠶᠠᠪᠤᠳᠠᠯ ᠤᠨ ᠲᠣᠪᠴᠢᠶ᠎ᠠ ᠨᠢ ᠠᠵᠤ ᠠᠬᠤᠶᠢᠯᠠᠯ ᠤᠨ ᠮᠡᠳᠡᠭᠦᠯᠦᠭᠰᠡᠨ | ᠮᠠᠲ᠋ᠧᠷᠢᠶᠠᠯ ᠳᠠᠬᠢ ᠭᠠᠶᠢᠯᠢ ᠲᠤᠰᠢᠶᠠᠭᠰᠠᠨ ᠭᠡᠷᠡᠴᠢ ᠵᠢᠴᠢ ᠲᠤᠰᠢᠶᠠᠭᠰᠠᠨ ᠭᠠᠶᠢᠯᠢ ᠶᠢᠨ ᠶᠠᠪᠤᠳᠠᠯ ᠤᠨ ᠪᠠᠷᠢᠮᠲᠠ ᠶᠢ | ᠦᠨᠳᠦᠰᠦᠯᠡᠨ᠂ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠠᠵᠤ ᠠᠬᠤᠶᠢᠯᠠᠯ ᠤᠨ ᠦᠶᠡᠯᠡᠯ ᠤᠨ ᠬᠤᠭᠤᠴᠠᠭᠠᠨ ᠤ | ᠳᠣᠲᠣᠷ᠎ᠠ ᠲᠤᠰᠢᠶᠠᠭᠰᠠᠨ ᠠᠵᠤ ᠠᠬᠤᠶᠢᠯᠠᠯ ᠤᠨ ᠠᠰᠢᠭ ᠣᠷᠣᠯᠭ᠎ᠠ ᠶᠢᠨ ᠭᠠᠶᠢᠯᠢ᠂ ᠥᠷᠲᠡᠭ ᠨᠡᠮᠡᠭᠳᠡᠯ ᠤᠨ | ᠭᠠᠶᠢᠯᠢ ᠶᠢᠨ ᠵᠣᠭᠤᠰ ᠤᠨ ᠲᠤᠭ᠎ᠠ ᠪᠣᠯᠤᠨ ᠡᠳ᠋ ᠤᠨ ᠵᠠᠰᠠᠭ ᠤᠨ ᠬᠤᠪᠢ ᠨᠡᠮᠡᠷᠢ ᠶᠢᠨ ᠪᠠᠶᠢᠳᠠᠯ ᠢ ᠨᠤᠲᠠᠯᠠᠬᠤ ᠶᠢᠨ | ᠬᠠᠮᠲᠤ ᠂ ᠠᠵᠤ ᠠᠬᠤᠶᠢᠯᠠᠯ ᠭᠤᠶᠤᠴᠢᠯᠠᠯ ᠢᠶᠠᠨ ᠲᠤᠰᠢᠶᠠᠭᠰᠠᠨ ᠡᠳᠦᠷ ᠠᠴᠠ ᠡᠬᠢᠯᠡᠨ 2 ᠠᠵᠢᠯᠯᠠᠬᠤ ᠡᠳᠦᠷ ᠤᠨ | ᠳᠣᠲᠣᠷ᠎ᠠ ᠬᠠᠮᠲᠤᠷᠠᠨ ᠬᠢᠨᠠᠭᠰᠠᠨ ᠰᠠᠨᠠᠯ ᠭᠠᠷᠭᠠᠭᠰᠠᠨ ᠤ ᠳᠠᠷᠠᠭ᠎ᠠ ᠲᠣᠭᠤᠷᠢᠭ ᠤᠨ ᠡᠳ᠋ ᠤᠨ ᠵᠠᠰᠠᠭ ᠤᠨ | ᠲᠣᠪᠴᠢᠶ᠎ᠠ ᠳᠤ ᠮᠡᠳᠡᠭᠦᠯᠦᠨ᠎ᠡ᠃ | ᠲᠣᠭᠤᠷᠢᠭ ᠤᠨ ᠡᠳ᠋ ᠤᠨ ᠵᠠᠰᠠᠭ ᠤᠨ ᠲᠣᠪᠴᠢᠶ᠎ᠠ ᠬᠠᠮᠲᠤᠷᠠᠨ ᠬᠢᠨᠠᠭᠰᠠᠨ ᠰᠠᠨᠠᠯ ᠢ ᠣᠯᠤᠭᠰᠠᠨ ᠤ ᠳᠠᠷᠠᠭ᠎ᠠ 2 | ᠠᠵᠢᠯᠯᠠᠬᠤ ᠡᠳᠦᠷ ᠤᠨ ᠳᠣᠲᠣᠷ᠎ᠠ ᠨᠦᠭᠦᠪᠦᠷᠢ ᠥᠭᠬᠦ ᠰᠠᠨᠠᠯ ᠢᠶᠠᠨ ᠳᠤᠷᠠᠳᠬᠤ ᠬᠡᠷᠡᠭᠲᠡᠢ᠃ ᠲᠣᠭᠤᠷᠢᠭ ᠤᠨ | ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ ᠳᠡᠭᠡᠷᠡᠬᠢ ᠭᠤᠷᠪᠠᠨ ᠰᠠᠯᠠᠭ᠎ᠠ ᠮᠥᠴᠢᠷ ᠤᠨ ᠰᠠᠨᠠᠯ ᠢ ᠬᠤᠷᠢᠶᠠᠩᠭᠤᠶᠢᠯᠠᠨ | ᠬᠢᠨᠠᠨ ᠬᠠᠷᠭᠤᠭᠤᠯᠤᠭᠠᠳ ᠡᠴᠦᠰ ᠤᠨ ᠰᠠᠨᠠᠯ ᠢᠶᠠᠨ ᠳᠤᠷᠠᠳᠴᠤ᠂ ᠵᠢᠦ ᠱᠧᠩ ᠪᠦᠯᠦᠭᠯᠡᠯ ᠨᠢ ᠲᠣᠭᠤᠷᠢᠭ ᠤᠨ | ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ ᠶᠢᠨ ᠰᠠᠨᠠᠯ ᠢ ᠦᠨᠳᠦᠰᠦᠯᠡᠨ 2 ᠠᠵᠢᠯᠯᠠᠬᠤ ᠡᠳᠦᠷ ᠤᠨ ᠳᠣᠲᠣᠷ᠎ᠠ | ᠲᠣᠭᠤᠷᠢᠭ ᠤᠨ ᠳᠡᠰ ᠤᠨ ᠬᠡᠰᠡᠭ ᠢ ᠥᠭᠬᠦ ᠶᠢ ᠪᠡᠶᠡᠯᠡᠭᠦᠯᠦᠨ᠎ᠡ᠃ | ᠥᠪᠡᠷᠲᠡᠭᠡᠨ ᠵᠠᠰᠠᠬᠤ ᠣᠷᠣᠨ ᠤ ᠳᠡᠰ᠂ ᠬᠤᠲᠠ ᠶᠢᠨ ᠲᠡᠰ ᠤᠨ ᠱᠠᠩᠨᠠᠯ ᠨᠥᠬᠦᠪᠥᠷᠢ ᠶᠢᠨ ᠬᠡᠰᠡᠭ ᠢ | ᠲᠣᠭᠤᠷᠢᠭ ᠤᠨ ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ᠂ ᠲᠣᠭᠤᠷᠢᠭ ᠤᠨ ᠣᠷᠣᠨ ᠰᠠᠭᠤᠴᠠ ᠪᠠ ᠬᠤᠲᠠ | ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ᠂ ᠭᠠᠶᠢᠯᠢ ᠶᠢᠨ ᠶᠠᠪᠤᠳᠠᠯ ᠤᠨ ᠲᠣᠪᠴᠢᠶ᠎ᠠ᠂ ᠡᠳ᠋ ᠤᠨ | ᠵᠠᠰᠠᠭ ᠭᠠᠶᠢᠯᠢ ᠶᠢᠨ ᠶᠠᠪᠤᠳᠠᠯ ᠤᠨ ᠰᠠᠯᠠᠭ᠎ᠠ ᠮᠥᠴᠢᠷ ᠤᠨ ᠬᠤᠯᠪᠣᠭᠠᠲᠤ ᠬᠤᠷᠠᠯ ᠢᠶᠠᠷ ᠬᠠᠮᠲᠤᠷᠠᠨ ᠬᠢᠨᠠᠨ | ᠬᠠᠷᠭᠤᠭᠤᠯᠤᠭᠰᠠᠨ ᠤ ᠳᠠᠷᠠᠭ᠎ᠠ᠂ ᠲᠣᠭᠤᠷᠢᠭ ᠤᠨ ᠵᠠᠰᠠᠭ ᠤᠨ ᠣᠷᠳᠣᠨ ᠤ ᠨᠡᠷ᠎ᠡ ᠪᠠᠷ ᠬᠤᠲᠠ ᠶᠢᠨ ᠵᠠᠮ ᠬᠠᠷᠢᠯᠴᠠᠭ᠎ᠠ | ᠲᠡᠭᠡᠭᠡᠪᠦᠷᠢ ᠶᠢᠨ ᠲᠣᠪᠴᠢᠶ᠎ᠠ᠂ ᠬᠤᠲᠠ ᠶᠢᠨ ᠭᠠᠶᠢᠯᠢ ᠶᠢᠨ ᠶᠠᠪᠤᠳᠠᠯ ᠤᠨ ᠲᠣᠪᠴᠢᠶ᠎ᠠ ᠳᠤ ᠬᠢᠨᠠᠨ ᠬᠠᠷᠭᠤᠭᠤᠯᠤᠭᠰᠠᠨ | ᠦᠷ᠎ᠡ ᠳ᠋ᠦᠩ ᠢᠶᠠᠨ ᠲᠤᠰᠢᠶᠠᠨ᠎ᠠ᠃ ᠬᠤᠲᠠ ᠶᠢᠨ ᠵᠠᠮ ᠬᠠᠷᠢᠯᠴᠠᠭ᠎ᠠ ᠲᠡᠭᠡᠭᠡᠪᠦᠷᠢ ᠶᠢᠨ ᠲᠣᠪᠴᠢᠶ᠎ᠠ᠂ ᠭᠠᠶᠢᠯᠢ ᠶᠢᠨ | ᠶᠠᠪᠤᠳᠠᠯ ᠤᠨ ᠲᠣᠪᠴᠢᠶ᠎ᠠ ᠬᠠᠮᠲᠤᠷᠠᠨ ᠬᠢᠨᠠᠵᠤ᠂ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ ᠳᠤ ᠱᠠᠩᠨᠠᠯ | ᠨᠥᠬᠦᠪᠥᠷᠢ ᠶᠢᠨ ᠪᠡᠯᠡ ᠮᠥᠩᠭᠦ ᠶᠢ ᠬᠤᠪᠢᠶᠠᠷᠢᠯᠠᠬᠤ ᠰᠠᠨᠠᠯ ᠳᠤᠷᠠᠳᠤᠨ᠎ᠠ᠃ ᠥᠪᠡᠷᠲᠡᠭᠡᠨ ᠵᠠᠰᠠᠬᠤ ᠣᠷᠣᠨ ᠤ ᠲᠡᠰ | ᠪᠠ ᠪᠤᠭᠤᠲᠤ ᠬᠤᠲᠠ ᠶᠢᠨ ᠲᠡᠰ ᠤᠨ ᠪᠡᠯᠡ ᠮᠥᠩᠭᠦ ᠶᠢ ᠪᠣᠳᠠᠲᠠᠶᠢᠵᠢᠭᠤᠯᠤᠭᠰᠠᠨ ᠤ ᠳᠠᠷᠠᠭ᠎ᠠ᠂ ᠵᠢᠦ ᠱᠧᠩ | ᠪᠦᠯᠦᠭᠯᠡᠯ ᠠᠴᠠ 2 ᠠᠵᠢᠯᠯᠠᠬᠤ ᠡᠳᠦᠷ ᠤᠨ ᠳᠣᠲᠣᠷ᠎ᠠ ᠨᠦᠭᠦᠪᠦᠷᠢ ᠥᠭᠴᠦ ᠳᠠᠭᠤᠰᠬᠠᠨ᠎ᠠ᠃ | ︵3︶ ᠵᠣᠭᠤᠰ ᠥᠭᠬᠦ | ᠥᠪᠡᠷᠲᠡᠭᠡᠨ ᠵᠠᠰᠠᠬᠤ ᠣᠷᠣᠨ᠂ ᠪᠤᠭᠤᠲᠤ ᠬᠤᠲᠠ᠂ ᠵᠢᠦ ᠶᠤᠸᠠᠨ ᠲᠣᠭᠤᠷᠢᠭ ᠤᠨ ᠱᠠᠩᠨᠠᠯ ᠤᠨ ᠬᠡᠰᠡᠭ ᠢ | ᠴᠥᠮ ᠵᠢᠦ ᠱᠧᠩ ᠪᠦᠯᠦᠭᠯᠡᠯ ᠠᠴᠠ ᠠᠵᠤ ᠠᠬᠤᠶᠢᠯᠠᠯ ᠤᠨ ᠳᠠᠩᠰᠠ ᠪᠠᠶᠢᠭᠤᠯᠤᠭᠰᠠᠨ ᠪᠠᠩᠬᠢ ᠶᠢᠨ ᠳᠠᠩᠰᠠᠨ | ᠡᠷᠦᠬᠡ ᠳᠤ ᠵᠣᠭᠤᠰ ᠰᠠᠯᠭᠠᠨ ᠥᠭᠭᠦᠨ᠎ᠡ᠃ | ︵ᠬᠤᠶᠠᠷ︶ ᠡᠯ᠎ᠡ ᠰᠠᠯᠠᠭ᠎ᠠ ᠮᠥᠴᠢᠷ ᠤᠨ ᠠᠵᠢᠯ ᠤᠨ ᠬᠤᠪᠢᠶᠠᠷᠢᠯᠠᠯ | ᠲᠣᠭᠤᠷᠢᠭ ᠤᠨ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ᠄ ᠬᠠᠮᠢᠶ᠎ᠠ ᠪᠦᠬᠦᠢ ᠠᠵᠤ ᠦᠢᠯᠡᠰ ᠤᠨ ᠢᠵᠢ | ᠪᠦᠷᠢᠳᠦᠭᠦᠯᠬᠦ ᠲᠡᠳᠬᠦᠨ ᠳᠡᠮᠵᠢᠬᠦ ᠲᠥᠷᠥ ᠶᠢᠨ ᠪᠣᠳᠣᠯᠭ᠎ᠠ ᠶᠢ ᠢᠳᠡᠪᠬᠢᠲᠡᠢ ᠮᠡᠷᠡᠶᠢᠨ ᠣᠯᠬᠤ᠂ ᠭᠠᠷᠳᠠᠮ ᠢ | ᠭᠦᠢᠴᠡᠳᠬᠡᠬᠦ ᠵᠡᠷᠭᠡ ᠬᠠᠮᠢᠶ᠎ᠠ ᠪᠦᠬᠦᠢ ᠠᠵᠢᠯ ᠢ ᠨᠢᠭᠡᠳᠦᠯᠲᠡᠢ ᠲᠥᠯᠥᠪᠯᠡᠨ ᠵᠣᠬᠢᠴᠠᠭᠤᠯᠬᠤ ᠶᠢ ᠬᠠᠷᠢᠭᠤᠴᠠᠵᠤ᠂ | ᠨᠢᠭᠡᠨᠲᠡ ᠠᠰᠢᠭᠯᠠᠯᠲᠠ ᠳᠤ ᠣᠷᠣᠭᠤᠯᠤᠭᠰᠠᠨ ᠪᠠ ᠠᠰᠢᠭᠯᠠᠯᠲᠠ ᠳᠤ ᠣᠷᠣᠭᠤᠯᠬᠤ ᠪᠠᠷ ᠪᠡᠯᠡᠳᠬᠡᠵᠦ ᠪᠠᠶᠢᠭ᠎ᠠ | ᠲᠥᠷᠥᠯ ᠵᠦᠢᠯ ᠤᠨ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢ ᠳᠡᠯᠭᠡᠷᠡᠭᠦᠯᠬᠦ ᠪᠠ ᠬᠡᠷᠡᠭᠯᠡᠬᠦ ᠠᠵᠢᠯ ᠢ ᠬᠥᠲᠥᠯᠥᠨ | ᠵᠢᠯᠣᠭᠤᠳᠤᠨ᠎ᠠ︔ ᠠᠵᠢᠯ ᠤᠨ ᠲᠤᠰᠬᠠᠢ ᠠᠩᠭᠢ ᠶᠢᠨ ᠲᠤᠰᠢᠶᠠᠭᠰᠠᠨ ᠪᠤᠰᠤᠳ ᠠᠵᠢᠯ ᠢ ᠪᠡᠶᠡᠯᠡᠭᠦᠯᠦᠨ᠎ᠡ᠃ | ᠲᠣᠭᠤᠷᠢᠭ ᠤᠨ ᠡᠳ᠋ ᠤᠨ ᠵᠠᠰᠠᠭ ᠤᠨ ᠲᠣᠪᠴᠢᠶ᠎ᠠ᠄ ᠥᠪᠡᠷᠲᠡᠭᠡᠨ ᠵᠠᠰᠠᠬᠤ ᠣᠷᠣᠨ᠂ ᠪᠤᠭᠤᠲᠤ ᠬᠤᠲᠠ᠂ ᠵᠢᠦ | ᠶᠤᠸᠠᠨ ᠲᠣᠭᠤᠷᠢᠭ ᠤᠨ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠶᠢ ᠪᠣᠳᠠᠳᠠᠶᠢᠵᠢᠭᠤᠯᠬᠤ ᠶᠢ ᠨᠠᠶᠢᠳᠠᠪᠤᠷᠢᠵᠢᠭᠤᠯᠵᠤ | ᠂ ᠳᠡᠭᠡᠳᠦ ᠱᠠᠲᠤᠨ ᠤ ᠰᠠᠯᠠᠭ᠎ᠠ ᠮᠥᠴᠢᠷ ᠠᠴᠠ ᠬᠠᠷᠠᠭᠠᠯᠵᠠᠯ ᠤᠨ ᠱᠠᠩᠨᠠᠵᠤ ᠨᠥᠬᠦᠪᠥᠷᠢᠯᠡᠬᠦ ᠲᠥᠷᠥ ᠶᠢᠨ | ᠪᠣᠳᠣᠯᠭ᠎ᠠ ᠶᠢᠨ ᠪᠡᠯᠡ ᠮᠥᠩᠭᠦ ᠣᠯᠬᠤ ᠪᠠᠷ ᠢᠳᠡᠪᠬᠢᠲᠡᠢ ᠴᠢᠷᠮᠠᠶᠢᠨ᠎ᠠ᠃ | ᠲᠣᠭᠤᠷᠢᠭ ᠤᠨ ᠠᠵᠤ ᠦᠢᠯᠡᠳᠪᠦᠷᠢ ᠰᠢᠨᠵᠢᠯᠡᠭᠡ ᠮᠡᠷᠭᠡᠵᠢᠯ ᠤᠨ ᠲᠣᠪᠴᠢᠶ᠎ᠠ᠄ ᠲᠣᠭᠤᠷᠢᠭ ᠤᠨ ᠳᠣᠲᠣᠷᠠᠬᠢ | ᠡᠯ᠎ᠡ ᠦᠢᠯᠡᠳᠪᠦᠷᠢᠯᠡᠯ ᠤᠨ ᠬᠡᠯᠪᠡᠷᠢ ᠶᠢᠨ ᠠᠵᠤ ᠠᠬᠤᠶᠢᠯᠠᠯ ᠢ ᠵᠣᠬᠢᠴᠠᠭᠤᠯᠬᠤ ᠶᠢ ᠬᠠᠷᠢᠭᠤᠴᠠᠵᠤ᠂ ᠰᠦᠯᠵᠢᠶᠡᠨ ᠤ | ᠪᠠᠷᠠᠭᠠᠨ ᠤ ᠲᠡᠭᠡᠭᠡᠪᠦᠷᠢ ᠶᠢᠨ ᠲᠠᠪᠴᠠᠩ ᠪᠠ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠲᠤᠬᠠᠶᠢᠯᠠᠭᠰᠠᠨ | ᠠᠵᠢᠯ ᠳᠤ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠲᠠᠪᠴᠠᠩ ᠢ ᠬᠡᠷᠡᠭᠯᠡᠬᠦ ᠶᠢ ᠢᠳᠡᠪᠬᠢᠲᠡᠢ ᠳᠡᠯᠭᠡᠷᠡᠭᠦᠯᠬᠦ ᠪᠠ | ᠠᠬᠢᠭᠤᠯᠵᠤ᠂ ᠰᠢᠨᠵᠢᠯᠡᠭᠡ ᠮᠡᠷᠭᠡᠵᠢᠯ ᠤᠨ ᠰᠢᠨ᠎ᠡ ᠶᠢ ᠡᠭᠦᠳᠬᠦ ᠲᠠᠯ᠎ᠠ ᠶᠢᠨ ᠲᠥᠷᠥ ᠶᠢᠨ ᠪᠣᠳᠣᠯᠭ᠎ᠠ ᠶᠢᠨ ᠳᠡᠮᠵᠢᠯᠭᠡ | ᠶᠢ ᠣᠯᠬᠤ ᠵᠡᠷᠭᠡ ᠠᠵᠢᠯ ᠢ ᠪᠡᠶᠡᠯᠡᠭᠦᠯᠦᠨ᠎ᠡ︔ ᠠᠵᠢᠯ ᠤᠨ ᠲᠤᠰᠬᠠᠢ ᠠᠩᠭᠢ ᠶᠢᠨ ᠲᠤᠰᠢᠶᠠᠭᠰᠠᠨ ᠪᠤᠰᠤᠳ ᠠᠵᠢᠯ ᠢ | ᠪᠡᠶᠡᠯᠡᠭᠦᠯᠦᠨ᠎ᠡ᠃ | ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠲᠣᠪᠴᠢᠶ᠎ᠠ᠄ | ᠬᠤᠲᠠ ᠶᠢᠨ ᠵᠠᠮ ᠬᠠᠷᠢᠯᠴᠠᠭᠠᠨ ᠤ ᠲᠣᠪᠴᠢᠶ᠎ᠠ ᠲᠠᠢ ᠵᠣᠯᠭᠠᠭᠤᠯᠵᠤ᠂ ᠬᠢᠷᠢ ᠭᠡᠮ ᠲᠠᠢ ᠰᠦᠯᠵᠢᠶᠡᠨ ᠤ ᠪᠠᠷᠠᠭᠠᠨ ᠤ | ᠲᠡᠭᠡᠭᠡᠪᠦᠷᠢ ᠶᠢᠨ ᠠᠵᠤ ᠠᠬᠤᠶᠢᠯᠠᠯ ᠢ ᠲᠣᠭᠲᠠᠭᠠᠯ ᠶᠣᠰᠣᠭᠠᠷ ᠬᠢᠨᠠᠨ ᠬᠠᠮᠢᠶᠠᠷᠴᠤ᠂ ᠣᠷᠣᠨ ᠪᠦᠰᠡ ᠶᠢᠨ ᠳᠣᠲᠣᠷᠠᠬᠢ | ᠲᠡᠭᠡᠭᠡᠪᠦᠷᠢ ᠶᠢᠨ ᠠᠵᠤ ᠠᠬᠤᠶᠢᠯᠠᠯ ᠵᠢᠴᠢ ᠬᠠᠷᠢᠶ᠎ᠠ ᠲᠡᠷᠭᠡ ᠬᠥᠰᠬᠡ ᠶᠢ ᠬᠥᠲᠥᠯᠥᠨ ᠵᠢᠯᠣᠭᠤᠳᠴᠤ ᠪᠠᠶᠢᠭᠠᠳ | ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠶᠡᠷᠦᠩᠬᠡᠶᠢᠯᠡᠭᠰᠡᠨ ᠦᠢᠯᠡᠴᠢᠯᠡᠭᠡᠨ ᠤ ᠲᠠᠪᠴᠠᠩ ᠳᠡᠭᠡᠷ᠎ᠡ | ᠳᠠᠩᠰᠠᠯᠠᠭᠤᠯᠵᠤ᠂ ᠭᠡᠷᠡᠴᠢᠯᠡᠭᠦᠯᠵᠦ᠂ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠲᠤᠬᠠᠶᠢᠯᠠᠭᠰᠠᠨ ᠠᠵᠢᠯ ᠢ | ᠥᠷᠨᠢᠭᠦᠯᠵᠦ᠂ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠠᠵᠤ ᠠᠬᠤᠶᠢᠯᠠᠯ ᠳᠤ ᠰᠠᠶᠢᠲᠤᠷ ᠦᠢᠯᠡᠴᠢᠯᠡᠵᠦ᠂ | ᠪᠤᠭᠤᠲᠤ ᠬᠤᠲᠠ ᠶᠢᠨ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠬᠢᠨᠠᠯᠲᠠ ᠬᠠᠮᠢᠶᠠᠷᠤᠯᠲᠠ ᠶᠢᠨ ᠲᠠᠪᠴᠠᠩ ᠤᠨ | ᠬᠢᠨᠠᠯᠲᠠ ᠬᠠᠮᠢᠶᠠᠷᠤᠯᠲᠠ᠂ ᠬᠢᠨᠠᠨ ᠬᠠᠷᠭᠤᠭᠤᠯᠬᠤ ᠵᠢᠴᠢ ᠪᠤᠰᠤᠳ ᠬᠠᠮᠢᠶ᠎ᠠ ᠪᠦᠬᠦᠢ ᠠᠵᠢᠯ ᠢ ᠰᠠᠶᠢᠲᠤᠷ ᠬᠢᠨ᠎ᠡ᠃ | ᠲᠣᠭᠤᠷᠢᠭ ᠤᠨ ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ᠄ ᠠᠵᠢᠯ ᠤᠨ ᠲᠤᠰᠬᠠᠢ ᠠᠩᠭᠢ ᠶᠢᠨ ᠡᠳᠦᠷ | ᠲᠤᠲᠤᠮ ᠤᠨ ᠵᠣᠬᠢᠶᠠᠨ ᠪᠠᠶᠢᠭᠤᠯᠬᠤ᠂ ᠲᠣᠬᠢᠷᠠᠭᠤᠯᠬᠤ᠂ ᠵᠣᠬᠢᠴᠠᠭᠤᠯᠬᠤ ᠠᠵᠢᠯ ᠢ ᠬᠠᠷᠢᠭᠤᠴᠠᠵᠤ᠂ ᠲᠥᠷᠥᠯ | ᠵᠦᠢᠯ ᠢ ᠬᠡᠷᠡᠭᠵᠢᠭᠦᠯᠬᠦ ᠶᠠᠪᠤᠴᠠ ᠳᠤ ᠣᠷᠣᠰᠢᠵᠤ ᠪᠠᠶᠢᠭ᠎ᠠ ᠠᠰᠠᠭᠤᠳᠠᠯ ᠢ ᠰᠤᠳᠤᠯᠤᠨ ᠵᠣᠬᠢᠴᠠᠭᠤᠯᠵᠤ ᠪᠠᠶᠢᠭᠠᠳ | ᠡᠯ᠎ᠡ ᠵᠦᠢᠯ ᠤᠨ ᠪᠢᠴᠢᠭ ᠮᠠᠲ᠋ᠧᠷᠢᠶᠠᠯ ᠤᠨ ᠳᠦᠷᠢᠮ ᠢ ᠲᠦᠷᠦᠭᠦᠯᠡᠨ ᠲᠤᠭᠤᠷᠪᠢᠵᠤ᠂ ᠲᠣᠭᠲᠠᠭᠠᠵᠤ᠂ ᠲᠤᠰᠬᠠᠢ | ᠠᠩᠭᠢ ᠶᠢᠨ ᠠᠵᠢᠯ ᠤᠨ ᠬᠤᠷᠠᠯ ᠢ ᠵᠣᠬᠢᠶᠠᠨ ᠪᠠᠶᠢᠭᠤᠯᠤᠨ ᠬᠤᠷᠠᠯᠳᠤᠭᠤᠯᠵᠤ᠂ ᠬᠠᠮᠢᠶ᠎ᠠ ᠪᠦᠬᠦᠢ ᠲᠤᠭ᠎ᠠ ᠪᠠᠷᠢᠮᠲᠠ ᠶᠢ | ᠴᠤᠭᠯᠠᠭᠤᠯᠵᠤ᠂ ᠡᠯ᠎ᠡ ᠲᠥᠷᠥᠯ ᠤᠨ ᠮᠡᠳᠡᠭᠦᠯᠬᠦ ᠬᠦᠰᠦᠨᠦᠭᠲᠦ ᠶᠢ ᠳᠡᠭᠡᠭᠰᠢ ᠮᠡᠳᠡᠭᠦᠯᠵᠦ᠂ ᠬᠤᠲᠠ ᠶᠢᠨ ᠲᠡᠰ ᠤᠨ | ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠠᠵᠢᠯ ᠤᠨ ᠲᠤᠰᠬᠠᠢ ᠠᠩᠭᠢ ᠲᠠᠢ ᠵᠣᠯᠭᠠᠭᠤᠯᠵᠤ᠂ ᠬᠠᠮᠢᠶ᠎ᠠ ᠪᠦᠬᠦᠢ | ᠰᠠᠯᠠᠭ᠎ᠠ ᠮᠥᠴᠢᠷ ᠢ ᠵᠣᠬᠢᠴᠠᠭᠤᠯᠤᠨ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠭᠤᠣᠯᠳᠠᠯᠭ᠎ᠠ ᠲᠠᠢ ᠠᠵᠢᠯ ᠢ | ᠪᠡᠶᠡᠯᠡᠭᠦᠯᠵᠦ᠂ ᠡᠯ᠎ᠡ ᠲᠥᠷᠥᠯ ᠤᠨ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠠᠵᠤ ᠠᠬᠤᠶᠢᠯᠠᠯ ᠵᠢᠴᠢ ᠪᠤᠰᠤᠳ | ᠬᠠᠮᠢᠶ᠎ᠠ ᠪᠦᠬᠦᠢ ᠠᠵᠤ ᠦᠢᠯᠡᠰ ᠤᠨ ᠠᠵᠤ ᠠᠬᠤᠶᠢᠯᠠᠯ ᠢ ᠲᠦᠷᠦᠭᠦᠯᠡᠨ ᠣᠷᠣᠭᠤᠯᠤᠨ ᠠᠪᠴᠢᠷᠠᠨ᠎ᠠ︔ ᠠᠵᠢᠯ ᠤᠨ | ᠲᠤᠰᠬᠠᠢ ᠠᠩᠭᠢ ᠶᠢᠨ ᠲᠤᠰᠢᠶᠠᠭᠰᠠᠨ ᠪᠤᠰᠤᠳ ᠠᠵᠢᠯ ᠢ ᠪᠡᠶᠡᠯᠡᠭᠦᠯᠦᠨ᠎ᠡ᠃ | ᠲᠣᠭᠤᠷᠢᠭ ᠤᠨ ᠮᠥᠩᠭᠦᠨ ᠭᠦᠢᠯᠭᠡᠭᠡᠨ ᠤ ᠠᠯᠪᠠᠨ ᠭᠡᠷ᠄ ᠮᠥᠩᠭᠦᠨ ᠭᠦᠢᠯᠭᠡᠭᠡᠨ ᠤ ᠪᠠᠶᠢᠭᠤᠯᠤᠮᠵᠢ ᠶᠢ | ᠵᠣᠬᠢᠴᠠᠭᠤᠯᠵᠤ ᠪᠠᠶᠢᠭᠠᠳ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠠᠵᠤ ᠠᠬᠤᠶᠢᠯᠠᠯ ᠳᠤ ᠵᠢᠭᠡᠯᠡᠯᠭᠡ ᠶᠢᠨ | ᠳᠡᠮᠵᠢᠯᠭᠡ ᠬᠠᠩᠭᠠᠨ᠎ᠠ︔ ᠮᠥᠩᠭᠦᠨ ᠭᠦᠢᠯᠭᠡᠭᠡᠨ ᠤ ᠪᠠᠶᠢᠭᠤᠯᠤᠮᠵᠢ ᠬᠢᠭᠡᠳ ᠰᠦᠯᠵᠢᠶᠡᠨ ᠤ ᠪᠠᠷᠠᠭᠠᠨ ᠤ | ᠲᠡᠭᠡᠭᠡᠪᠦᠷᠢ ᠶᠢᠨ ᠠᠵᠤ ᠠᠬᠤᠶᠢᠯᠠᠯ ᠢ ᠵᠣᠬᠢᠴᠠᠭᠤᠯᠵᠤ ᠪᠠᠶᠢᠭᠠᠳ ᠮᠥᠩᠭᠦᠨ ᠭᠦᠢᠯᠭᠡᠭᠡᠨ ᠤ ᠰᠢᠨ᠎ᠡ | ᠪᠦᠳᠦᠭᠡᠭᠳᠡᠭᠦᠨ ᠢ ᠨᠡᠭᠡᠭᠡᠨ ᠬᠥᠭᠵᠢᠭᠦᠯᠵᠦ᠂ ᠮᠥᠩᠭᠦᠨ ᠭᠦᠢᠯᠭᠡᠭᠡᠨ ᠤ ᠠᠮᠢ ᠠᠬᠤᠢ ᠶᠢᠨ ᠬᠡᠯᠬᠢᠶ᠎ᠡ ᠶᠢ | ᠦᠷᠭᠦᠯᠵᠢᠯᠡᠭᠦᠯᠦᠨ᠎ᠡ︔ ᠠᠵᠢᠯ ᠤᠨ ᠲᠤᠰᠬᠠᠢ ᠠᠩᠭᠢ ᠶᠢᠨ ᠲᠤᠰᠢᠶᠠᠭᠰᠠᠨ ᠪᠤᠰᠤᠳ ᠠᠵᠢᠯ ᠢ ᠪᠡᠶᠡᠯᠡᠭᠦᠯᠦᠨ᠎ᠡ᠃ | ᠲᠣᠭᠤᠷᠢᠭ ᠤᠨ ᠭᠠᠶᠢᠯᠢ ᠶᠢᠨ ᠶᠠᠪᠤᠳᠠᠯ ᠤᠨ ᠲᠣᠪᠴᠢᠶ᠎ᠠ᠄ ᠬᠠᠷᠢᠶ᠎ᠠ ᠣᠷᠣᠨ ᠤ ᠬᠠᠷᠢᠶ᠎ᠠ ᠠᠵᠤ ᠠᠬᠤᠶᠢᠯᠠᠯ ᠤᠨ | ᠡᠳ᠋ ᠤᠨ ᠶᠠᠪᠤᠳᠠᠯ ᠤᠨ ᠠᠵᠢᠯᠲᠠᠨ ᠳᠤ ᠰᠦᠯᠵᠢᠶ᠎ᠡ ᠪᠠᠷ ᠪᠠᠷᠠᠭ᠎ᠠ ᠲᠡᠭᠡᠭᠡᠪᠦᠷᠢᠯᠡᠬᠦ ᠲᠥᠷᠥ ᠶᠢᠨ ᠪᠣᠳᠣᠯᠭ᠎ᠠ ᠶᠢ | ᠤᠬᠠᠭᠤᠯᠵᠤ᠂ ᠰᠦᠯᠵᠢᠶ᠎ᠡ ᠪᠠᠷ ᠪᠠᠷᠠᠭ᠎ᠠ ᠲᠡᠭᠡᠭᠡᠪᠦᠷᠢᠯᠡᠬᠦ ᠲᠠᠪᠴᠠᠩ ᠢ ᠳᠡᠯᠭᠡᠷᠡᠭᠦᠯᠦᠨ ᠠᠬᠢᠭᠤᠯᠵᠤ᠂ | ᠰᠦᠯᠵᠢᠶ᠎ᠡ ᠪᠠᠷ ᠪᠠᠷᠠᠭ᠎ᠠ ᠲᠡᠭᠡᠭᠡᠪᠦᠷᠢᠯᠡᠬᠦ ᠲᠤᠬᠠᠶᠢᠯᠠᠭᠰᠠᠨ ᠠᠵᠢᠯ ᠢ ᠰᠦᠯᠵᠢᠶ᠎ᠡ ᠪᠠᠷ ᠪᠠᠷᠠᠭ᠎ᠠ ᠲᠡᠭᠡᠭᠡᠪᠦᠷᠢᠯᠡᠬᠦ | ᠲᠠᠪᠴᠠᠩ ᠢᠶᠠᠷ ᠶᠠᠪᠤᠭᠤᠯᠤᠨ᠎ᠠ ᠃ ᠮᠠᠨ ᠤ ᠲᠤᠭᠤᠷᠢᠭ ᠤᠨ ᠠᠵᠤ ᠠᠬᠤᠶᠢᠯᠠᠯ ᠢ ᠬᠠᠪᠰᠤᠷᠤᠨ ᠭᠠᠶᠢᠯᠢ ᠶᠢᠨ | ᠶᠠᠪᠤᠳᠠᠯ ᠤᠨ ᠠᠶᠤᠯ ᠲᠦᠭᠰᠢᠭᠦᠷᠢ ᠶᠢ ᠰᠡᠷᠭᠡᠶᠢᠯᠡᠨ᠎ᠡ᠃ ᠲᠦᠭᠰᠢᠭᠦᠷᠢ ᠶᠢ ᠬᠠᠮᠢᠶᠠᠷᠤᠨ ᠡᠵᠡᠮᠳᠡᠬᠦ ᠶᠢ ᠰᠠᠶᠢᠲᠤᠷ ᠬᠢᠵᠦ | ᠂ ᠭᠦᠢᠣᠡᠳᠭᠡᠯ ᠪᠠᠷᠢᠮᠲᠠ ᠪᠠ ᠳᠠᠩᠰᠠᠨ ᠤ ᠶᠠᠪᠤᠳᠠᠯ ᠢ ᠬᠢᠨᠠᠨ ᠬᠠᠷᠭᠤᠭᠤᠯᠬᠤ ᠠᠵᠢᠯ ᠢ ᠰᠠᠶᠢᠲᠤᠷ ᠬᠢᠵᠦ᠂ | ᠲᠤᠬᠠᠶᠢᠯᠠᠭᠰᠠᠨ ᠠᠵᠢᠯ ᠤᠨ ᠬᠤᠳᠠᠯ ᠬᠠᠭᠤᠷᠮᠠᠭ᠂ ᠭᠠᠶᠢᠯᠢ ᠶᠢᠨ ᠪᠠᠷᠢᠮᠲᠠ ᠶᠢ ᠬᠠᠭᠤᠷᠮᠠᠭ ᠢᠶᠠᠷ ᠪᠢᠴᠢᠬᠦ ᠶᠢ | ᠰᠡᠷᠭᠡᠶᠢᠯᠡᠨ ᠬᠤᠷᠢᠭᠯᠠᠵᠤ᠂ ᠬᠡᠷᠡᠭ ᠤᠨ ᠡᠮᠦᠨᠡᠬᠢ ᠰᠡᠷᠭᠡᠶᠢᠯᠡᠨ ᠡᠵᠡᠮᠳᠡᠬᠦ ᠠᠵᠢᠯ ᠢ ᠰᠠᠶᠢᠲᠤᠷ ᠬᠢᠬᠦ ᠬᠡᠷᠡᠭᠲᠡᠢ᠃ | ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠶᠡᠭᠡ ᠠᠩᠭᠢ᠄ ᠬᠠᠮᠢᠶ᠎ᠠ ᠪᠦᠬᠦᠢ ᠪᠠᠷᠠᠭᠠᠨ ᠤ ᠭᠦᠢᠯᠭᠡᠭᠡᠨ ᠤ ᠠᠵᠤ | ᠠᠬᠤᠶᠢᠯᠠᠯ ᠢ ᠰᠢᠮᠳᠠᠭᠤᠯᠵᠤ ᠪᠠᠶᠢᠭᠠᠳ ᠲᠡᠭᠡᠭᠡᠪᠦᠷᠢ ᠶᠢᠨ ᠲᠡᠷᠭᠡ ᠬᠥᠰᠬᠡ ᠶᠢᠨ ᠬᠠᠮᠢᠶᠠᠷᠤᠯᠲᠠ ᠶᠢᠨ ᠭᠤᠣᠯ | ᠴᠣᠭᠴᠠ ᠶᠢᠨ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠬᠤ ᠶᠢ ᠬᠠᠷᠢᠭᠤᠴᠠᠵᠤ᠂ ︽ᠰᠦᠯᠵᠢᠶᠡᠨ ᠤ ᠪᠠᠷᠠᠭᠠᠨ ᠤ | ᠲᠡᠭᠡᠭᠡᠪᠦᠷᠢ ᠶᠢᠨ ᠲᠦᠷ ᠬᠡᠷᠡᠭᠵᠢᠭᠦᠯᠬᠦ ᠬᠠᠮᠢᠶᠠᠷᠤᠯᠲᠠ ᠶᠢᠨ ᠠᠷᠭ᠎ᠠ︾ ᠪᠣᠯᠤᠨ ︽ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠪᠠᠷᠠᠭᠠᠨ ᠤ ᠲᠡᠭᠡᠭᠡᠪᠦᠷᠢ ᠶᠢᠨ ᠲᠡᠷᠭᠡ ᠬᠥᠰᠬᠡ ᠶᠢᠨ ᠬᠡᠮᠵᠢᠶ᠎ᠡ ᠳᠠᠭᠠᠭᠠᠴᠠ ᠠᠴᠠ | ᠬᠡᠲᠦᠷᠡᠲᠡᠯ᠎ᠡ ᠠᠴᠢᠶᠠᠯᠠᠬᠤ ᠶᠢ ᠵᠠᠰᠠᠬᠤ ᠠᠷᠭ᠎ᠠ︾ ᠶᠢᠨ ᠶᠣᠰᠣᠭᠠᠷ ᠬᠤᠲᠠ ᠶᠢᠨ ᠵᠠᠮ ᠬᠠᠷᠢᠯᠴᠠᠭᠠᠨ ᠤ | ᠲᠣᠪᠴᠢᠶ᠎ᠠ ᠲᠠᠢ ᠬᠠᠮᠵᠢᠯᠴᠠᠨ ᠬᠠᠤᠯᠢ ᠲᠣᠭᠲᠠᠭᠠᠯ ᠢ ᠦᠨᠳᠦᠰᠦᠯᠡᠨ ᠬᠡᠮᠵᠢᠶ᠎ᠡ ᠠᠴᠠ ᠬᠡᠲᠦᠷᠡᠲᠡᠯ᠎ᠡ ᠠᠴᠢᠶᠠᠯᠠᠭᠰᠠᠨ | ᠲᠡᠭᠡᠭᠡᠪᠦᠷᠢ ᠶᠢᠨ ᠲᠡᠷᠭᠡ ᠬᠥᠰᠬᠡ ᠶᠢ ᠵᠠᠰᠠᠵᠤ᠂ ᠲᠡᠷᠭᠡ ᠬᠥᠰᠬᠡ ᠶᠢᠨ ᠭᠠᠷᠳᠠᠮ ᠵᠢᠴᠢ ᠵᠢᠯᠣᠭᠤᠴᠢ ᠶᠢᠨ ᠬᠢᠷᠢ | ᠬᠡᠮ ᠳᠤ ᠬᠢᠨᠠᠨ ᠪᠠᠶᠢᠴᠠᠭᠠᠯᠲᠠ ᠬᠢᠵᠦ᠂ ᠠᠰᠠᠭᠤᠳᠠᠯ ᠢᠯᠡᠷᠡᠭᠰᠡᠨ ᠪᠠᠶᠢᠪᠠᠯ ᠠᠰᠠᠭᠤᠳᠠᠯ ᠢ ᠵᠣᠬᠢᠴᠠᠭᠤᠯᠤᠨ | ᠰᠢᠢᠳᠪᠦᠷᠢᠯᠡᠬᠦ ᠶᠢ ᠬᠠᠷᠢᠭᠤᠴᠠᠨ᠎ᠠ︔ ᠠᠵᠢᠯ ᠤᠨ ᠲᠤᠰᠬᠠᠢ ᠠᠩᠭᠢ ᠶᠢᠨ ᠲᠤᠰᠢᠶᠠᠭᠰᠠᠨ ᠪᠤᠰᠤᠳ ᠠᠵᠢᠯ ᠢ | ᠪᠡᠶᠡᠯᠡᠭᠦᠯᠦᠨ᠎ᠡ᠃ | ᠵᠢᠦ ᠱᠧᠩ ᠪᠦᠯᠦᠭᠯᠡᠯ᠄ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠱᠠᠩᠨᠠᠯ ᠨᠥᠬᠦᠪᠥᠷᠢ ᠶᠢᠨ ᠪᠡᠯᠡ | ᠮᠥᠩᠭᠦ ᠶᠢᠨ ᠲᠠᠲᠠᠭᠠᠯ ᠪᠠᠶᠢᠭᠤᠯᠬᠤ ᠶᠢ ᠬᠠᠷᠢᠭᠤᠴᠠᠵᠤ᠂ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠠᠵᠤ | ᠠᠬᠤᠶᠢᠯᠠᠯ ᠲᠠᠢ ᠬᠠᠮᠢᠶ᠎ᠠ ᠪᠦᠬᠦᠢ ᠨᠦᠭᠦᠪᠦᠷᠢ ᠥᠭᠬᠦ ᠵᠦᠢᠯᠡᠰ ᠢ ᠵᠣᠯᠭᠠᠭᠤᠯᠬᠤ ᠶᠢᠨ ᠬᠠᠮᠲᠤ ᠱᠠᠩᠨᠠᠯ | ᠨᠥᠬᠦᠪᠥᠷᠢ ᠶᠢᠨ ᠪᠡᠯᠡ ᠮᠥᠩᠭᠦ ᠶᠢ ᠰᠠᠯᠭᠠᠨ ᠥᠭᠬᠦ ᠶᠢ ᠪᠡᠶᠡᠯᠡᠭᠦᠯᠦᠨ᠎ᠡ︔ ᠰᠦᠯᠵᠢᠶᠡᠨ ᠤ ᠪᠠᠷᠠᠭᠠᠨ ᠤ | ᠲᠡᠭᠡᠭᠡᠪᠦᠷᠢ ᠶᠢᠨ ᠠᠵᠤ ᠠᠬᠤᠶᠢᠯᠠᠯ ᠳᠤ ᠭᠡᠷ ᠪᠠᠶᠢᠰᠢᠩ ᠤᠨ ᠲᠦᠷᠢᠶᠡᠰᠦᠯᠡᠯ᠂ ᠢᠵᠢ ᠪᠦᠷᠢᠳᠦᠭᠦᠯᠬᠦ ᠦᠢᠯᠡᠴᠢᠯᠡᠭᠡ | ᠬᠢᠬᠦ ᠵᠡᠷᠭᠡ ᠠᠵᠢᠯ ᠢ ᠬᠠᠷᠢᠭᠤᠴᠠᠨ᠎ᠠ᠃ | ᠡᠯ᠎ᠡ ᠬᠠᠷᠢᠭᠤᠴᠠᠯᠭᠠᠲᠤ ᠰᠠᠯᠠᠭ᠎ᠠ ᠮᠥᠴᠢᠷ ᠤᠳ ᠠᠵᠢᠯᠯᠠᠬᠤ ᠳᠤᠭᠤᠶᠢᠯᠠᠩ ᠪᠠᠶᠢᠭᠤᠯᠵᠤ᠂ ᠲᠤᠰ ᠲᠤᠰ ᠤᠨ | ᠠᠵᠢᠯ ᠤᠨ ᠬᠤᠪᠢᠶᠠᠷᠢᠯᠠᠯ ᠶᠣᠰᠣᠭᠠᠷ ᠲᠤᠰᠬᠠᠢ ᠬᠥᠮᠦᠨ ᠲᠣᠬᠢᠷᠠᠭᠤᠯᠤᠨ ᠬᠠᠷᠢᠭᠤᠴᠠᠭᠤᠯᠵᠤ᠂ ᠬᠠᠷᠢᠭᠤᠴᠠᠯᠭ᠎ᠠ ᠶᠢ | ᠲᠤᠰ ᠬᠥᠮᠦᠨ ᠳᠤᠨᠢ ᠡᠭᠦᠷᠭᠡᠯᠡᠭᠦᠯᠬᠦ ᠶᠢᠨ ᠬᠠᠮᠲᠤ᠂ ᠰᠠᠯᠠᠭ᠎ᠠ ᠮᠥᠴᠢᠷ ᠤᠨ ᠬᠤᠭᠤᠷᠣᠨᠳᠣᠬᠢ ᠵᠣᠬᠢᠴᠠᠯᠳᠤᠨ | ᠬᠠᠮᠵᠢᠯᠴᠠᠬᠤ ᠶᠢ ᠴᠢᠩᠭᠠᠳᠬᠠᠵᠤ᠂ ᠰᠦᠯᠵᠢᠶ᠎ᠡ ᠪᠠᠷ ᠪᠠᠷᠠᠭ᠎ᠠ ᠲᠡᠭᠡᠭᠡᠪᠦᠷᠢᠯᠡᠬᠦ ᠳᠤ ᠱᠠᠩᠨᠠᠬᠤ ᠨᠥᠬᠦᠪᠥᠷᠢ ᠶᠢᠨ ᠪᠡᠯᠡ | ᠮᠥᠩᠭᠦ ᠶᠢ ᠴᠠᠭ ᠲᠤᠬᠠᠢ ᠳᠤᠨᠢ ᠥᠭᠬᠦ ᠶᠢ ᠦᠨᠡᠨᠬᠦ ᠪᠠᠲᠤᠯᠠᠬᠤ ᠬᠡᠷᠡᠭᠲᠡᠢ᠃ | ᠲᠠᠪᠤ᠂ ᠪᠠᠲᠤᠯᠠᠭ᠎ᠠ ᠶᠢᠨ ᠠᠷᠭ᠎ᠠ ᠬᠡᠮᠵᠢᠶ᠎ᠡ | ︵ᠨᠢᠭᠡ︶ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠨ᠎ᠠ᠃ ᠡᠯ᠎ᠡ ᠬᠤᠯᠪᠣᠭᠳᠠᠯ | ᠪᠦᠬᠦᠢ ᠰᠠᠯᠠᠭ᠎ᠠ ᠮᠥᠴᠢᠷ ᠤᠳ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠬᠥᠭᠵᠢᠯᠲᠡ ᠶᠢᠨ ᠠᠵᠢᠯ ᠳᠤ | ᠢᠳᠡᠪᠬᠢᠲᠡᠢ ᠣᠷᠣᠯᠴᠠᠵᠤ᠂ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠷᠠᠭᠤᠯᠤᠨ᠂ ᠲᠤᠰ | ᠨᠢᠭᠡᠴᠡ ᠶᠢᠨ ᠢᠶᠠᠨ ᠠᠵᠢᠯ ᠤᠨ ᠡᠭᠦᠷᠭᠡ ᠬᠠᠷᠢᠭᠤᠴᠠᠯᠭ᠎ᠠ ᠪᠠ ᠬᠠᠷᠢᠭᠤᠴᠠᠯᠭ᠎ᠠ ᠶᠢᠨ ᠠᠵᠢᠯ ᠤᠨ ᠬᠤᠪᠢᠶᠠᠷᠢᠯᠠᠯ ᠢ | ᠰᠠᠶᠢᠲᠤᠷ ᠨᠠᠶᠢᠳᠠᠪᠤᠷᠢᠵᠢᠭᠤᠯᠬᠤ ᠶᠢᠨ ᠬᠠᠮᠲᠤ ᠠᠵᠢᠯ ᠤᠨ ᠬᠤᠯᠪᠣᠭᠠᠴᠢᠨ ᠨᠢᠭᠡ ᠶᠢ ᠲᠣᠭᠲᠠᠭᠠᠵᠤ᠂ ᠰᠦᠯᠵᠢᠶᠡᠨ ᠤ | ᠪᠠᠷᠠᠭᠠᠨ ᠤ ᠲᠡᠭᠡᠭᠡᠪᠦᠷᠢ ᠶᠢᠨ ᠬᠥᠭᠵᠢᠯᠲᠡ ᠶᠢ ᠨᠢᠭᠡᠳᠦᠯᠲᠡᠢ ᠲᠥᠯᠥᠪᠯᠡᠨ ᠠᠬᠢᠭᠤᠯᠬᠤ ᠬᠡᠷᠡᠭᠲᠡᠢ᠃ | ︵ᠬᠤᠶᠠᠷ︶ ᠠᠵᠢᠯ ᠤᠨ ᠬᠤᠯᠪᠤᠯᠴᠠᠭ᠎ᠠ ᠶᠢ ᠪᠣᠢ ᠪᠣᠯᠭᠠᠨ᠎ᠠ᠃ ᠡᠯ᠎ᠡ ᠬᠤᠯᠪᠣᠭᠳᠠᠯ ᠪᠦᠬᠦᠢ ᠰᠠᠯᠠᠭ᠎ᠠ ᠮᠥᠴᠢᠷ | ᠨᠢᠭᠡᠴᠡ ᠨᠦᠭᠦᠳ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠲᠤᠬᠠᠶᠢᠯᠠᠭᠰᠠᠨ ᠠᠵᠢᠯ ᠲᠥᠷᠥᠯ ᠤᠨ | ᠣᠨᠴᠠᠯᠢᠭ ᠲᠠᠢ ᠪᠠᠨ ᠤᠶᠠᠯᠳᠤᠭᠤᠯᠤᠨ ᠲᠤᠰ ᠲᠤᠰ ᠤᠨ ᠨᠠᠶᠢᠳᠠᠪᠤᠷᠢᠵᠢᠭᠤᠯᠬᠤ ᠠᠷᠭ᠎ᠠ ᠬᠡᠮᠵᠢᠶ᠎ᠡ ᠶᠢ ᠢᠵᠢ | ᠪᠦᠷᠢᠳᠦᠭᠦᠯᠦᠨ ᠨᠠᠷᠢᠯᠢᠬᠵᠢᠭᠤᠯᠵᠤ᠂ ᠰᠠᠯᠠᠭ᠎ᠠ ᠮᠥᠴᠢᠷ ᠤᠨ ᠬᠤᠭᠤᠷᠣᠨᠳᠣ ᠪᠠᠨ ᠬᠤᠯᠪᠣᠭᠠᠯᠠᠨ ᠬᠥᠳᠡᠯᠦᠯᠴᠡᠬᠦ᠂ | ᠴᠤᠭᠭᠠᠷ ᠠᠳᠬᠤᠨ ᠬᠠᠮᠲᠤ ᠪᠠᠷ ᠬᠠᠮᠢᠶᠠᠷᠬᠤ ᠠᠵᠢᠯ ᠤᠨ ᠨᠡᠶᠢᠯᠡᠮᠡᠯ ᠬᠦᠴᠦᠨ ᠢ ᠪᠣᠢ ᠪᠣᠯᠭᠠᠬᠤ ᠬᠡᠷᠡᠭᠲᠡᠢ᠃ | ︵ᠭᠤᠷᠪᠠ︶ ᠵᠤᠬᠢᠴᠠᠭᠤᠯᠤᠨ ᠲᠣᠬᠢᠷᠠᠭᠤᠯᠵᠤ ᠬᠢᠨᠠᠨ ᠵᠢᠯᠣᠭᠤᠳᠬᠤ ᠶᠢ ᠴᠢᠩᠭᠠᠳᠬᠠᠨ᠎ᠠ᠃ ᠠᠵᠢᠯ ᠤᠨ | ᠲᠣᠬᠢᠷᠠᠭᠤᠯᠬᠤ ᠲᠣᠭᠲᠠᠴᠠ ᠶᠢ ᠪᠦᠷᠢᠨᠰᠢᠭᠦᠯᠵᠦ᠂ ᠲᠣᠭᠲᠠᠮᠠᠯ ᠬᠤᠭᠤᠴᠠᠭ᠎ᠠ ᠲᠠᠢ ᠪᠠᠷ ᠵᠤᠬᠢᠴᠠᠭᠤᠯᠤᠨ | ᠲᠣᠬᠢᠷᠠᠭᠤᠯᠬᠤ ᠬᠤᠷᠠᠯ ᠬᠤᠷᠠᠯᠳᠤᠭᠤᠯᠵᠤ᠂ ᠬᠠᠮᠢᠶ᠎ᠠ ᠪᠦᠬᠦᠢ ᠰᠠᠯᠠᠭ᠎ᠠ ᠮᠥᠴᠢᠷ ᠤᠨ ᠠᠵᠢᠯ ᠥᠷᠨᠢᠭᠦᠯᠦᠭᠰᠡᠨ | ᠪᠠᠶᠢᠳᠠᠯ ᠢ ᠬᠢᠨᠠᠨ ᠵᠢᠯᠣᠭᠤᠳᠴᠤ᠂ ᠠᠵᠢᠯ ᠢ ᠠᠬᠢᠭᠤᠯᠬᠤ ᠳᠤᠮᠳᠠ ᠲᠤᠯᠭᠠᠷᠠᠭᠰᠠᠨ ᠬᠦᠴᠢᠷᠳᠡᠯ ᠪᠠ ᠠᠰᠠᠭᠤᠳᠠᠯ ᠢ | ᠵᠣᠬᠢᠴᠠᠭᠤᠯᠤᠨ ᠰᠢᠢᠳᠪᠦᠷᠢᠯᠡᠨ᠎ᠡ᠃ | ︵ᠳᠥᠷᠪᠡ︶ ᠤᠬᠠᠭᠤᠯᠵᠤ ᠬᠥᠲᠥᠯᠥᠨ ᠵᠢᠯᠣᠭᠤᠳᠬᠤ ᠶᠢ ᠴᠢᠩᠭᠠᠳᠬᠠᠨ᠎ᠠ᠃ ᠡᠯ᠎ᠡ ᠬᠤᠯᠪᠣᠭᠳᠠᠯ ᠪᠦᠬᠦᠢ | ᠰᠠᠯᠠᠭ᠎ᠠ ᠮᠥᠴᠢᠷ ᠤᠳ ᠰᠦᠯᠵᠢᠶᠡᠨ ᠤ ᠪᠠᠷᠠᠭᠠᠨ ᠤ ᠲᠡᠭᠡᠭᠡᠪᠦᠷᠢ ᠶᠢᠨ ᠲᠠᠪᠴᠠᠩ ᠤᠨ ᠬᠥᠭᠵᠢᠯᠲᠡ ᠶᠢᠨ | ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠶᠢ ᠣᠯᠠᠨ ᠵᠦᠢᠯ ᠤᠨ ᠠᠷᠭ᠎ᠠ ᠵᠠᠮ ᠢᠶᠠᠷ ᠥᠷᠭᠡᠨ ᠢᠶᠠᠷ ᠤᠬᠠᠭᠤᠯᠵᠤ᠂ | ᠰᠠᠶᠢᠨ ᠰᠠᠶᠢᠬᠠᠨ ᠶᠠᠷᠢᠶ᠎ᠠ ᠬᠡᠯᠡᠯᠴᠡᠭᠡᠨ ᠤ ᠠᠬᠤᠢ ᠪᠠᠶᠢᠳᠠᠯ ᠢ ᠪᠣᠢ ᠪᠣᠯᠭᠠᠨ᠂ ᠠᠵᠤ ᠠᠬᠤᠶᠢᠯᠠᠯ ᠤᠨ ᠰᠦᠯᠵᠢᠶᠡᠨ ᠤ | ᠪᠠᠷᠠᠭᠠᠨ ᠤ ᠲᠡᠭᠡᠭᠡᠪᠦᠷᠢ ᠶᠢᠨ ᠲᠠᠪᠴᠠᠩ ᠳᠤ ᠣᠷᠣᠬᠤ ᠶᠢ ᠵᠣᠷᠢᠭᠵᠢᠭᠤᠯᠵᠤ᠂ ᠰᠦᠯᠵᠢᠶᠡᠨ ᠤ ᠪᠠᠷᠠᠭᠠᠨ ᠤ | ᠲᠡᠭᠡᠭᠡᠪᠦᠷᠢ ᠶᠢᠨ ᠬᠡᠪᠴᠢᠶ᠎ᠡ ᠶᠢ ᠳᠡᠭᠡᠭᠰᠢᠯᠡᠭᠦᠯᠦᠨ᠂ ᠨᠡᠷᠡᠲᠦ ᠲᠦᠷᠦᠯ ᠲᠡᠮᠳᠡᠭ ᠡᠭᠦᠳᠬᠦ ᠶᠢ ᠪᠡᠶᠡᠯᠡᠭᠦᠯᠦᠨ᠎ᠡ᠃ | ᠵᠢᠷᠭᠤᠭ᠎ᠠ᠂ ᠪᠤᠰᠤᠳ ᠵᠦᠢᠯ | 1᠂ ᠤᠯᠤᠰ᠂ ᠥᠪᠡᠷᠲᠡᠭᠡᠨ ᠵᠠᠰᠠᠬᠤ ᠣᠷᠣᠨ᠂ ᠪᠤᠭᠤᠲᠤ ᠬᠤᠲᠠ᠂ ᠵᠢᠥ ᠶᠤᠸᠠᠨ ᠲᠣᠭᠤᠷᠢᠭ ᠤᠨ | ᠨᠡᠶᠢᠲᠡᠯᠡᠭᠰᠡᠨ ᠪᠤᠰᠤᠳ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠲᠤᠳᠤᠷ᠎ᠠ ᠱᠠᠩᠨᠠᠯ ᠲᠠᠢ ᠬᠤᠯᠪᠤᠭᠳᠠᠬᠤ ᠵᠥᠢᠯ | ᠨᠢ ᠲᠤᠰ ᠲᠥᠰᠦᠯ ᠳᠠᠬᠢ ᠲᠥᠷᠥ ᠶᠢᠨ ᠪᠣᠳᠣᠯᠭ᠎ᠠ ᠲᠠᠢ ᠠᠳᠠᠯᠢ ᠴᠢᠨᠠᠷᠲᠠᠢ ᠠᠳᠠᠯᠢ ᠲᠥᠷᠥᠯ ᠳᠤ ᠬᠠᠷᠢᠶᠠᠯᠠᠭᠳᠠᠪᠠᠯ | ᠂ ᠳᠠᠪᠬᠤᠷᠳᠠᠭᠤᠯᠤᠨ ᠱᠠᠩᠨᠠᠬᠤ ᠦᠭᠡᠢ᠂ ᠲᠤᠰ ᠲᠥᠰᠦᠯ ᠤᠨ ᠶᠣᠰᠣᠭᠠᠷ ᠬᠡᠷᠡᠭᠵᠢᠭᠦᠯᠦᠨ᠎ᠡ᠃ ︽ᠨᠢᠭᠡ ᠬᠡᠷᠡᠭ ᠢ | ᠨᠢᠭᠡ ᠵᠥᠪᠯᠡᠬᠦ︾ ᠠᠵᠤ ᠠᠬᠤᠶᠢᠯᠠᠯ ︵ᠲᠥᠷᠥᠯ ᠵᠦᠢᠯ︶ ᠨᠢ ᠬᠠᠮᠲᠤᠷᠠᠯᠴᠠᠭᠠᠨ ᠤ ᠬᠡᠯᠡᠯᠴᠡᠭᠡᠷ ᠲᠤ ᠪᠣᠯᠵᠣᠨ | ᠲᠣᠭᠲᠠᠭᠰᠠᠨ ᠵᠦᠢᠯ ᠵᠤᠷᠪᠤᠰ ᠶᠣᠰᠣᠭᠠᠷ ᠬᠡᠷᠡᠭᠵᠢᠭᠦᠯᠦᠨ᠎ᠡ᠃ | 2 ᠲᠤᠰ ᠲᠥᠰᠦᠯ ᠢ ᠳᠠᠷᠤᠮᠠᠯᠯᠠᠨ ᠲᠠᠷᠬᠠᠭᠠᠭᠰᠠᠨ ᠡᠳᠦᠷ ᠠᠴᠠ ᠡᠬᠢᠯᠡᠨ ᠬᠡᠷᠡᠭᠵᠢᠭᠦᠯᠵᠦ᠂ ᠬᠦᠴᠦᠨ ᠲᠠᠢ | ᠬᠤᠭᠤᠴᠠᠭ᠎ᠠ ᠨᠢ 2025 ᠣᠨ ᠤ 12 ᠰᠠᠷ᠎ᠠ ᠶᠢᠨ 31 ᠤ ᠡᠳᠦᠷ ᠬᠦᠷᠦᠨ᠎ᠡ᠃ ᠬᠡᠷᠡᠭᠵᠢᠭᠦᠯᠬᠦ ᠶᠠᠪᠤᠴᠠ ᠳᠤ | ᠬᠡᠷᠪᠡ ᠬᠠᠤᠯᠢ ᠴᠠᠭᠠᠵᠠ ᠬᠠᠤᠯᠢ ᠲᠣᠭᠲᠠᠭᠠᠯ ᠪᠠ ᠳᠡᠭᠡᠳᠦ ᠱᠠᠲᠤᠨ ᠤ ᠲᠥᠷᠥ ᠶᠢᠨ ᠪᠣᠳᠣᠯᠭ᠎ᠠ ᠳᠤ | ᠲᠣᠬᠢᠷᠠᠭᠤᠯᠤᠯᠲᠠ ᠬᠢᠬᠦ ᠶᠠᠪᠤᠳᠠᠯ ᠲᠣᠬᠢᠶᠠᠯᠳᠤᠪᠠᠯ᠂ ᠬᠠᠤᠯᠢ ᠴᠠᠭᠠᠵᠠ ᠬᠠᠤᠯᠢ ᠲᠣᠭᠲᠠᠭᠠᠯ ᠪᠠ ᠳᠡᠭᠡᠳᠦ ᠱᠠᠲᠤᠨ ᠤ | ᠲᠥᠷᠥ ᠶᠢᠨ ᠪᠣᠳᠣᠯᠭ᠎ᠠ ᠪᠠᠷ ᠪᠠᠷᠢᠮᠵᠢᠶ᠎ᠠ ᠪᠣᠯᠭᠠᠨ᠎ᠠ᠃ | | | ᠵᠢᠥ ᠶᠤᠸᠠᠨ ᠲᠤᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ | 2024ᠣᠨ ᠤ 1 ᠰᠠᠷ᠎ᠠ ᠶᠢᠨ10 ᠤ ᠡᠳᠦᠷ | | |