ᠨᠢᠭᠡ ᠮᠣᠷᠢ ᠤᠷᠢᠳᠴᠢᠯᠠᠵᠤ᠂ ᠵᠢᠤ ᠶᠤᠸᠠᠨ ᠢ ᠳᠠᠭᠠᠭᠤᠯᠤᠨ ᠭᠦᠶᠦᠵᠦ᠂ ᠵᠢᠤ ᠶᠤᠸᠠᠨ ᠲᠣᠭᠤᠷᠢᠭ ᠪᠤᠭᠤᠲᠤ ᠶᠢᠨ ᠬᠠᠭᠠᠰ ᠵᠠᠶᠢᠲᠤ ᠮᠠᠷᠠᠰᠤᠨ ᠤᠷᠤᠯᠳᠤᠭᠠᠨ ᠢ ᠳᠡᠮᠵᠢᠨ᠎ᠡ
ᠨᠡᠶᠢᠲᠡᠯᠡᠭᠰᠡᠨ ᠴᠠᠭ᠄
2023/9/5
   ᠨᠠᠮᠤᠷ ᠤᠨ ᠰᠠᠯᠬᠢ ᠰᠡᠷᠴᠢᠭᠢᠨᠡᠵᠦ᠂ ᠡᠨᠡ ᠤᠳᠠᠭ᠎ᠠ ᠶᠢᠨ 2023 ᠣᠨ ᠤ ᠪᠤᠭᠤᠲᠤ ᠶᠢᠨ ᠬᠠᠭᠠᠰ ᠵᠠᠶᠢᠲᠤ ᠮᠠᠷᠠᠰᠤᠨ ᠤᠷᠤᠯᠳᠤᠭᠠᠨ ᠤ ᠲᠠᠮᠢᠷᠴᠢᠳ ᠲᠤ ᠬᠦᠴᠦ ᠨᠡᠮᠡᠷᠢᠯᠡᠬᠦ ᠶᠢᠨ ᠲᠥᠯᠥᠭᠡ᠂ ᠵᠢᠤ ᠶᠤᠸᠠᠨ ᠲᠣᠭᠤᠷᠢᠭ ᠤᠨ ᠰᠣᠶᠣᠯ ᠪᠡᠶ᠎ᠡ ᠶᠢᠨ ᠲᠠᠮᠢᠷ ᠵᠤᠭᠠᠴᠠᠯ ᠷᠠᠳᠢᠣ᠋ ᠲᠧᠯᠸᠢᠰ ᠤᠨ ᠲᠣᠪᠴᠢᠶ᠎ᠠ  ᠶᠢᠨ ᠬᠢᠨ ᠰᠠᠶᠢᠬᠠᠨ ᠲᠠᠯ᠎ᠠ ᠳᠤ ᠳᠠᠭᠤᠤ ᠬᠥᠭᠵᠢᠮ ᠤᠨ ᠲᠤᠰᠤ ᠨᠡᠮᠡᠬᠦ ᠦᠷᠲᠡᠭᠡ ᠲᠤᠬᠢᠷᠠᠭᠤᠯᠵᠤ᠂ ᠮᠠᠷᠠᠰᠤᠨ ᠤᠷᠤᠯᠳᠤᠭᠠᠨ ᠤ ᠠᠭᠤᠷ ᠠᠮᠢᠰᠬᠤᠯ ᠢ ᠢᠳᠡᠪᠬᠢᠲᠡᠢ ᠪᠤᠢ ᠪᠣᠯᠭᠠᠵᠤ᠂ ᠮᠠᠷᠠᠰᠤᠨ ᠤᠷᠤᠯᠳᠤᠭᠠᠨ ᠤ ᠶᠠᠪᠤᠳᠠᠯ ᠳᠤ ᠡᠯ᠎ᠡ ᠵᠦᠢᠯ ᠤᠨ ᠠᠷᠤ ᠲᠠᠯ᠎ᠠ ᠶᠢᠨ ᠦᠢᠯᠡᠴᠢᠯᠡᠭᠡᠨ ᠤ ᠪᠠᠲᠤᠯᠠᠭ᠎ᠠ ᠶᠢ ᠰᠠᠶᠢᠲᠤᠷ ᠬᠢᠵᠦ ᠥᠭᠴᠡᠢ᠃    ᠠᠮᠢᠵᠢᠷᠠᠯ ᠤᠨ ᠬᠦᠴᠦᠨ ᠢᠶᠠᠷ ᠪᠢᠯᠬᠠᠮ᠎ᠠ ᠵᠢᠤ ᠶᠤᠸᠠᠨ ᠲᠣᠭᠤᠷᠢᠭ᠂ ᠣᠷᠭᠢᠯᠤᠮ᠎ᠠ ᠬᠠᠯᠠᠭᠤᠨ ᠰᠡᠳᠬᠢᠯᠭᠡ ᠶᠢ ᠬᠥᠭᠵᠢᠭᠡᠬᠦ ᠪᠤᠮ᠎ᠠ᠂ ᠳᠠᠭᠤᠤ ᠬᠥᠭᠵᠢᠮ ᠤᠨ ᠲᠤᠰᠤ ᠨᠡᠮᠡᠬᠦ ᠦᠷᠳᠡᠭᠡ ᠶᠢᠨ ᠳᠠᠭᠤᠤ ᠪᠠ ᠲᠤᠬᠠᠢ ᠶᠢᠨ ᠲᠠᠯᠠᠪᠠᠢ ᠶᠢᠨ ᠦᠵᠡᠭᠴᠢᠳ ᠤᠨ ᠬᠠᠰᠬᠢᠷᠤᠯ ᠨᠢᠭᠡᠪᠦᠷᠢ ᠨᠢ ᠴᠥᠮ ᠮᠣᠷᠢ ᠳᠠᠪᠬᠢᠭᠴᠢᠳ ᠤᠨ ᠡᠷᠡᠯᠬᠡᠭᠯᠡᠨ ᠤᠷᠤᠭᠰᠢᠯᠠᠬᠤ ᠳᠤ ᠬᠦᠴᠦ ᠨᠡᠮᠡᠷᠢᠯᠡᠵᠦ᠂ ᠵᠢᠤ ᠶᠤᠸᠠᠨ ᠲᠣᠭᠤᠷᠢᠭ ᠤᠨ ᠢᠳᠡᠪᠬᠢᠲᠡᠢ ᠥᠭᠡᠳᠡᠯᠡᠨ ᠲᠠᠪᠰᠢᠬᠤ ᠡᠷᠡᠭᠦᠯ ᠰᠠᠷᠠᠭᠤᠯ ᠠᠮᠢᠳᠤᠷᠠᠯ ᠤᠨ ᠠᠷᠭ᠎ᠠ ᠬᠡᠯᠪᠡᠷᠢ ᠶᠢ ᠳᠡᠯᠭᠡᠨ ᠦᠵᠡᠭᠦᠯᠵᠦ ᠪᠠᠶᠢᠨ᠎ᠠ᠃
   ᠮᠠᠷᠠᠰᠤᠨ ᠤᠷᠤᠯᠳᠤᠭᠠᠨ ᠳᠤ ᠬᠦᠴᠦᠨ ᠨᠡᠮᠡᠷᠢᠯᠡᠬᠦ ᠪᠠᠷ ᠳᠠᠮᠵᠢᠭᠤᠯᠤᠨ᠂ ᠵᠢᠤ ᠶᠤᠸᠠᠨ ᠲᠣᠭᠤᠷᠢᠭ ᠤᠨ ᠡᠷᠡᠭᠦᠯ ᠴᠢᠭᠢᠷᠠᠭ᠂ ᠥᠭᠡᠳᠡᠷᠬᠡᠭ᠂ ᠪᠠᠶᠠᠷ ᠬᠥᠷ ᠲᠠᠢ ᠬᠥᠳᠡᠯᠭᠡᠭᠡᠨ ᠪᠠ ᠠᠮᠢᠳᠤᠷᠠᠯ ᠤᠨ ᠣᠶᠢᠯᠠᠭᠠᠭᠳᠠᠬᠤᠨ ᠢ ᠬᠥᠮᠦᠨ ᠨᠢᠭᠡᠪᠦᠷᠢ ᠳᠤ ᠤᠯᠠᠮᠵᠢᠯᠠᠵᠤ᠂ ᠨᠠᠩ ᠣᠯᠠᠨ ᠲᠠᠮᠢᠷ ᠤᠨ ᠬᠥᠳᠡᠯᠭᠡᠭᠡᠨ ᠳᠤ ᠳᠤᠷᠠᠲᠠᠶ᠂ ᠠᠮᠢᠳᠤᠷᠠᠯ ᠳᠤ ᠬᠠᠶᠢᠷᠠᠲᠠᠶ ᠬᠥᠮᠦᠰ ᠲᠤ ︽ᠪᠤᠭᠤᠲᠤ ᠶᠢᠨ ᠬᠠᠭᠠᠰ ᠵᠠᠶᠢᠲᠤ ᠮᠠᠷᠠᠰᠤᠨ ᠤᠷᠤᠯᠳᠤᠭᠠᠨ ᠳᠤ ᠭᠦᠶᠦᠵᠦ᠂ ᠨᠠᠩ ᠡᠷᠡᠭᠦᠯ ᠴᠢᠭᠢᠷᠠᠭ︾ ᠪᠠᠶᠢᠬᠤ ᠰᠠᠶᠢᠨ ᠰᠠᠶᠢᠬᠠᠨ ᠢᠲᠡᠭᠡᠯ ᠵᠣᠷᠢᠭ ᠢ ᠪᠠᠲᠤᠳᠬᠠᠬᠤ ᠬᠡᠷᠡᠭᠲᠡᠶ᠃
   ᠵᠢᠤ ᠶᠤᠸᠠᠨ ᠲᠣᠭᠤᠷᠢᠭ ᠤᠨ ᠰᠣᠶᠣᠯ ᠪᠡᠶ᠎ᠡ ᠶᠢᠨ ᠲᠠᠮᠢᠷ ᠵᠤᠭᠠᠴᠠᠯ ᠷᠠᠳᠢᠣ᠋ ᠲᠧᠯᠸᠢᠰ ᠤᠨ ᠲᠣᠪᠴᠢᠶ᠎ᠠ ᠶᠢᠨ ᠪᠡᠶ᠎ᠡ ᠶᠢᠨ ᠲᠠᠮᠢᠷ ᠤᠨ ᠠᠵᠢᠯ ᠨᠢ ᠪᠦᠬᠦ ᠠᠷᠠᠳ ᠤᠨ ᠡᠷᠡᠭᠦᠯ ᠰᠠᠷᠠᠭᠤᠯ ᠠᠮᠢᠳᠤᠷᠠᠯ ᠤᠨ ᠠᠷᠭ᠎ᠠ ᠬᠡᠯᠪᠡᠷᠢ ᠶᠢ ᠦᠢᠯᠡᠳᠦᠯᠭᠡᠵᠢᠭᠦᠯᠵᠦ᠂ ᠪᠦᠬᠦ ᠠᠷᠠᠳ ᠤᠨ ᠪᠡᠶ᠎ᠡ ᠶᠢᠨ ᠲᠠᠮᠢᠷ ᠤᠨ ᠠᠮᠢᠵᠢᠷᠠᠯ ᠤᠨ ᠬᠦᠴᠦᠨ ᠢ ᠰᠡᠷᠭᠦᠭᠡᠵᠦ᠂ ᠪᠤᠭᠤᠲᠤ ᠶᠢᠨ ᠬᠠᠭᠠᠰ ᠵᠠᠶᠢᠲᠤ ᠮᠠᠷᠠᠰᠤᠨ ᠤᠷᠤᠯᠳᠤᠭᠠᠨ ᠤ ᠬᠤᠳᠠ ᠶᠢᠨ ᠣᠷᠭᠢᠯᠤᠮ᠎ᠠ ᠰᠡᠳᠬᠢᠯᠭᠡ ᠶᠢ ᠬᠥᠭᠵᠢᠭᠡᠬᠦ ᠪᠠᠷ ᠴᠢᠷᠮᠠᠶᠢᠭᠰᠠᠭᠠᠷ ᠢᠷᠡᠵᠠᠢ᠃ ᠬᠤᠶᠢᠰᠢᠳᠠ ᠪᠢᠳᠡ ᠢᠮᠠᠭᠲᠠ ᠡᠷᠡᠭᠦᠯ ᠡᠩᠬᠡ ᠬᠤᠳᠠ ᠲᠠᠢ ᠬᠠᠮᠲᠤ ᠤᠷᠤᠭᠰᠢᠯᠠᠵᠤ᠂ ᠪᠡᠶ᠎ᠡ ᠶᠢᠨ ᠲᠠᠮᠢᠷ ᠤᠨ ᠰᠠᠶᠢᠨ ᠰᠠᠶᠢᠬᠠᠨ ᠴᠠᠭ ᠦᠶ᠎ᠡ ᠶᠢ ᠤᠳᠤ ᠦᠶ᠎ᠡ ᠶᠢᠨ ᠪᠡᠶ᠎ᠡ ᠶᠢᠨ ᠲᠠᠮᠢᠷ ᠤᠨ ᠵᠣᠷᠢᠭ ᠰᠠᠨᠠᠭ᠎ᠠ ᠲᠠᠢ ᠪᠦᠷᠢᠨ ᠲᠡᠭᠦᠯᠳᠡᠷ ᠠᠭᠤᠰᠤᠯᠴᠠᠭᠤᠯᠵᠤ᠂ ᠢᠳᠡᠪᠬᠢᠲᠡᠢ ᠡᠷᠡᠭᠦᠯ ᠪᠡᠶ᠎ᠡ ᠶᠢᠨ ᠲᠠᠮᠢᠷ ᠤᠨ ᠬᠥᠳᠡᠯᠭᠡᠭᠡᠨ ᠤ ᠬᠡᠯᠪᠡᠷᠢ ᠪᠠᠷ ᠪᠤᠭᠤᠲᠤ ᠶᠢᠨ ᠮᠣᠷᠢ ᠲᠠᠢ ᠰᠠᠶᠢᠨ ᠰᠠᠶᠢᠬᠠᠨ ᠢᠷᠡᠭᠡᠳᠦᠢ ᠶᠢ ᠬᠠᠮᠲᠤᠪᠠᠷ ᠪᠡᠶᠡᠯᠡᠭᠦᠯᠦᠨ᠎ᠡ    
 
ᠢᠷᠡᠯᠲᠡ᠄ ᠵᠢᠦ ᠶᠤᠸᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号