ᠬᠦᠰᠡᠯ ᠨᠠᠶᠢᠳᠠᠯᠭ᠎ᠠ ᠶᠢ ᠪᠠᠲᠤ ᠴᠡᠭᠡᠵᠢᠯᠡᠵᠦ  ᠠᠴᠢ ᠬᠠᠷᠢᠭᠤᠯᠠᠵᠤ ᠡᠷᠡᠯᠬᠡᠭᠯᠡᠨ ᠤᠷᠤᠭᠰᠢᠯᠠᠵᠤ ᠣᠳᠣᠬᠢᠴᠢᠯᠠᠯᠲᠠ ᠶᠢᠨ ᠲᠥᠪ ᠬᠤᠳᠠ ᠶᠢᠨ ᠲᠣᠭᠤᠷᠢᠭ ᠤᠨ ᠰᠢᠨ᠎ᠡ ᠬᠠᠭᠤᠳᠠᠰᠤ ᠶᠢ ᠪᠢᠴᠢᠭᠯᠡᠰᠦᠭᠡᠢ —ᠵᠢᠤ ᠶᠤᠸᠠᠨ ᠲᠣᠭᠤᠷᠢᠭ ᠤᠨ ᠨᠠᠮ ᠤᠨ ᠬᠤᠷᠢᠶ᠎ᠠ ᠶᠢᠨ ᠱᠦᠵᠢ ᠯᠢᠦ ᠵᠢᠶᠦ᠋ᠨ ᠢ ᠶᠢ ᠰᠤᠷᠪᠤᠯᠵᠢᠯᠠᠭᠰᠠᠨ ᠨᠢ
ᠨᠡᠶᠢᠲᠡᠯᠡᠭᠰᠡᠨ ᠴᠠᠭ᠄
2023/7/19
ᠴᠠᠭ᠄ 2023 — 07 — 19 ᠵᠣᠴᠢᠨ᠄ ᠵᠢᠦ ᠶᠤᠸᠠᠨ ᠲᠣᠭᠤᠷᠢᠭ ᠤᠨ ᠨᠠᠮ ᠤᠨ ᠬᠤᠷᠢᠶᠠᠨ ᠤ ᠱᠦᠵᠢ ᠯᠢᠦ ᠵᠢᠶᠦ᠋ᠨ ᠢᠲᠣᠪᠴᠢ ᠮᠡᠳᠡᠭᠡᠯᠡᠯ᠄ ᠵᠢᠦ ᠶᠤᠸᠠᠨ ᠲᠣᠭᠤᠷᠢᠭ ᠤᠨ ᠨᠠᠮ ᠤᠨ ᠬᠤᠷᠢᠶᠠᠨ ᠤ ᠱᠦᠵᠢ ᠯᠢᠦ ᠵᠢᠶᠦ᠋ᠨ ᠢ ᠰᠤᠷᠪᠤᠯᠵᠢᠯᠠᠭᠴᠢ ᠶᠢᠨ ᠲᠤᠰᠬᠠᠶ ᠰᠤᠷᠪᠤᠯᠵᠢᠯᠠᠭ᠎ᠠ ᠶᠢ ᠬᠦᠯᠢᠶᠡᠬᠦ ᠳᠡᠭᠡᠨ᠂ ᠵᠢᠦ ᠶᠤᠸᠠᠨ ᠲᠣᠭᠤᠷᠢᠭ ᠤᠨ ᠬᠢᠨ ᠡᠭᠦᠷᠭᠡ ᠬᠠᠷᠢᠭᠤᠴᠠᠯᠭ᠎ᠠ ᠪᠠᠨ ᠡᠷᠡᠰ ᠡᠭᠦᠷᠭᠡᠯᠡᠵᠦ᠂ ᠰᠢ ᠶᠢᠨ ᠫᠢᠩ ᠶᠡᠷᠦᠩᠬᠡᠢ ᠱᠦᠵᠢ ᠶᠢᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠬᠤ᠂ ︽ᠵᠢᠱᠢᠶᠡᠴᠢ ᠥᠪᠡᠷᠲᠡᠭᠡᠨ ᠵᠠᠰᠠᠬᠤ ᠣᠷᠣᠨ︾ ᠢ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ᠂ ︽ᠪᠤᠭᠤᠲᠤ ᠪᠠᠨ ᠬᠠᠶᠢᠷᠠᠯᠠᠵᠤ᠂ ᠬᠤᠪᠢ ᠨᠡᠮᠡᠷᠢ ᠦᠵᠡᠭᠦᠯᠬᠦ︾ ᠳᠤᠮᠳᠠ ᠡᠮᠦᠨ᠎ᠡ ᠨᠢ ᠶᠠᠪᠤᠵᠤ᠂ ᠤᠷᠢᠳᠠᠪᠠᠷ ᠠᠵᠢᠯᠯᠠᠵᠤ᠂ ᠰᠡᠳᠬᠢᠴᠡ ᠪᠠᠨ ᠣᠨᠣᠪᠴᠢᠲᠠᠢ ᠣᠯᠵᠤ᠂ ᠠᠷᠭ᠎ᠠ ᠵᠠᠮ ᠢᠶᠠᠨ ᠣᠨᠣᠪᠴᠢᠲᠠᠢ ᠣᠯᠵᠤ᠂ ᠬᠠᠷᠠᠯᠲᠠ ᠡᠭᠦᠷᠭᠡ ᠪᠠᠨ ᠨᠠᠷᠢᠯᠢᠬᠵᠢᠭᠤᠯᠤᠨ ᠵᠠᠳᠠᠯᠵᠤ᠂ ᠠᠵᠢᠯᠯᠠᠭᠠᠨ ᠤ ᠲᠥᠰᠦᠯ ᠢᠶᠠᠨ ᠰᠦᠪᠡᠭᠴᠢᠯᠡᠵᠦ᠂ ᠶᠡᠷᠦᠩᠬᠡᠢ ᠱᠦᠵᠢ ᠶᠢᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠵᠢᠦ ᠶᠤᠸᠠᠨ ᠲᠣᠭᠤᠷᠢᠭ ᠲᠤ ᠨᠠᠶᠢᠳᠠᠪᠤᠷᠢᠵᠢᠭᠤᠯᠤᠨ ᠴᠡᠴᠡᠭᠯᠡᠭᠦᠯᠦᠨ ᠵᠢᠮᠢᠰᠯᠡᠭᠦᠯᠬᠦ ᠶᠢ ᠪᠠᠲᠤᠯᠠᠬᠤ ᠬᠡᠷᠡᠭᠲᠡᠢ ᠭᠡᠵᠦ ᠵᠢᠭᠠᠵᠤ ᠭᠠᠷᠭᠠᠪᠠ᠃    ︽ᠬᠤᠳᠠ ᠶᠢᠨ ᠨᠠᠮ ᠤᠨ ᠬᠤᠷᠢᠶ᠎ᠠ ᠶᠢᠨ ᠠᠷᠪᠠᠨ ᠭᠤᠷᠪᠠᠳᠤᠭᠠᠷ ᠬᠤᠭᠤᠴᠠᠭᠠᠨ ᠤ ᠵᠢᠷᠭᠤᠳᠤᠭᠠᠷ ᠪᠦᠬᠦᠳᠠ ᠬᠤᠷᠠᠯ ᠠᠴᠠ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠲᠤᠤᠱᠯᠠᠭᠤᠯᠵᠤ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠠᠷᠪᠠᠨ ᠨᠢᠭᠡᠳᠦᠭᠡᠷ ᠬᠤᠭᠤᠴᠠᠭᠠᠨ ᠤ ᠵᠢᠷᠭᠤᠳᠤᠭᠠᠷ ᠪᠦᠬᠦᠳᠠ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠶᠡᠷᠦᠩᠬᠡᠢ ᠱᠦᠵᠢ ᠰᠢ ᠶᠢᠨ ᠫᠢᠩ ᠤ ᠥᠪᠥᠷ ᠮᠣᠩᠭᠤᠯ ᠳᠤ ᠰᠢᠨᠵᠢᠯᠡᠨ ᠪᠠᠶᠢᠴᠠᠭᠠᠬᠤ ᠦᠶ᠎ᠡ ᠶᠢᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠰᠤᠷᠤᠯᠴᠠᠨ ᠲᠤᠤᠱᠯᠠᠭᠤᠯᠬᠤ ᠳᠤ ᠰᠢᠰᠲ᠋ᠧᠮ ᠲᠠᠢ ᠲᠤᠬᠢᠷᠠᠭᠤᠯᠤᠯᠲᠠ ᠪᠠᠶᠢᠷᠢᠯᠠᠭᠤᠯᠤᠯᠲᠠ ᠬᠢᠵᠦ᠂ ᠳᠠᠷᠠᠭᠠᠴᠢ ᠶᠢᠨ ᠠᠯᠬᠤᠮ ᠤᠨ ᠪᠦᠬᠦ ᠬᠤᠳᠠ ᠶᠢᠨ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠳᠤ ᠴᠢᠭᠯᠡᠯ ᠢ ᠲᠣᠳᠣᠷᠬᠠᠢ ᠵᠢᠭᠠᠵᠤ ᠥᠭᠴᠡᠢ︾᠃ ᠲᠦᠷᠦᠭᠦᠬᠡᠨ᠂ ᠵᠢᠤ ᠶᠤᠸᠠᠨ ᠲᠣᠭᠤᠷᠢᠭ ᠤᠨ ᠨᠠᠮ ᠤᠨ ᠬᠤᠷᠢᠶᠠᠨ ᠤ ᠱᠦᠵᠢ ᠯᠢᠦ ᠵᠢᠶᠦ᠋ᠨ ᠢ ᠰᠤᠷᠪᠤᠯᠵᠢᠯᠠᠭᠴᠢ ᠶᠢᠨ ᠲᠤᠰᠬᠠᠶ ᠰᠤᠷᠪᠤᠯᠵᠢᠯᠠᠭ᠎ᠠ ᠶᠢ ᠬᠦᠯᠢᠶᠡᠬᠦ ᠳᠡᠭᠡᠨ᠂ ᠵᠢᠤ ᠶᠤᠸᠠᠨ ᠲᠣᠭᠤᠷᠢᠭ ᠤᠨ ᠬᠢᠨ ᠡᠭᠦᠷᠭᠡ ᠬᠠᠷᠢᠭᠤᠴᠠᠯᠭ᠎ᠠ ᠪᠠᠨ ᠡᠷᠡᠰ ᠡᠭᠦᠷᠭᠡᠯᠡᠵᠦ᠂ ᠰᠢ ᠶᠢᠨ ᠫᠢᠩ ᠶᠡᠷᠦᠩᠬᠡᠢ ᠱᠦᠵᠢ ᠶᠢᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠬᠤ᠂ ︽ᠵᠢᠱᠢᠶᠡᠴᠢ ᠥᠪᠡᠷᠲᠡᠭᠡᠨ ᠵᠠᠰᠠᠬᠤ ᠣᠷᠣᠨ︾ ᠢ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ᠂ ︽ᠪᠤᠭᠤᠲᠤ ᠪᠠᠨ ᠬᠠᠶᠢᠷᠠᠯᠠᠵᠤ᠂ ᠬᠤᠪᠢ ᠨᠡᠮᠡᠷᠢ ᠦᠵᠡᠭᠦᠯᠬᠦ︾ ᠳᠤᠮᠳᠠ ᠡᠮᠦᠨ᠎ᠡ ᠨᠢ ᠶᠠᠪᠤᠵᠤ᠂ ᠤᠷᠢᠳᠠᠪᠠᠷ ᠠᠵᠢᠯᠯᠠᠵᠤ᠂ ᠰᠡᠳᠬᠢᠴᠡ ᠪᠠᠨ ᠣᠨᠣᠪᠴᠢᠲᠠᠢ ᠣᠯᠵᠤ᠂ ᠠᠷᠭ᠎ᠠ ᠵᠠᠮ ᠢᠶᠠᠨ ᠣᠨᠣᠪᠴᠢᠲᠠᠢ ᠣᠯᠵᠤ᠂ ᠬᠠᠷᠠᠯᠲᠠ ᠡᠭᠦᠷᠭᠡ ᠪᠠᠨ ᠨᠠᠷᠢᠯᠢᠬᠵᠢᠭᠤᠯᠤᠨ ᠵᠠᠳᠠᠯᠵᠤ᠂ ᠠᠵᠢᠯᠯᠠᠭᠠᠨ ᠤ ᠲᠥᠰᠦᠯ ᠢᠶᠠᠨ ᠰᠦᠪᠡᠭᠴᠢᠯᠡᠵᠦ᠂ ᠶᠡᠷᠦᠩᠬᠡᠢ ᠱᠦᠵᠢ ᠶᠢᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠵᠢᠤ ᠶᠤᠸᠠᠨ ᠲᠣᠭᠤᠷᠢᠭ ᠲᠤ ᠨᠠᠶᠢᠳᠠᠪᠤᠷᠢᠵᠢᠭᠤᠯᠤᠨ ᠴᠡᠴᠡᠭᠯᠡᠭᠦᠯᠦᠨ ᠵᠢᠮᠢᠰᠯᠡᠭᠦᠯᠬᠦ ᠶᠢ ᠪᠠᠲᠤᠯᠠᠬᠤ ᠬᠡᠷᠡᠭᠲᠡᠢ ᠭᠡᠵᠦ ᠵᠢᠭᠠᠵᠤ ᠭᠠᠷᠭᠠᠪᠠ᠃     ︽ᠬᠤᠳᠠ ᠶᠢᠨ ᠨᠠᠮ ᠤᠨ ᠬᠤᠷᠢᠶ᠎ᠠ ᠶᠢᠨ ᠳᠤᠷᠠᠳᠤᠭᠰᠠᠨ ︿ᠬᠤᠶᠠᠷ ᠨᠡᠶᠢᠰᠯᠡᠯ﹀ ᠤᠨ ᠪᠦᠳᠦᠬᠡᠨ ᠪᠠᠶᠢᠭᠤᠯᠤᠯᠲᠠ ᠨᠢ ᠶᠡᠷᠦᠩᠬᠡᠢ ᠱᠦᠵᠢ ᠶᠢᠨ ᠥᠪᠥᠷ ᠮᠣᠩᠭᠤᠯ ᠳᠤ ᠲᠣᠭᠲᠠᠭᠠᠭᠰᠠᠨ ᠪᠠᠶᠢᠯᠳᠤᠬᠤ ᠪᠤᠳᠤᠯᠭ᠎ᠠ ᠶᠢᠨ ᠪᠠᠶᠢᠷᠢ ᠲᠣᠭᠲᠠᠭᠠᠯᠲᠠ ᠲᠠᠢ ᠳᠡᠭᠡᠳᠦ ᠬᠡᠮᠵᠢᠶ᠎ᠡ ᠪᠠᠷ ᠨᠡᠶᠢᠴᠡᠵᠦ᠂ ᠵᠢᠤ ᠶᠤᠸᠠᠨ ᠲᠣᠭᠤᠷᠢᠭ ︿ᠬᠤᠶᠠᠷ ᠨᠡᠶᠢᠰᠯᠡᠯ﹀ ᠤᠨ ᠪᠦᠳᠦᠬᠡᠨ ᠪᠠᠶᠢᠭᠤᠯᠤᠯᠲᠠ ᠪᠠᠷ ᠬᠥᠲᠥᠯᠦᠮᠵᠢ ᠪᠣᠯᠭᠠᠵᠤ᠂ ᠲᠦᠷᠪᠡᠨ ᠶᠡᠭᠡ ᠠᠵᠤ ᠦᠢᠯᠡᠰ ᠤᠨ ᠰᠠᠭᠤᠷᠢᠨ ᠢ ᠪᠦᠬᠦ ᠬᠦᠴᠦᠨ ᠢᠶᠠᠷ ᠢᠶᠠᠨ ᠪᠠᠶᠢᠭᠤᠯᠤᠨ᠎ᠠ︾᠃ ᠯᠢᠦ ᠵᠢᠶᠦ᠋ᠨ ᠢ ᠢᠯᠡᠷᠬᠡᠶᠢᠯᠡᠬᠦ ᠳᠡᠭᠡᠨ᠂ ᠬᠤᠪᠣᠷ ᠰᠢᠷᠣᠶ ᠶᠢᠨ ᠠᠵᠤ ᠦᠢᠯᠡᠰ ᠤᠨ ᠲᠠᠯ᠎ᠠ ᠪᠠᠷ᠂ ᠫᠦᠷᠢᠲ᠂ ᠾᠧ ᠹᠠ ᠶᠢᠨ ᠬᠤᠪᠣᠷ ᠰᠢᠷᠣᠶ ᠵᠡᠷᠭᠡ  ᠳᠥᠰᠦᠯ ᠢ ᠥᠷᠭᠡᠳᠬᠡᠨ ᠪᠠᠶᠢᠭᠤᠯᠬᠤ ᠶᠢ ᠲᠦᠷᠭᠡᠳᠬᠡᠨ ᠠᠬᠢᠭᠤᠯᠵᠤ᠂ ᠲᠢᠶᠠᠨ ᠱᠧᠩ ᠤᠨ ᠬᠤᠪᠣᠷ ᠰᠢᠷᠣᠶ ᠶᠢᠨ ᠴᠠᠬᠢᠯᠭᠠᠨ ᠵᠠᠳᠠᠯᠤᠭᠳᠠᠬᠤᠨ᠂ ᠺᠧ ᠯᠢ ᠭᠤᠸᠠᠨ ᠵᠡᠷᠭᠡ ᠳᠥᠰᠦᠯ ᠢ ᠭᠡᠷ᠎ᠡ ᠲᠣᠭᠲᠠᠨ ᠨᠠᠶᠢᠳᠠᠪᠤᠷᠢᠵᠢᠭᠤᠯᠬᠤ ᠶᠢ ᠢᠳᠡᠪᠬᠢᠲᠡᠶ ᠪᠠᠷ ᠳᠥᠯᠭᠢᠨ ᠠᠬᠢᠭᠤᠯᠵᠤ᠂ ᠬᠤᠪᠣᠷ ᠰᠢᠷᠣᠶ ᠶᠢᠨ ᠲᠣᠭᠲᠠᠮᠠᠯ ᠰᠣᠷᠢᠨᠵᠢᠨ᠂ ᠤᠰᠤᠲᠥ᠋ᠷᠥᠭᠴᠢ ᠬᠠᠳᠠᠭᠠᠯᠠᠬᠤ᠂ ᠫᠠᠢ ᠶᠢᠨ ᠮᠠᠲ᠋ᠧᠷᠢᠶᠠᠯ᠂ ᠬᠤᠪᠣᠷ ᠰᠢᠷᠣᠶ ᠶᠢᠨ ᠲᠦᠷᠭᠡᠳᠬᠡᠯ ᠵᠡᠷᠭᠡ ᠳᠣᠤᠷᠠᠳᠤ ᠤᠷᠤᠰᠬᠠᠯ ᠤᠨ ᠠᠵᠤ ᠦᠢᠯᠡᠰ ᠢ ᠣᠷᠣᠭᠤᠯᠤᠨ ᠠᠪᠴᠢᠷᠠᠬᠤ ᠶᠢ ᠲᠦᠷᠭᠡᠳᠬᠡᠨ᠎ᠡ ᠭᠡᠵᠡᠶ᠃ ᠰᠢᠨ᠎ᠡ ᠡᠨᠧᠷᠭᠢ ᠶᠢᠨ ᠠᠵᠤ ᠦᠢᠯᠡᠰ ᠤᠨ ᠲᠠᠯ᠎ᠠ ᠪᠠᠷ᠂ ᠪᠦᠬᠦ ᠤᠯᠤᠰ ᠤᠨ ᠬᠤᠶᠠᠳᠤᠭᠠᠷ ᠬᠤᠭᠤᠴᠠᠭ᠎ᠠ᠂ ᠶᠦᠩ ᠡᡁᠧ ᠰᠢᠨ᠎ᠡ ᠡᠨᠧᠷᠭᠢ᠂ ᠰᠠᠨᠰᠠᠷ ᠤᠨ ᠠᠶᠠᠯᠠᠯ ᠤᠨ ᠯᠢᠲ᠋ᠢ ᠶᠢᠨ ᠴᠠᠬᠢᠯᠭᠠᠨ ᠵᠡᠷᠭᠡ ᠳᠥᠰᠦᠯ ᠤᠨ ᠪᠦᠳᠦᠭᠡᠨ ᠪᠠᠶᠢᠭᠤᠯᠤᠯᠲᠠ ᠶᠢ ᠲᠦᠷᠭᠡᠳᠬᠡᠨ ᠠᠬᠢᠭᠤᠯᠵᠤ᠂ ᠳᠤᠮᠳᠠᠳᠤ ᠴᠢᠩ ᠤᠯᠤᠰ ᠤᠨ ᠬᠤᠶᠠᠳᠤᠭᠠᠷ ᠬᠤᠭᠤᠴᠠᠭ᠎ᠠ᠂ ᠨᠡᠷᠡᠨ ᠤ ᠭᠡᠷᠡᠯ ᠰᠢᠨ᠎ᠡ ᠡᠨᠧᠷᠭᠢ᠂ ᠰᠢᠩᠭᠡᠨ ᠤᠷᠤᠰᠬᠠᠯ ᠤᠨ ᠡᠨᠧᠷᠭᠢ ᠬᠠᠳᠠᠭᠠᠯᠠᠬᠤ ᠰᠢᠨᠵᠢᠯᠡᠬᠦ ᠤᠬᠠᠭᠠᠨ ᠮᠡᠷᠭᠡᠵᠢᠯ ᠵᠡᠷᠭᠡ ᠳᠥᠰᠦᠯ ᠢ ᠨᠠᠶᠢᠳᠠᠪᠤᠷᠢᠵᠢᠭᠤᠯᠬᠤ ᠶᠢ ᠪᠦᠬᠦ ᠬᠦᠴᠦᠨ ᠢᠶᠠᠷ ᠢᠶᠠᠨ ᠠᠬᠢᠭᠤᠯᠤᠨ᠎ᠠ᠃ ᠳ᠋ᠢᠶᠠᠨ ᡂᠢ ᠶᠢᠨ ᠢᠯᠲᠠᠰᠤ᠂ ᠤᠭᠰᠠᠷᠠᠭ᠎ᠠ ᠲᠣᠨᠤᠭ᠂ ᠲᠠᠰᠤᠯᠤᠪᠴᠢ ᠪᠦᠷᠬᠦᠪᠴᠢ᠂ ᠰᠥᠷᠬᠦ ᠬᠤᠪᠢᠷᠠᠭᠠᠭᠤᠷ ᠵᠡᠷᠭᠡ ᠠᠵᠤ ᠠᠬᠤᠶᠢᠯᠠᠯ ᠢ ᠢᠳᠡᠪᠬᠢᠲᠡᠶ ᠪᠠᠷ ᠣᠷᠣᠭᠤᠯᠤᠨ ᠠᠪᠴᠢᠷᠠᠵᠤ᠂ ᠡᠯᠧᠺᠲᠷᠣᠨ ᠴᠠᠬᠢᠭᠤᠷ᠂ ᠣᠷᠭᠠᠨᠢᠭ ᠴᠠᠬᠢᠭᠤᠷ᠂ ᠬᠠᠭᠠᠰ ᠳᠠᠮᠵᠢᠭᠤᠯᠤᠭᠴᠢ ᠶᠢᠨ ᠲᠠᠯᠠᠰᠲᠤ ᠲᠣᠭᠤᠷᠢᠭ ᠪᠠ ᠴᠠᠬᠢᠮ ᠢᠯᠲᠠᠰᠤ ᠶᠢᠨ ᠠᠵᠤ ᠦᠢᠯᠡᠰ ᠢ ᠱᠠᠯᠠᠪᠳᠠᠨ ᠪᠠᠶᠢᠷᠢᠰᠢᠭᠤᠯᠵᠤ᠂ ᠥᠩᠭᠡ ᠦᠵᠡᠮᠵᠢ ᠤᠰᠤᠲᠥ᠋ᠷᠥᠭᠴᠢ ᠶᠢᠨ ᠨᠥᠭᠡᠴᠡ ᠶᠢ ᠣᠯᠠᠨ ᠡᠰᠢᠵᠢᠭᠦᠯᠦᠨ ᠬᠥᠭᠵᠢᠭᠦᠯᠦᠭᠰᠡᠨ ᠣᠲᠣ ᠦᠶ᠎ᠡ ᠶᠢᠨ ᠡᠨᠧᠷᠭᠢ ᠶᠢᠨ ᠠᠵᠤ ᠦᠢᠯᠡᠰ ᠤᠨ ᠰᠢᠰᠲ᠋ᠧᠮᠵᠢ ᠶᠢ ᠲᠦᠷᠭᠡᠳᠬᠡᠨ ᠪᠠᠶᠢᠭᠤᠯᠤᠨ᠎ᠠ᠃ ᠲᠤᠮᠤ ᠮᠤᠯᠤᠺᠦ᠋ᠯᠲᠤ ᠰᠢᠨ᠎ᠡ  ᠮᠠᠲ᠋ᠧᠷᠢᠶᠠᠯ ᠤᠨ ᠠᠵᠤ ᠦᠢᠯᠡᠰ ᠤᠨ ᠲᠠᠯ᠎ᠠ ᠪᠠᠷ᠂ ᠵᠠᠪᠰᠠᠷ ᠤᠨ ᠪᠠᠶᠢᠷᠢ ᠶᠢᠨ ᠹᠠᠯᠤᠨ᠂ ᠳᠤᠮᠳᠠ ᠴᠠᠪᠠᠤ ᠶᠢᠨ ᠾᠯᠣᠷᠲᠤ ᠪᠦᠲ᠋ᠢᠯ ᠰᠢᠶᠠᠩᠵᠢᠶᠤᠤ ᠵᠡᠷᠭᠡ  ᠳᠥᠰᠦᠯ ᠤᠨ ᠪᠦᠳᠦᠭᠡᠨ ᠪᠠᠶᠢᠭᠤᠯᠤᠯᠲᠠ ᠶᠢ ᠲᠦᠷᠭᠡᠳᠬᠡᠨ ᠠᠬᠢᠭᠤᠯᠵᠤ᠂ ᠳᠡᠭᠡᠳᠦ ᠲᠡᠰ ᠤᠨ ᠪᠥᠭᠡᠭᠡᠨᠡᠷᠡᠯ ᠠᠯᠺᠧᠨ᠂ ᠰᠢᠨ᠎ᠡ ᠬᠡᠯᠪᠡᠷᠢ ᠶᠢᠨ ᠵᠠᠳᠠᠷᠠᠵᠤ ᠪᠣᠯᠬᠤ ᠮᠠᠲ᠋ᠧᠷᠢᠶᠠᠯ᠂ ᠨᠡᠭᠦᠷᠡᠰᠦᠲᠥ᠋ᠷᠥᠭᠴᠢ ᠶᠢᠨ ᠰᠢᠷᠬᠡᠭ᠂ ᠬᠡᠳᠦ ᠥᠨᠳᠥᠷ ᠮᠣᠯᠧᠺᠦ᠋ᠯ ᠤᠨ ᠬᠡᠮᠵᠢᠶᠡᠨ ᠤ ᠪᠥᠭᠡᠭᠡᠨᠡᠷᠡᠯ ᠡᠲ᠋ᠧᠨ ᠤ ᠪᠦᠷᠬᠦᠭᠦᠯ ᠵᠡᠷᠭᠡ ᠳᠤᠮᠳᠠ ᠳᠤᠤᠷᠠᠳᠤ ᠤᠷᠤᠰᠬᠠᠯ ᠤᠨ ᠠᠵᠤ ᠦᠢᠯᠡᠰ ᠢ ᠶᠡᠬᠡᠪᠡᠷ ᠬᠥᠭᠵᠢᠭᠦᠯᠵᠦ᠂ ᠠᠵᠤ ᠦᠢᠯᠡᠰ ᠤᠨ ᠬᠡᠯᠬᠢᠶ᠎ᠡ ᠶᠢ ᠠᠯᠬᠤᠮ ᠠᠯᠬᠤᠮ ᠢᠶᠠᠷ ᠤᠷᠲᠤᠳᠬᠠᠨ᠎ᠠ᠃ ᠰᠢᠨ᠎ᠡ ᠬᠡᠯᠪᠡᠷᠢ ᠶᠢᠨ ᠣᠨᠴᠠ ᠲᠥᠷᠥᠯ ᠤᠨ ᠪᠣᠯᠣᠳ ᠤᠨ ᠠᠵᠤ ᠦᠢᠯᠡᠰ ᠤᠨ ᠲᠠᠯ᠎ᠠ ᠪᠠᠷ᠂ ᠬᠤᠯᠬᠤᠪᠴᠢ ᠶᠢᠨ ᠵᠢᠵᠢᠭ ᠪᠠᠯᠭᠠᠰᠤ ᠵᠡᠷᠭᠡ ᠳᠥᠰᠦᠯ ᠢ ᠪᠠᠶᠢᠭᠤᠯᠵᠤ᠂ ᠳᠡᠭᠡᠳᠦ ᠲᠠᠰ ᠤᠨ ᠵᠢᠪᠡᠷᠡᠬᠦ ᠥᠬᠡᠶ ᠪᠣᠯᠣᠳ ᠬᠠᠪᠲᠠᠰᠤ ᠵᠢᠴᠢ ᠳᠣᠤᠷᠠᠳᠤ ᠤᠷᠤᠰᠬᠠᠯ ᠤᠨ ᠦᠢᠯᠡᠳᠭᠦᠨ ᠤ ᠬᠡᠷᠡᠭᠯᠡᠯᠲᠡ ᠵᠡᠷᠭᠡ ᠠᠵᠤ ᠦᠢᠯᠡᠰ ᠤᠨ ᠲᠥᠪᠯᠡᠷᠡᠯ ᠢ ᠠᠬᠢᠭᠤᠯᠤᠨ᠎ᠠ᠃ ᠵᠢᠯ ᠤᠨ ᠡᠴᠦᠰ ᠲᠤ ᠬᠦᠷᠢᠶᠡᠯᠡᠩ ᠲᠣᠭᠤᠷᠢᠭ ᠤᠨ ᠦᠢᠯᠡᠳᠭᠦᠨ ᠤ ᠥᠷᠲᠡᠭ ᠢ 500 ᠳ᠋ᠦᠩᠰᠢᠭᠤᠷ ᠲᠥᠭᠦᠷᠢᠭ ᠠᠴᠠ ᠳᠡᠭᠡᠭᠰᠢ ᠳᠤ ᠬᠦᠷᠦᠭᠦᠯᠬᠦ ᠪᠠᠷ ᠴᠢᠷᠮᠠᠶᠢᠵᠤ᠂ 2025 ᠣᠨ ᠪᠣᠯᠬᠤ ᠳᠤ ᠬᠦᠷᠢᠶᠡᠯᠡᠩ ᠲᠣᠭᠤᠷᠢᠭ ᠢ ᠮᠢᠩᠭᠠᠨ ᠳ᠋ᠦᠩᠰᠢᠭᠤᠷ ᠲᠠᠰ ᠤᠨ ᠡᠩᠨᠡᠭᠡᠨ ᠳᠤ ᠣᠷᠣᠭᠤᠯᠤᠨ᠎ᠠ᠃     ᠯᠢᠦ ᠵᠢᠶᠦ᠋ᠨ ᠢ ᠶᠢᠨ ᠬᠡᠯᠡᠭᠰᠡᠨ ᠨᠢ᠂ ᠬᠤᠳᠠ ᠶᠢᠨ ᠨᠠᠮ ᠤᠨ ᠬᠤᠷᠢᠶ᠎ᠠ ᠶᠢᠨ ᠳᠤᠷᠠᠳᠤᠭᠰᠠᠨ ︽ᠬᠤᠶᠠᠷ ᠥᠨᠳᠦᠷᠯᠢᠭ︾ ᠢ ᠪᠠᠶᠢᠭᠤᠯᠬᠤ ᠪᠣᠯ ᠮᠠᠨ ᠤ ᠣᠳᠣᠬᠢᠴᠢᠯᠠᠭᠰᠠᠨ ᠭᠤᠣᠯ ᠬᠤᠳᠠ ᠶᠢᠨ ᠲᠣᠭᠤᠷᠢᠭ ᠢ ᠲᠦᠷᠭᠡᠨ ᠪᠦᠳᠦᠬᠡᠨ ᠪᠠᠶᠢᠭᠤᠯᠬᠤ ᠳᠤ ᠡᠷᠬᠡᠪᠰᠢ ᠴᠢᠩᠭ᠎ᠠ ᠠᠳᠬᠤᠬᠤ ᠭᠤᠣᠯ ᠰᠢᠪᠲᠤᠯᠤᠯᠲᠠ ᠶᠢᠨ ᠴᠢᠭᠯᠡᠯ ᠪᠣᠯᠤᠨ᠎ᠠ᠃ ᠰᠤᠷᠭᠠᠨ ᠬᠥᠮᠦᠵᠢᠯ ᠤᠨ ᠥᠨᠳᠥᠷ ᠭᠠᠵᠠᠷ᠂ ᠵᠢᠤ ᠶᠤᠸᠠᠨ ᠲᠣᠭᠤᠷᠢᠭ ᠢ ᠪᠥᠲᠥᠭᠡᠨ ᠪᠠᠶᠢᠭᠤᠯᠬᠤ ᠶᠢᠨ ᠲᠣᠭᠤᠷᠢᠨ ᠳᠤ ︽ᠵᠠᠮᠴᠢᠯᠠᠬᠤ ᠰᠤᠷᠭᠠᠭᠤᠯᠢ ᠶᠢᠨ ᠵᠠᠬᠢᠷᠤᠯ ᠤᠨ ᠠᠵᠢᠯᠯᠠᠬᠤ ᠲᠠᠰᠤᠭ︾ ᠢ ᠪᠠᠶᠢᠭᠤᠯᠵᠤ᠂ ᠥᠪᠡᠷᠲᠡᠭᠡᠨ ᠵᠠᠰᠠᠬᠤ ᠣᠷᠣᠨ ᠤ ᠲᠠᠯ᠎ᠠ ᠨᠤᠲᠤᠭ ᠤᠨ ᠭᠠᠷᠮᠠᠭᠠᠶ ᠴᠢᠳᠠᠪᠤᠷᠢᠲᠠᠨ ᠤ ᠢᠨᠵᠧᠨᠧᠷᠢᠩ ᠤᠨ ᠳᠥᠰᠦᠯ ᠤᠨ ᠡᠷᠳᠡᠮ ᠰᠢᠨᠵᠢᠯᠡᠭᠡᠨ ᠤ ᠲᠠᠪᠴᠠᠩ ᠢ ᠪᠠᠶᠢᠭᠤᠯᠤᠨ᠂ ᠬᠠᠮᠲᠤᠷᠠᠨ ᠰᠤᠷᠭᠠᠭᠤᠯᠢ ᠡᠷᠭᠢᠯᠡᠬᠦ ᠶᠢ ᠦᠷᠭᠦᠯᠵᠢᠯᠡᠨ ᠥᠷᠨᠢᠭᠦᠯᠵᠦ᠂ ᠨᠠᠷᠠᠲᠤ ᠰᠤᠷᠭᠠᠭᠤᠯᠢ ᠶᠢᠨ ᠵᠠᠬᠢᠷᠤᠯ᠂ ᠨᠠᠷᠠᠲᠤ ᠪᠠᠭᠰᠢ ᠶᠢ ᠣᠷᠣᠭᠤᠯᠤᠨ ᠠᠪᠴᠢᠷᠠᠬᠤ ᠢᠨᠵᠧᠨᠧᠷᠢᠩ ᠢ ᠬᠡᠷᠡᠭᠵᠢᠭᠦᠯᠦᠨ᠂ ᠰᠤᠷᠭᠠᠭᠤᠯᠢ ᠶᠢᠨ ᠵᠠᠬᠢᠷᠤᠯ᠂ ᠪᠠᠭᠰᠢ ᠶᠢᠨ ᠠᠵᠢᠯ ᠤᠨ ᠠᠮᠵᠢᠯᠲᠠ ᠪᠦᠲᠦᠮᠵᠢ ᠶᠢ ᠦᠨᠡᠯᠡᠬᠦ ᠰᠢᠰᠲ᠋ᠧᠮᠵᠢ ᠶᠢ ᠪᠦᠷᠢᠨᠰᠢᠬᠦᠯᠦᠨ ᠲᠡᠭᠦᠯᠳᠡᠷᠵᠢᠭᠦᠯᠵᠦ᠂ ᠪᠠᠭᠰᠢ ᠶᠢᠨ ᠠᠵᠢᠯ ᠤᠨ ᠪᠠᠶᠢᠷᠢ ᠶᠢ ᠡᠭᠡᠯᠵᠢᠯᠡᠨ ᠰᠣᠯᠢᠯᠴᠠᠬᠤ ᠲᠦᠷᠢᠮ ᠢ ᠲᠡᠭᠦᠯᠳᠡᠷᠵᠢᠭᠦᠯᠦᠨ᠂ ︽ᠰᠢᠯᠢᠳᠡᠭ ᠨᠡᠶᠢᠰᠯᠡᠯ ᠢ ᠬᠥᠮᠦᠵᠢᠭᠦᠯᠵᠣ᠂ ᠰᠤᠷᠤᠯᠴᠠᠬᠤ ᠳᠤ ᠲᠣᠬᠢᠷᠠᠮᠵᠢᠲᠠᠶ ᠵᠢᠤ ᠶᠤᠸᠠᠨ︾ ᠤ ᠨᠠᠷᠠᠲᠤ ᠲᠥᠷᠥᠯ ᠲᠡᠮᠳᠡᠭᠲᠦ ᠶᠢ ᠪᠣᠶ ᠪᠣᠯᠭᠠᠨ᠎ᠠ᠃ ︽ᠡᠮᠴᠢᠯᠡᠭᠡᠨ ᠤ ᠥᠨᠳᠥᠷ ᠭᠠᠵᠠᠷ︾ ᠢ ᠪᠥᠲᠥᠭᠡᠨ ᠪᠠᠶᠢᠭᠤᠯᠬᠤ ᠶᠢᠨ ᠲᠣᠭᠤᠷᠢᠨ ᠳᠤ᠂ ᠵᠢᠦ ᠶᠤᠸᠠᠨ ᠲᠣᠭᠤᠷᠢᠭ ᠤᠨ ᠡᠮᠴᠢᠯᠡᠭᠡᠨ ᠤ ᠪᠠᠶᠢᠭᠤᠯᠤᠯ ᠤᠨ ᠥᠭᠡᠷᠡᠴᠢᠯᠡᠯᠲᠡ ᠶᠢ ᠳᠥᠯᠭᠢᠨ ᠠᠬᠢᠭᠤᠯᠵᠤ᠂ ᠨᠢᠭᠲᠠ ᠬᠡᠯᠪᠡᠷᠢ ᠶᠢᠨ ᠡᠮᠴᠢᠯᠡᠭᠡᠨ ᠤ ᠬᠠᠮᠲᠤ ᠶᠢᠨ ᠴᠣᠭᠴᠠ ᠶᠢᠨ ᠪᠥᠲᠥᠭᠡᠨ ᠪᠠᠶᠢᠭᠤᠯᠤᠯᠲᠠ ᠶᠢ ᠴᠢᠩᠭᠠᠳᠬᠠᠨ᠂ ᠲᠣᠭᠤᠷᠢᠭ ᠤᠨ ᠬᠢᠲᠠᠳ ᠮᠣᠩᠭᠤᠯ ᠡᠮᠨᠡᠯᠭᠡ ᠶᠢᠨ ᠬᠤᠷᠢᠶ᠎ᠠ ᠶᠢᠨ ᠰᠢᠨ᠎ᠡ ᠡᠮᠨᠡᠯᠭᠡ ᠶᠢᠨ ᠬᠤᠷᠢᠶ᠎ᠠ ᠶᠢᠨ ᠲᠣᠭᠤᠷᠢᠭ ᠢ ᠡᠬᠢᠯᠡᠨ ᠠᠵᠢᠯᠯᠠᠭᠤᠯᠵᠤ᠂ ᠲᠣᠰᠬᠤᠨ ︵ᠨᠡᠶᠢᠭᠡᠮ ᠲᠣᠭᠤᠷᠢᠭ︶ ᠤ ᠡᠷᠡᠭᠦᠯ ᠬᠠᠮᠠᠭᠠᠯᠠᠯ ᠤᠨ ᠲᠠᠰᠤᠭ᠂ ᠲᠣᠰᠬᠤᠨ ︵ᠪᠠᠯᠭᠠᠰᠤ︶ ᠤᠨ ᠡᠷᠡᠭᠦᠯ ᠬᠠᠮᠠᠭᠠᠯᠠᠯ ᠤᠨ ᠬᠤᠷᠢᠶ᠎ᠠ ᠶᠢᠨ ᠪᠠᠷᠢᠮᠵᠢᠶᠠᠵᠢᠭᠤᠯᠬᠤ ᠪᠥᠲᠥᠭᠡᠨ ᠪᠠᠶᠢᠭᠤᠯᠤᠯᠲᠠ ᠶᠢ ᠯᠠᠪᠳᠠᠭᠤᠨ ᠪᠠᠲᠤᠲᠠᠶ ᠳᠥᠯᠭᠢᠨ ᠠᠬᠢᠭᠤᠯᠵᠤ᠂ ︽ᠪᠥᠬᠦ ᠤᠯᠤᠰ ᠤᠨ ᠦᠨᠳᠦᠰᠦᠨ ᠱᠠᠲᠤᠨ ᠤ ᠬᠢᠲᠠᠳ ᠡᠮ ᠡᠮᠨᠡᠯᠭᠡ ᠶᠢᠨ ᠠᠵᠢᠯ ᠤᠨ ᠵᠢᠱᠢᠶ᠎ᠡ ᠦᠵᠡᠭᠦᠯᠬᠦ ᠰᠢᠶᠠᠨ︾ ᠢ ᠢᠳᠡᠪᠬᠢᠲᠡᠶ ᠪᠠᠷ ᠭᠤᠶᠤᠴᠢᠯᠠᠨ ᠮᠡᠳᠡᠭᠦᠯᠵᠦ᠂ ︽ᠡᠷᠡᠭᠦᠯ ᠮᠡᠨᠳᠦ ᠪᠡᠶ᠎ᠡ ᠰᠣᠪᠢᠯᠠᠬᠤ ᠵᠢᠦ ᠶᠤᠸᠠᠨ︾ ᠤ ᠨᠠᠷᠠᠲᠤ ᠲᠡᠮᠳᠡᠭᠲᠦ ᠶᠢ ᠪᠣᠶ ᠪᠣᠯᠭᠠᠨ᠎ᠠ᠃ ᠯᠢᠦ ᠵᠢᠶᠦ᠋ᠨ ᠢ ᠵᠠᠯᠭᠠᠭᠠᠳ ᠬᠡᠯᠡᠭᠰᠡᠨ ᠨᠢ᠄ ︽2025 ᠣᠨ ᠪᠣᠯᠬᠤ ᠳᠤ᠂ ᠬᠤᠲᠠ ᠶᠢᠨ ᠲᠥᠪ ᠲᠣᠭᠤᠷᠢᠭ ᠲᠤ 8 ᠳᠤᠮᠳᠠᠳᠤ ᠪᠠᠭ᠎ᠠ ᠰᠤᠷᠭᠠᠭᠤᠯᠢ᠂ 8 ᠬᠡᠤᠬᠡᠳ ᠤᠨ ᠴᠡᠴᠡᠷᠯᠢᠭ᠂ 1 ᠭᠤᠷᠪᠠᠳᠤᠭᠠᠷ ᠵᠡᠷᠭᠡ ᠶᠢᠨ ᠬᠥᠬᠡ ᠵᠡᠷᠭᠡ ᠶᠢᠨ ᠡᠮᠨᠡᠯᠭᠡ ᠶᠢᠨ ᠬᠤᠷᠢᠶ᠎ᠠ ᠶᠢ ᠪᠠᠶᠢᠭᠤᠯᠤᠨ ᠳᠠᠭᠤᠰᠬᠠᠵᠤ᠂ ᠰᠤᠷᠭᠠᠨ ᠬᠥᠮᠦᠵᠢᠯ ᠪᠠ ᠡᠮᠴᠢᠯᠡᠭᠡᠨ ᠤ ᠴᠢᠨᠠᠷ ᠤᠨ ᠦᠰᠦᠷᠦᠯᠲᠡ ᠶᠢ ᠪᠡᠶᠡᠯᠡᠭᠦᠯᠦᠨ᠎ᠡ︾ ᠭᠡᠵᠡᠶ᠃    ︽︿ᠳᠤᠯᠤᠭᠠᠨ ᠵᠢᠱᠢᠶᠡᠴᠢ ᠪᠣᠯᠬᠤ﹀ ᠪᠣᠯ ᠮᠠᠨ ᠤ ᠰᠤᠷᠲᠠᠯ ᠤᠨ ᠰᠠᠶᠢᠨ ᠮᠠᠭᠤ ᠶᠢ ᠰᠢᠯᠭᠠᠬᠤ ︿ᠬᠡᠮᠵᠢᠭᠦᠷ﹀ ᠪᠣᠯᠤᠨ ︿ᠰᠠᠯᠬᠢᠨ ᠤ ᠵᠦᠭᠯᠡᠭᠦᠷ﹀ ᠪᠣᠯᠤᠨ᠎ᠠ᠂  ᠵᠢᠤ ᠶᠤᠸᠠᠨ ᠲᠣᠭᠤᠷᠢᠭ ᠤᠨ ᠬᠢᠨ ︿ᠣᠶᠢᠯᠠᠭᠠᠬᠤ ᠰᠡᠳᠬᠢᠬᠦᠢ﹀ ᠶᠢ ᠪᠠᠳᠠᠷᠠᠭᠤᠯᠵᠤ᠂ ᠯᠠᠪᠳᠠᠭᠤᠨ ᠪᠠᠲᠤᠲᠠᠢ ᠠᠵᠢᠯᠯᠠᠵᠤ᠂ ᠰᠢᠷᠭᠠᠭᠤ ᠬᠠᠲᠠᠭᠤᠵᠢᠯᠲᠠᠢ ᠠᠵᠢᠯᠯᠠᠵᠤ᠂ ᠲᠡᠷᠢᠭᠦᠨ ᠤ ᠬᠢ ᠶᠢ ᠲᠡᠮᠡᠴᠡᠨ ᠰᠢᠯᠢᠳᠡᠭ ᠢ ᠡᠭᠦᠳᠬᠦ ᠢᠲᠡᠭᠡᠯ ᠵᠣᠷᠢᠭ ᠢᠶᠠᠨ ᠪᠠᠲᠤᠳᠬᠠᠵᠤ᠂ ᠡᠯ᠎ᠡ ᠵᠦᠢᠯ ᠤᠨ ᠠᠵᠢᠯ ᠢ ᠴᠥᠮ ᠲᠡᠷᠢᠭᠦᠨ ᠤ ᠡᠩᠨᠡᠭᠡᠨ ᠳᠤ ᠣᠷᠣᠭᠤᠯᠬᠤ ᠪᠠᠷ ᠴᠢᠷᠮᠠᠶᠢᠨ᠎ᠠ︾᠃ ᠯᠢᠦ ᠵᠢᠶᠦ᠋ᠨ ᠢ ᠢᠯᠡᠷᠬᠡᠶᠢᠯᠡᠬᠦ ᠳᠡᠭᠡᠨ᠂ ᠮᠣᠩᠭᠤᠯ ᠮᠣᠷᠢᠨ ᠤ ᠵᠣᠷᠢᠭ ᠰᠠᠨᠠᠭ᠎ᠠ ᠪᠠ ︽ᠤᠮᠠᠷᠠᠲᠤ ᠶᠢᠨ ᠭᠤᠷᠪᠠᠨ ᠣᠷᠣᠨ ᠤ ᠵᠣᠷᠢᠭ ᠰᠠᠨᠠᠭ᠎ᠠ︾ ᠶᠢ ᠶᠡᠭᠡ ᠪᠠᠷ ᠪᠠᠳᠠᠷᠠᠭᠤᠯᠵᠤ᠂ ᠪᠦᠲᠦᠭᠡᠯᠴᠢ ᠴᠢᠨᠠᠷᠲᠠᠶ ᠠᠷᠭ᠎ᠠ ᠬᠡᠮᠵᠢᠶ᠎ᠡ ᠠᠪᠴᠤ᠂ ᠠᠯᠢᠪᠠ ᠪᠦᠬᠦᠨ ᠢ ᠴᠥᠮ ᠦᠷ᠎ᠡ ᠳ᠋ᠦᠩ᠂ ᠲᠤᠭ᠎ᠠ ᠪᠠᠷᠢᠮᠲᠠ᠂ ᠣᠷᠣᠨ ᠪᠠᠶᠢᠷᠢ ᠶᠢᠨ ᠳᠠᠷᠠᠭᠠᠯᠠᠯ ᠢᠶᠠᠷ ᠬᠡᠮᠵᠢᠵᠦ᠂ ᠬᠥᠭᠵᠢᠯᠲᠡ ᠶᠢᠨ ᠪᠣᠳᠠᠲᠤ ᠦᠷ᠎ᠡ ᠪᠦᠲᠦᠭᠡᠯ ᠢᠶᠠᠷ ᠲᠠᠩᠰᠠ ᠲᠤᠰᠢᠶᠠᠵᠤ ᠲᠠᠩᠰᠠ ᠮᠡᠳᠡᠭᠦᠯᠦᠨ᠎ᠡ ᠭᠡᠵᠡᠶ᠃ ᠺᠠᠳ᠋ᠷ ᠢ ᠰᠣᠩᠭᠤᠨ ᠲᠣᠮᠢᠯᠠᠬᠤ ᠵᠥᠪ ᠤᠳᠤᠷᠢᠳᠤᠮᠵᠢ ᠶᠢ ᠪᠤᠢ ᠪᠣᠯᠭᠠᠵᠤ᠂ ᠳᠡᠪᠰᠢᠭᠦᠯᠦᠨ ᠬᠡᠷᠡᠭᠯᠡᠬᠦ᠂ ᠳᠡᠪᠰᠢᠭᠦᠯᠬᠦ ᠪᠠ ᠰᠢᠭᠰᠢᠭᠳᠡᠭᠦᠯᠬᠦ ᠶᠢ ᠺᠠᠳ᠋ᠷ ᠤᠨ ᠡᠭᠦᠷᠭᠡᠯᠡᠨ ᠠᠵᠢᠯᠯᠠᠬᠤ᠂ ᠠᠵᠢᠯ ᠤᠨ ᠠᠮᠵᠢᠯᠲᠠ ᠲᠠᠢ ᠬᠤᠯᠪᠣᠵᠤ᠂ ︽ᠰᠢᠨ᠎ᠡ ᠪᠠᠷ ᠨᠡᠮᠡᠭᠳᠡᠭᠦᠯᠬᠦ᠂ ᠪᠣᠳᠠᠲᠠᠢ ᠠᠳᠬᠤᠬᠤ᠂ ᠠᠮᠵᠢᠯᠲᠠ ᠲᠠᠢ ᠠᠵᠢᠯᠯᠠᠬᠤ︾ ᠪᠠᠷ ᠺᠠᠳ᠋ᠷ ᠢ ᠰᠢᠯᠭᠠᠨ ᠪᠠᠶᠢᠴᠠᠭᠠᠵᠤ᠂ ᠡᠭᠦᠷᠭᠡᠯᠡᠭᠴᠢ ᠳᠤ ᠲᠠᠪᠴᠠᠩ ᠣᠯᠭᠤᠵᠤ᠂ ᠬᠡᠪᠲᠡᠭᠰᠡᠳ ᠢ ᠲᠠᠶᠢᠰᠠᠨ ᠠᠴᠠ ᠪᠠᠭᠤᠯᠭᠠᠵᠤ᠂ ᠠᠵᠢᠯ ᠬᠢᠵᠦ ᠦᠢᠯᠡᠰ ᠪᠤᠰᠬᠠᠬᠤ ᠬᠠᠮᠤᠭ ᠤᠨ ᠶᠡᠭᠡ ᠬᠦᠴᠦᠨ ᠢ ᠨᠢᠭᠲᠠᠷᠠᠭᠤᠯᠤᠨ᠎ᠠ᠃    ᠯᠢᠦ ᠵᠢᠶᠦ᠋ᠨ ᠢ᠄ ︽ᠳᠠᠷᠠᠭᠠᠴᠢ ᠶᠢᠨ ᠠᠯᠬᠤᠮ ᠳᠤ᠂ ᠵᠢᠤ ᠶᠤᠸᠠᠨ ᠲᠣᠭᠤᠷᠢᠭ ᠤᠨ ᠬᠢᠨ ᠬᠤᠳᠠ ᠶᠢᠨ ᠨᠠᠮ ᠤᠨ ᠬᠤᠷᠢᠶᠠᠨ ᠤ ᠠᠷᠪᠠᠨ ᠭᠤᠷᠪᠠᠳᠤᠭᠠᠷ ᠬᠤᠭᠤᠴᠠᠭᠠᠨ ᠤ ᠵᠢᠷᠭᠤᠳᠤᠭᠠᠷ ᠪᠦᠬᠦᠳᠡ ᠬᠤᠷᠠᠯ ᠤᠨ ᠡᠯ᠎ᠡ ᠵᠦᠢᠯ ᠤᠨ ᠪᠠᠶᠢᠷᠢᠯᠠᠭᠤᠯᠤᠯᠲᠠ ᠱᠠᠭᠠᠷᠳᠠᠯᠭ᠎ᠠ ᠶᠢᠨ ᠲᠣᠭᠤᠷᠢᠨ ᠳᠤ᠂ ᠥᠷᠯᠥᠭᠡ ᠦᠳᠡᠰᠢ ᠶᠢ ᠲᠡᠮᠡᠴᠡᠵᠦ᠂ ᠦᠨᠡᠨ ᠪᠣᠳᠠᠲᠠᠢ ᠠᠵᠢᠯᠯᠠᠵᠤ᠂ ᠪᠣᠳᠠᠲᠤ ᠠᠵᠢᠯᠯᠠᠭ᠎ᠠ ᠪᠠᠷ ᠢᠶᠠᠨ ᠶᠡᠷᠦᠩᠬᠡᠢ ᠱᠦᠵᠢ ᠶᠢᠨ ᠭᠦᠨ ᠵᠤᠵᠠᠭᠠᠨ ᠬᠠᠶᠢᠷ᠎ᠠ ᠪᠠ ᠬᠦᠰᠡᠯ ᠡᠷᠡᠮᠡᠯᠵᠡᠯ ᠢ ᠬᠠᠷᠢᠭᠤᠯᠵᠤ᠂ ᠪᠦᠬᠦ ᠤᠯᠤᠰ᠂ ᠪᠦᠬᠦ ᠲᠣᠭᠤᠷᠢᠭ᠂ ᠪᠦᠬᠦ ᠬᠤᠳᠠ ᠶᠢᠨ ᠶᠡᠷᠦᠩᠬᠡᠢ ᠪᠠᠶᠢᠳᠠᠯ  ᠳᠤ ᠶᠢᠰᠦᠨ ᠤᠤᠯ ᠤᠨ ᠬᠤᠪᠢ ᠨᠡᠮᠡᠷᠢ ᠦᠵᠡᠭᠦᠯᠦᠨ᠎ᠡ︾ ᠭᠡᠵᠦ ᠬᠡᠯᠡᠪᠡ᠃    
 
ᠢᠷᠡᠯᠲᠡ᠄ ᠵᠢᠦ ᠶᠤᠸᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号