ᠭᠡᠷ ᠲᠤ ᠴᠢᠨᠢ ᠡᠶᠢᠮᠦ ᠠᠮᠪᠠᠨ ᠪᠠᠶᠢᠪᠠᠯ ᠬᠢᠴᠢᠶᠡᠭᠡᠷᠡᠶ︕
ᠨᠡᠶᠢᠲᠡᠯᠡᠭᠰᠡᠨ ᠴᠠᠭ᠄
2023/11/29
     ᠤᠳᠠᠭᠠᠨ ᠬᠡᠷᠡᠭᠯᠡᠭᠰᠡᠨ ᠮᠣᠳᠣᠨ ᠠᠮᠪᠠᠨ ᠳᠤ ᠮᠠᠰᠢ ᠣᠯᠠᠨ ᠵᠢᠷᠤᠭᠠᠰᠤ ᠭᠠᠷᠳᠠᠭ᠂ ᠡᠶᠢᠮᠦ ᠵᠢᠷᠤᠭᠠᠰᠤ ᠲᠠᠢ ᠭᠠᠵᠠᠷ ᠲᠤᠨᠢ ᠠᠮᠠᠷᠬᠠᠨ ᠭᠬᠢᠷ ᠪᠤᠷᠲᠠᠭ ᠨᠠᠭᠠᠯᠳᠤᠵᠤ᠂ ᠪᠠᠺᠲ᠋ᠧᠷᠢ ᠪᠠ ᠬᠥᠭᠡᠴᠦ ᠦᠷᠡᠵᠢᠳᠡᠭ᠃ ᠬᠡᠷᠪᠡ ᠲᠦᠭᠦᠬᠡᠶ ᠮᠢᠬ᠎ᠠ ᠬᠡᠷᠴᠢᠬᠦ ᠦᠶ᠎ᠡ ᠳᠤ ᠮᠢᠬᠠᠨ ᠤ ᠦᠷᠳᠡᠰᠦ ᠠᠮᠪᠠᠨ ᠤ ᠵᠠᠪᠰᠠᠷ ᠲᠤ ᠤᠷᠤᠬᠤ ᠳᠤ ᠬᠦᠷᠪᠡᠯ᠂ ᠪᠤᠰᠤᠳ ᠢᠳᠡᠭᠡᠨ ᠲᠦᠭᠦᠬᠡᠶ ᠮᠢᠬᠠᠨ ᠳᠠᠬᠢ ᠪᠦᠳᠦᠭᠦᠨ ᠭᠡᠳᠡᠰᠦᠨ ᠤ ᠰᠠᠪᠬᠠᠨᠴᠢᠷ ᠪᠠᠺᠲ᠋ᠧᠷᠢ᠂ ᠰᠠᠯᠮᠤᠨᠧᠯ ᠤᠨ ᠰᠠᠪᠬᠠᠨᠴᠢᠷ ᠪᠠᠺᠲ᠋ᠧᠷᠢ ᠵᠡᠷᠭᠡ ᠪᠠᠺᠲ᠋ᠧᠷᠢ ᠳᠤ ᠠᠮᠠᠷᠬᠠᠨ ᠪᠣᠬᠢᠷᠲᠤᠳᠠᠭ᠂ ᠬᠦᠨᠳᠦ ᠨᠣᠴᠢᠲᠠᠶ ᠦᠶ᠎ᠡ ᠳᠤ ᠢᠳᠡᠭᠡᠨ ᠤ ᠬᠤᠤᠷᠳᠠᠯ ᠡᠭᠦᠰᠴᠦ ᠮᠡᠳᠡᠨ᠎ᠡ᠃      ᠭᠡᠷ ᠲᠡᠭᠡᠨ ᠬᠠᠮᠤᠭ ᠰᠠᠶᠢᠨ ᠨᠢ ᠬᠤᠶᠠᠷ ᠠᠮᠪᠠᠨ ᠪᠡᠯᠡᠳᠬᠡᠵᠦ᠂ ᠲᠦᠭᠦᠬᠡᠶ ᠪᠠ ᠪᠤᠯᠭᠤᠭᠰᠠᠨ ᠢᠳᠡᠭᠡᠨ ᠭᠡᠷᠴᠢᠬᠦ ᠠᠮᠪᠠᠨ ᠢᠶᠠᠨ ᠰᠠᠯᠭᠠᠬᠤ ᠶᠢ ᠰᠠᠨᠠᠭᠤᠯᠤᠶ᠎ᠠ᠂ ᠢᠩᠭᠢᠪᠡᠯ ᠪᠠᠺᠲ᠋ᠧᠷᠢ ᠰᠣᠯᠪᠢᠴᠠᠨ ᠲᠠᠷᠬᠠᠬᠤ ᠠᠴᠠ ᠵᠠᠶᠢᠯᠠᠰᠬᠢᠵᠦ ᠴᠢᠳᠠᠨ᠎ᠠ᠃ ᠨᠥᠬᠦᠴᠡᠯ ᠲᠠᠢ ᠪᠣᠯ ᠨᠤᠭᠤᠭ᠎ᠠ ᠪᠠ ᠮᠢᠬ᠎ᠠ ᠭᠡᠷᠴᠢᠬᠦ ᠠᠮᠪᠠᠨ ᠢ ᠠᠰ ᠠᠰ ᠲᠤᠨᠢ ᠬᠤᠳᠠᠯᠳᠤᠨ ᠠᠪᠴᠤ ᠪᠣᠯᠤᠨ᠎ᠠ᠂ ᠢᠡᠭᠭᠢᠪᠡᠯ ᠨᠠᠩ ᠪᠠᠲᠤᠯᠠᠭ᠎ᠠ ᠲᠠᠢ᠃      ᠮᠣᠳᠣᠨ ᠠᠮᠪᠠᠨ ᠨᠢ ᠲᠡᠳᠡᠭᠡᠷ ᠭᠡᠷᠴᠢᠬᠦ ᠴᠠᠪᠴᠢᠬᠤ ᠴᠢᠬᠤᠯᠠᠳᠠᠢ ᠢᠳᠡᠭᠡᠨ ᠤ ᠵᠦᠢᠯᠡᠰ ᠢ ᠰᠢᠢᠳᠪᠦᠷᠢᠯᠡᠬᠦ ᠳᠤ ᠲᠤᠬᠢᠷᠠᠨ᠎ᠠ᠂ ᠴᠠᠬᠢᠭᠤᠷᠳᠦ ᠭᠤᠮ᠂ ᠰᠦᠯᠢᠶᠣᠣ ᠪᠤᠶᠤ ᠵᠢᠪᠡᠷᠡᠬᠦ ᠤᠢᠭᠡᠢ ᠪᠤᠯᠤᠳ ᠢᠶᠠᠷ ᠬᠢᠭᠰᠡᠨ ᠠᠮᠪᠠᠨ ᠨᠢ ᠨᠡᠩ ᠬᠦᠩᠭᠡᠠ ᠪᠥᠭᠡᠳ ᠴᠡᠪᠡᠷᠯᠡᠬᠦ ᠳᠤ ᠠᠮᠠᠷᠬᠠᠨ ᠪᠠᠶᠢᠳᠠᠭ᠃      ᠠᠮᠪᠠᠨ ᠢᠶᠠᠨ ᠬᠡᠷᠡᠭᠯᠡᠵᠦ ᠪᠠᠷᠠᠭᠰᠠᠨ ᠤ ᠳᠠᠷᠠᠭ᠎ᠠ ᠡᠷᠬᠡᠪᠰᠢ ᠴᠠᠭ ᠲᠤᠬᠠᠶ ᠳᠤᠨᠢ ᠤᠬᠢᠶᠠᠵᠤ ᠴᠡᠪᠡᠷᠯᠡᠬᠦ ᠬᠡᠷᠡᠭᠲᠡᠶ ᠂ ᠬᠠᠮᠤᠭ ᠰᠠᠶᠢᠨ ᠨᠢ ᠠᠷᠢᠭᠤᠳᠬᠠᠭᠴᠢ ᠡᠳ᠋ ᠪᠠ ᠤᠰᠤ ᠪᠠᠷ ᠤᠬᠢᠶᠠᠵᠤ ᠴᠡᠪᠡᠷᠯᠡᠬᠦ ᠬᠡᠷᠡᠭᠲᠡᠶ᠃ ᠳᠠᠷᠠᠭ᠎ᠠ ᠨᠢ ᠲᠣᠭᠤᠭᠠᠨ ᠭᠡᠷ ᠤᠨ ᠴᠠᠭᠠᠰᠤ ᠪᠠᠷ ᠠᠷᠴᠢᠵᠦ ᠡᠯᠬᠦᠨ ᠲᠠᠯᠪᠢᠬᠤ ᠪᠤᠶᠤ ᠪᠤᠰᠬᠠᠨ ᠲᠠᠯᠪᠢᠵᠦ ᠬᠠᠲᠠᠭᠠᠬᠤ ᠬᠡᠷᠡᠭᠳᠡᠢ᠃ ᠬᠡᠷᠪᠡ ᠴᠠᠬᠢᠭᠤᠷᠳᠦ ᠭᠤᠮ ᠤᠨ ᠠᠮᠪᠠᠨ ᠪᠣᠯ᠂ 10 ᠮᠢᠨᠦ᠋ᠲ ᠠᠴᠠ ᠳᠡᠭᠡᠭᠰᠢ ᠪᠤᠴᠠᠯᠭᠠᠬᠰᠠᠨ ᠤᠰᠤ ᠪᠠᠷ ᠤᠬᠢᠶᠠᠵᠤ ᠠᠷᠢᠭᠤᠳᠬᠠᠵᠤ ᠪᠣᠯᠤᠨ᠎ᠠ᠂ ᠭᠡᠪᠡᠴᠦ ᠮᠤᠳᠤᠨ ᠠᠮᠪᠠᠨ᠂ ᠬᠤᠯᠤᠰᠤᠨ ᠠᠮᠪᠠᠨ᠂ ᠵᠢᠪᠡᠷᠡᠬᠦ ᠦᠭᠡᠢ ᠪᠣᠯᠣᠳ ᠢᠶᠠᠷ ᠬᠢᠭᠰᠡᠨ ᠠᠮᠪᠠᠨ ᠪᠠ ᠰᠦᠯᠢᠶᠣᠣ ᠠᠮᠪᠠᠨ ᠵᠡᠷᠭᠡ ᠬᠠᠲᠠᠭᠤ ᠠᠮᠪᠠᠨ ᠢ ᠴᠡᠪᠡᠷᠯᠡᠭᠴᠢ ᠪᠠ ᠤᠰᠤ ᠪᠠᠷ ᠰᠠᠶᠢᠳᠤᠷ ᠤᠬᠢᠶᠠᠬᠰᠠᠨ ᠤ ᠲᠠᠷᠠᠭ᠎ᠠ 75%᠎ ᠶᠢᠨ ᠰᠫᠢᠷᠲ ᠢᠶᠠᠷ ᠠᠮᠪᠠᠨ ᠢᠶᠠᠨ ᠵᠦᠯᠭᠦᠨ ᠠᠷᠢᠭᠤᠳᠬᠠᠵᠤ ᠪᠤᠯᠤᠨ᠎ᠠ᠃   
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号