ᠵᠢᠦ ᠶᠤᠸᠠᠨ ᠲᠣᠭᠤᠷᠢᠭ ᠤᠨ ᠠᠵᠢᠯ ᠰᠠᠯᠬᠢᠨ ᠤ ᠬᠠᠯᠠᠭᠤᠨ ᠤᠲᠠᠰᠤᠨ ᠤ ᠪᠤᠯᠤᠩ ᠳᠤ ᠣᠷᠤᠯᠴᠠᠵᠠᠢ
ᠨᠡᠶᠢᠲᠡᠯᠡᠭᠰᠡᠨ ᠴᠠᠭ᠄
2022/6/7
C:\Users\Administrator\Desktop\jiuyuan_2022624103915.jpg
      ᠭᠤᠣᠯ ᠰᠡᠳᠦᠪ      ᠵᠢᠦ ᠶᠤᠸᠠᠨ ᠲᠣᠭᠤᠷᠢᠭ ᠤᠨ ᠠᠵᠢᠯ ᠰᠠᠯᠬᠢᠨ ᠤ ᠬᠠᠯᠠᠭᠤᠨ ᠤᠲᠠᠰᠤᠨ ᠤ ᠪᠤᠯᠤᠩ ᠳᠤ ᠣᠷᠤᠯᠴᠠᠵᠠᠢ      ᠴᠠᠭ      2022 ᠤᠨ ᠤ 6 ᠰᠠᠷ᠎ᠠ ᠶᠢᠨ7 ᠤ ᠡᠳᠦᠷ      ᠬᠦᠨᠳᠦᠳᠦ ᠵᠣᠴᠢᠨ      ᠲᠣᠪᠴᠢᠯᠠᠯ      ᠰᠤᠷᠪᠤᠯᠵᠢᠯᠠᠭ᠎ᠠ ᠶᠢᠨ ᠭᠤᠤᠯ ᠰᠡᠳᠦᠪ᠄ ᠠᠳᠠᠯ ᠠᠬᠤᠶ ᠶᠢᠨ ᠬᠠᠮᠢᠶᠠᠷᠤᠯᠲᠠ ᠶᠢ ᠬᠡᠷᠬᠢᠨ ᠡᠷᠡᠭᠦᠯ ᠢᠶᠠᠷ ᠬᠥᠭᠵᠢᠭᠦᠯᠬᠦ      ᠬᠥᠲᠥᠯᠥᠭᠴᠢ᠄      ᠯᠢ ᠠᠪᠠᠭ᠋ᠠᠶ᠄ ᠹᠦ᠋ ᠯᠢ ᠶᠢᠨ ᠵᠢᠷᠭᠤᠳᠤᠭᠠᠷ ᠬᠤᠭᠤᠴᠠᠭᠠᠨ ᠤ ᠲᠠᠪᠤᠳᠤᠭᠠᠷ ᠠᠰᠠᠷ᠂ ᠠᠷᠢᠭᠤᠨ ᠴᠡᠪᠡᠷ ᠤᠨ ᠲᠠᠰᠤᠯᠭ᠎ᠠ ᠳᠤ ᠤᠰᠤ ᠭᠤᠭᠤᠵᠢᠵᠤ ᠪᠠᠶᠢᠨ᠎ᠠ᠂ ᠶᠢᠰᠦᠳᠦᠭᠡᠷ ᠳᠡᠰ᠂ ᠠᠳᠠᠯ ᠠᠬᠤᠶ ᠶᠢᠨ ᠭᠠᠵᠠᠷ ᠠᠴᠠ ᠦᠵᠡᠬᠦ ᠢᠶᠠᠷ ᠢᠷᠡᠭᠡᠳ ᠶᠠᠭᠤ ᠴᠤ ᠦᠵᠡᠵᠦ ᠭᠠᠷᠤᠭᠰᠠᠨ ᠥᠬᠡᠶ᠂ ᠰᠢᠢᠳᠪᠤᠷᠢᠯᠡᠵᠣ ᠳᠡᠶᠢᠯᠦᠭᠰᠡᠨ ᠥᠬᠡᠶ᠂ 11 ᠳ᠋ᠦ᠋ᠭᠡᠷ ᠠᠰᠠᠷ ᠲᠤ ᠪᠢᠲᠡᠭᠦᠮᠵᠢᠯᠡᠵᠦ ᠳᠡᠶᠢᠯᠦᠭᠰᠡᠨ ᠥᠬᠡᠶ ᠭᠡᠨ᠎ᠡ᠃      ᠬᠦᠨᠳᠦᠳᠦ ᠵᠣᠴᠢᠨ ᠭᠤᠤ ᠹᠸᠢ᠄      ᠣᠶᠢᠯᠠᠭᠠᠭᠰᠠᠨ ᠢᠶᠠᠷ᠂ ᠲᠣᠰ ᠪᠠᠭ᠎ᠠ ᠲᠣᠭᠤᠷᠢᠭ ᠤᠨ ᠠᠳᠠᠯ ᠠᠬᠤᠶ ᠶᠢᠨ ᠭᠠᠵᠠᠷ ᠲᠤᠰᠬᠠᠭᠰᠠᠨ ᠪᠠᠶᠢᠳᠠᠯ ᠢ ᠣᠯᠤᠭᠰᠠᠨ ᠤ ᠳᠠᠷᠠᠭ᠎ᠠ ᠲᠡᠷᠡ ᠳᠠᠷᠤᠶ ᠳᠤᠨᠢ ᠨᠡᠭᠡᠭᠡᠨ ᠬᠥᠭᠵᠢᠭᠦᠯᠬᠦ ᠺᠣᠮᠫᠠᠨᠢ ᠲᠠᠢ ᠬᠠᠷᠢᠯᠴᠠᠵᠤ ᠰᠢᠢᠳᠪᠤᠷᠢᠯᠡᠭᠦᠯᠬᠦ ᠪᠠᠷ ᠱᠠᠭᠠᠷᠳᠠᠪᠠ᠂ ᠣᠳᠣᠬᠠᠨ ᠳᠤ ᠨᠡᠭᠡᠭᠡᠨ ᠬᠥᠭᠵᠢᠭᠦᠯᠬᠦ ᠺᠣᠮᠫᠠᠨᠢ ᠨᠢᠭᠡᠨᠲᠡ ᠲᠣᠰ ᠭᠡᠷ ᠤᠨ ᠡᠵᠡᠨ ᠤ ᠬᠡᠷᠡᠮ ᠢ ᠰᠡᠷᠭᠦᠭᠡᠬᠦ ᠶᠢᠨ ᠬᠠᠮᠲᠤ ᠠᠩᠬᠢᠯᠤᠮ᠎ᠠ ᠤᠳᠤᠯᠭ᠎ᠠ ᠠᠪᠴᠤ ᠦᠨᠦᠷ ᠢ ᠨᠢ ᠠᠷᠢᠯᠭᠠᠵᠤ᠂ ᠮᠠᠨ ᠤ ᠲᠥᠪ ᠨᠢᠭᠡᠨᠲᠡ ᠠᠳᠠᠯ ᠠᠬᠤᠶ ᠶᠢᠨ ᠭᠠᠵᠠᠷ ᠢ ᠭᠡᠷ ᠤᠨ ᠡᠵᠡᠨ ᠪᠣᠯᠤᠨ ᠨᠡᠭᠡᠭᠡᠨ ᠬᠥᠭᠵᠢᠭᠦᠯᠬᠦ ᠺᠣᠮᠫᠠᠨᠢ ᠶᠢᠨ ᠨᠡᠪᠲᠡᠷᠡᠯᠴᠡᠬᠦ ᠬᠤᠯᠪᠣᠭᠠᠰᠤ ᠶᠢᠨ ᠥᠮᠴᠢᠲᠡᠨ ᠲᠠᠢ ᠨᠡᠪᠲᠡᠷᠡᠯᠴᠡᠵᠦ ᠲᠠᠶᠢᠯᠪᠤᠷᠢᠯᠠᠬᠤ ᠠᠵᠢᠯ ᠢ ᠰᠠᠶᠢᠲᠤᠷ ᠬᠢᠬᠦ ᠶᠢ ᠰᠢᠪᠠᠳᠠᠪᠠ᠃      ᠬᠥᠲᠥᠯᠥᠭᠴᠢ᠄      ᠳ᠋ᠤᠸᠠᠨ ᠠᠪᠠᠭ᠋ᠠᠶ᠄ ᠷᠦᠩ ᠮᠤᠤ ᠨᠢᠭᠡᠳᠦᠭᠡᠷ ᠬᠤᠲᠠ ᠶᠢᠨ C ᠲᠣᠭᠤᠷᠢᠭ ᠲᠤ ᠪᠠᠶᠢᠳᠠᠯ ᠢ ᠮᠡᠳᠡᠬᠦ ᠥᠬᠡᠶ ᠪᠠᠷ ᠠᠳᠠᠯ ᠠᠬᠤᠶ ᠶᠢᠨ ᠭᠠᠵᠠᠷ ᠰᠣᠯᠢᠵᠠᠶ᠂  ᠦᠢᠯᠡᠴᠢᠯᠡᠭᠡ ᠨᠢ ᠤᠤᠯ ᠤᠨ ᠬᠢ ᠪᠠᠨ ᠬᠥᠷᠬᠦ ᠥᠬᠡᠶ ᠪᠠᠶᠢᠨ᠎ᠠ᠃      ᠬᠦᠨᠳᠦᠳᠦ ᠵᠣᠴᠢᠨ ᠭᠤᠤ ᠹᠸᠢ᠄      ᠬᠢᠨᠠᠨ ᠬᠠᠷᠭᠤᠭᠤᠯᠤᠭᠰᠠᠨ ᠢᠶᠠᠷ᠂ ᠲᠣᠰ ᠪᠠᠭ᠎ᠠ ᠲᠣᠭᠤᠷᠢᠭ ᠤᠨ ᠡᠮᠦᠨᠡᠬᠢ ᠬᠤᠭᠤᠴᠠᠭᠠᠨ ᠤ ᠠᠳᠠᠯ ᠠᠬᠤᠶ ᠶᠢᠨ ᠬᠤᠭᠤᠴᠠᠭ᠎ᠠ ᠨᠢ ᠲᠤᠯᠤᠭᠰᠠᠨ ᠤ ᠳᠠᠷᠠᠭ᠎ᠠ᠂ ᠪᠠᠭ᠎ᠠ ᠲᠣᠭᠤᠷᠢᠭ ᠤᠨ ᠠᠵᠤ ᠦᠢᠯᠡᠰ ᠤᠨ ᠵᠥᠪᠯᠡᠯ ᠨᠢ ᠥᠮᠴᠢᠲᠡᠨ ᠤ ᠰᠠᠨᠠᠯ ᠢ ᠬᠤᠷᠢᠶᠠᠭᠰᠠᠨ ᠤ ᠳᠠᠷᠠᠭ᠎ᠠ ᠰᠢᠨ᠎ᠡ ᠠᠳᠠᠯ ᠠᠬᠤᠶ ᠶᠢᠨ ᠠᠵᠤ ᠠᠬᠤᠶᠢᠯᠠᠯ ᠢ ᠰᠣᠩᠭᠤᠨ ᠤᠷᠢᠭᠰᠠᠨ ᠪᠥᠭᠡᠳ ᠠᠳᠠᠯ ᠠᠬᠤᠶ ᠶᠢᠨ ᠵᠠᠷᠤᠳᠠᠯ ᠨᠢ ᠤᠤᠯ ᠤᠨ ᠦᠨ᠎ᠡ ᠶᠢᠨ ᠬᠡᠪ ᠢᠶᠠᠷ ᠪᠠᠶᠢᠯᠭᠠᠭᠰᠠᠭᠠᠷ ᠢᠷᠡᠵᠡᠶ᠃ ᠡᠭᠦᠨ ᠤ ᠬᠠᠮᠲᠤ᠂ ᠮᠠᠨ ᠤ ᠲᠣᠪᠴᠢᠶ᠎ᠠ ᠠᠳᠠᠯ ᠠᠬᠤᠶ ᠶᠢᠨ ᠠᠵᠤ ᠠᠬᠤᠶᠢᠯᠠᠯ ᠢ ᠠᠳᠠᠯ ᠠᠬᠤᠶ ᠶᠢᠨ ᠦᠢᠯᠡᠴᠢᠯᠡᠭᠡᠨ ᠤ ᠭᠡᠷ᠎ᠡ ᠶᠢ ᠴᠢᠩᠭ᠎ᠠ ᠵᠢᠷᠤᠮᠯᠠᠨ  ᠦᠢᠯᠡᠴᠢᠯᠡᠬᠦ ᠶᠢᠨ ᠬᠠᠮᠲᠤ ᠲᠣᠰ ᠪᠠᠭ᠎ᠠ ᠲᠣᠭᠤᠷᠢᠭ ᠲᠤ ᠪᠠᠶᠢᠴᠠᠭᠠᠯᠲᠠ ᠬᠢᠬᠦ ᠤᠳᠠᠭ᠎ᠠ ᠪᠠᠨ ᠨᠡᠮᠡᠭᠳᠡᠭᠦᠯᠬᠦ ᠶᠢ ᠰᠢᠪᠠᠳᠠᠪᠠ᠃      ᠬᠥᠲᠥᠯᠥᠭᠴᠢ᠄      ᠰᠢᠤᠢ ᠠᠪᠠᠭ᠋ᠠᠶ᠄ ᠷᠦᠩ ᠮᠤᠤ ᠨᠢᠭᠡᠳᠦᠭᠡᠷ ᠬᠤᠲᠠ ᠳᠤ ᠲᠡᠷᠭᠡᠨ ᠤ ᠰᠠᠷᠠᠪᠴᠢ ᠥᠬᠡᠶ᠂ ᠭᠠᠯ ᠭᠠᠷᠴᠤ ᠥᠩᠭᠡᠷᠡᠭᠰᠡᠨ᠂ ᠲᠦᠷᠭᠡᠨ ᠰᠢᠢᠳᠪᠤᠷᠢᠯᠡᠬᠦ ᠴᠢᠬᠤᠯᠠᠲᠠᠶ᠂ ᠨᠤᠭᠤᠭᠠᠷᠠᠭᠤᠯᠲᠠ ᠶᠢᠨ ᠪᠠᠶᠢᠳᠠᠯ ᠪᠣᠯᠬᠤ ᠥᠬᠡᠶ᠃      ᠬᠦᠨᠳᠦᠳᠦ ᠵᠣᠴᠢᠨ ᠭᠤᠤ ᠹᠸᠢ᠄      ᠬᠢᠨᠠᠨ ᠬᠠᠷᠭᠤᠭᠤᠯᠤᠭᠰᠠᠨ ᠢᠶᠠᠷ᠂ ᠷᠦᠩ ᠮᠤᠤ ᠶᠢᠨ ᠨᠢᠭᠡᠳᠦᠭᠡᠷ ᠬᠤᠲᠠ ᠶᠢᠨ ᠪᠠᠭ᠎ᠠ ᠲᠣᠭᠤᠷᠢᠭ ᠲᠤ ᠲᠡᠷᠭᠡᠨ ᠤ ᠰᠠᠷᠠᠪᠴᠢ ᠵᠢᠷᠤᠵᠤ ᠲᠥᠯᠥᠪᠯᠡᠭᠰᠡᠨ ᠦᠭᠡᠶ᠂ ᠥᠮᠴᠢᠲᠡᠨ ᠤ ᠴᠠᠬᠢᠯᠭᠠᠨ ᠬᠥᠳᠡᠯᠭᠡᠭᠦᠷᠲᠦ ᠲᠡᠷᠭᠡ ᠶᠢᠨ ᠴᠠᠬᠢᠯᠭᠠᠨ ᠴᠡᠨᠡᠭᠯᠡᠬᠦ ᠬᠡᠷᠡᠭᠴᠡᠭᠡ ᠶᠢ ᠰᠢᠢᠳᠪᠤᠷᠢᠯᠡᠵᠣ᠂ ᠪᠠᠭ᠎ᠠ ᠲᠣᠭᠤᠷᠢᠭ ᠤᠨ ᠳᠣᠲᠣᠷᠠᠬᠢ ᠴᠠᠬᠢᠯᠭᠠᠨ ᠬᠥᠳᠡᠯᠭᠡᠭᠦᠷᠲᠦ ᠲᠡᠷᠭᠡ ᠶᠢᠨ ᠴᠠᠬᠢᠯᠭᠠᠨ ᠴᠡᠨᠡᠭᠯᠡᠬᠦ ᠳᠤ ᠬᠦᠴᠢᠷᠲᠡᠶ ᠪᠠᠶᠢᠬᠤ ᠠᠰᠠᠭᠤᠳᠠᠯ ᠢ ᠦᠨᠡᠨ ᠬᠦ ᠰᠢᠢᠳᠪᠤᠷᠢᠯᠡᠨ᠂ ᠠᠮᠤᠷ ᠲᠦᠪᠰᠢᠨ ᠤ ᠳᠠᠯᠳᠠ ᠬᠡᠮ ᠢ ᠠᠷᠢᠯᠭᠠᠬᠤ ᠶᠢᠨ ᠲᠥᠯᠥᠭᠡ᠂ ᠮᠠᠨ ᠤ ᠲᠣᠪᠴᠢᠶ᠎ᠠ ᠬᠤᠲᠠ ᠶᠢᠨ ᠱᠠᠲᠤᠨ ᠤ ᠰᠠᠯᠠᠭ᠎ᠠ ᠮᠥᠴᠢᠷ ᠤᠨ ᠠᠵᠢᠯ ᠤᠨ ᠱᠠᠭᠠᠷᠳᠠᠯᠭ᠎ᠠ ᠶᠣᠰᠣᠭᠠᠷ᠂ ᠡᠨᠡ ᠵᠢᠯ 7200 ᠴᠠᠬᠢᠯᠭᠠᠨ ᠬᠥᠳᠡᠯᠭᠡᠭᠦᠷᠲᠦ ᠲᠡᠷᠭᠡ ᠶᠢᠨ ᠴᠠᠬᠢᠯᠭᠠᠨ ᠴᠡᠨᠡᠭᠯᠡᠬᠦ ᠱᠣᠩ ᠨᠡᠮᠡᠵᠦ ᠤᠭᠰᠠᠷᠠᠬᠤ ᠪᠠᠷ ᠲᠥᠯᠥᠪᠯᠡᠵᠦ ᠪᠠᠶᠢᠨ᠎ᠠ᠂ ᠣᠳᠣᠬᠠᠨ ᠳᠤ ᠮᠠᠨ ᠤ ᠲᠣᠪᠴᠢᠶ᠎ᠠ ᠶᠠᠭ ᠬᠠᠷᠢᠶ᠎ᠠ ᠭᠠᠵᠠᠷ ᠤᠨ ᠵᠡᠭᠡᠯᠢ ᠭᠤᠳᠤᠮᠵᠢ ᠲᠠᠢ ᠬᠠᠮᠲᠤᠷᠠᠨ ᠪᠠᠭ᠎ᠠ ᠲᠣᠭᠤᠷᠢᠭ ᠤᠨ ᠴᠠᠬᠢᠯᠭᠠᠨ ᠴᠡᠨᠡᠭᠯᠡᠬᠦ ᠱᠣᠩ ᠨᠡᠮᠡᠵᠦ ᠤᠭᠰᠠᠷᠠᠬᠤ ᠲᠤᠬᠠᠶ ᠰᠠᠨᠠᠯ ᠬᠤᠷᠢᠶᠠᠬᠤ ᠪᠠ ᠪᠦᠷᠢᠳᠬᠡᠬᠦ ᠠᠵᠢᠯ ᠬᠢᠵᠦ ᠪᠠᠶᠢᠨ᠎ᠠ᠂ ᠲᠣᠰ ᠪᠠᠭ᠎ᠠ ᠲᠣᠭᠤᠷᠢᠭ ᠴᠤ ᠨᠡᠮᠡᠵᠦ ᠤᠭᠰᠠᠷᠠᠬᠤ ᠬᠡᠪᠴᠢᠶᠡᠨ ᠳᠤ ᠪᠠᠶᠢᠨ᠎ᠠ᠃      ᠬᠥᠲᠥᠯᠥᠭᠴᠢ᠄      ᠸᠠᠩ ᠪᠠᠭᠰᠢ᠄ ᠯᠦ ᠶᠤᠸᠠᠨ ᠵᠢᠶᠠ ᠶᠤᠸᠠᠨ ᠬᠦᠷᠢᠶᠡᠯᠡᠩ ᠤᠨ ᠥᠮᠴᠢᠲᠡᠨ ᠤ ᠬᠤᠯᠪᠤᠭ᠎ᠠ ᠶᠢᠨ ᠪᠠᠶᠢᠭᠤᠯᠤᠭᠳᠠᠭᠠᠳ ᠶᠠᠮᠠᠷ ᠬᠡᠮᠵᠢᠶᠡᠨ ᠳᠤ ᠬᠦᠷᠦᠭᠰᠡᠨ ᠪᠤᠢ︖ ᠨᠢᠳᠤᠨᠤᠨ ᠤ 12 ᠰᠠᠷ᠎ᠠ ᠳᠤ ᠰᠣᠩᠭᠤᠭᠤᠯᠢ ᠶᠠᠪᠤᠭᠤᠯᠤᠯ᠎ᠠ᠂ ᠶᠠᠮᠠᠷ ᠬᠡᠮᠵᠢᠶᠡᠨ ᠳᠤ ᠬᠦᠷᠦᠭᠰᠡᠨ ᠢ ᠪᠦᠦ ᠮᠡᠳᠡ᠃ ᠭᠡᠷ ᠨᠢ ᠠᠩ ᠭᠠᠷᠤᠭᠰᠠᠨ ᠳᠤ᠂ ᠠᠳᠠᠯ ᠠᠬᠤᠶ ᠶᠢᠨ ᠭᠠᠵᠠᠷ ᠨᠢ ᠨᠡᠭᠡᠭᠡᠨ ᠠᠰᠢᠭᠯᠠᠬᠤ ᠬᠤᠳᠠᠯᠳᠤᠭᠠᠴᠢᠨ ᠳᠤ ᠮᠡᠳᠡᠭᠳᠡᠭᠰᠡᠨ ᠦᠭᠡᠢ᠂ ᠬᠠᠳᠤᠨ ᠭᠤᠣᠯ ᠤᠨ ᠡᠭᠦᠯᠡ ᠶᠢ ᠴᠣᠬᠢᠭᠰᠠᠨ ᠳᠤ ᠣᠷᠣᠨ ᠰᠠᠭᠤᠴᠠ ᠪᠠ ᠬᠤᠳᠠ ᠬᠥᠳᠡᠭᠡ ᠶᠢᠨ ᠪᠦᠳᠦᠭᠡᠨ ᠪᠠᠶᠢᠭᠤᠯᠤᠯᠲᠠ ᠶᠢᠨ ᠲᠣᠪᠴᠢᠶ᠎ᠠ ᠠᠴᠠ ᠬᠠᠷᠢᠭᠤ ᠴᠠᠬᠢᠯᠭᠠᠨ ᠮᠡᠳᠡᠭᠡ ᠢᠷᠡᠭᠦᠯᠵᠦ ᠴᠢᠨᠠᠷ ᠢ ᠪᠠᠲᠤᠯᠠᠬᠤ ᠬᠤᠭᠤᠴᠠᠭ᠎ᠠ ᠶᠢ ᠥᠩᠭᠡᠷᠡᠭᠡᠳ ᠨᠡᠭᠡᠭᠡᠨ ᠠᠰᠢᠭᠯᠠᠬᠤ ᠬᠤᠳᠠᠯᠳᠤᠭᠠᠴᠢᠨ ᠢᠷᠡᠭᠰᠡᠨ ᠳᠤ ᠳᠤᠷᠠᠳᠤᠭᠰᠠᠨ ᠲᠥᠯᠥᠪᠦᠷᠢ ᠶᠢ ᠵᠥᠪᠰᠢᠶᠡᠷᠡᠬᠦ ᠦᠭᠡᠢ ᠭᠡᠪᠡ᠃      ᠬᠦᠨᠳᠦᠳᠦ ᠵᠣᠴᠢᠨ ᠰᠢ ᠫᠸᠢ ᠹᠤᠩ᠄      ︽ᠥᠪᠥᠷ ᠮᠣᠩᠭᠤᠯ ᠤᠨ ᠠᠳᠠᠯ ᠠᠬᠤᠶ ᠶᠢᠨ ᠬᠠᠮᠢᠶᠠᠷᠤᠯᠲᠠ ᠶᠢᠨ ᠲᠦᠷᠢᠮ︾ ᠤᠨ ᠬᠤᠷᠢᠨ ᠳᠣᠯᠣᠳᠤᠭᠠᠷ ᠵᠦᠢᠯ ᠤᠨ ᠲᠣᠭᠲᠠᠭᠠᠯ ᠢ ᠦᠨᠳᠦᠰᠦᠯᠡᠪᠡᠯ᠄  ᠥᠮᠴᠢᠲᠡᠨ ᠤ ᠬᠤᠯᠪᠤᠭ᠎ᠠ ᠨᠢ ᠰᠣᠩᠭᠤᠵᠤ ᠭᠠᠷᠭᠠᠭᠰᠠᠨ ᠡᠳᠦᠷ ᠠᠴᠠ ᠡᠬᠢᠯᠡᠨ ᠭᠤᠴᠢᠨ ᠡᠳᠦᠷ ᠤᠨ ᠳᠣᠲᠣᠷ᠎ᠠ᠂ ᠠᠳᠠᠯ ᠠᠬᠤᠶ ᠶᠢᠨ ᠲᠥᠷᠥᠯ ᠵᠦᠢᠯ ᠤᠨ ᠪᠠᠶᠢᠭ᠎ᠠ ᠰᠤᠮᠤ ᠰᠢᠶᠠᠩ ᠪᠠᠯᠭᠠᠰᠤ ᠶᠢᠨ ᠠᠷᠠᠳ ᠤᠨ ᠵᠠᠰᠠᠭ ᠤᠨ ᠣᠷᠳᠣᠨ᠂ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠲᠤ ᠳᠠᠩᠰᠠᠯᠠᠭᠤᠯᠬᠤ ᠬᠡᠷᠡᠭᠲᠡᠶ᠃ ᠮᠠᠨ ᠤ ᠲᠣᠪᠴᠢᠶ᠎ᠠ ᠬᠠᠷᠢᠶ᠎ᠠ ᠭᠠᠵᠠᠷ ᠤᠨ ᠵᠡᠭᠡᠯᠢ ᠭᠤᠳᠤᠮᠵᠢ ᠲᠠᠢ ᠬᠢᠨᠠᠨ ᠬᠠᠷᠭᠤᠭᠤᠯᠵᠤ ᠣᠶᠢᠯᠠᠭᠠᠭᠰᠠᠨ ᠢᠶᠠᠷ᠂ ᠲᠣᠰ ᠪᠠᠭ᠎ᠠ ᠲᠣᠭᠤᠷᠢᠭ ᠤᠨ  ᠥᠮᠴᠢᠲᠡᠨ ᠤ ᠬᠤᠯᠪᠤᠭ᠎ᠠ ᠢ ᠪᠠᠶᠢᠭᠤᠯᠬᠤ ᠡᠬᠢᠨ ᠤ ᠦᠶ᠎ᠡ ᠳᠤ ᠬᠢᠵᠢᠭ ᠤᠨ ᠨᠥᠯᠥᠭᠡ ᠠᠴᠠ ᠪᠣᠯᠵᠣ᠂ ᠦᠮᠴᠢᠳᠠᠳ ᠤᠨ ᠶᠡᠭᠡ ᠬᠤᠷᠠᠯ ᠢ ᠬᠤᠷᠠᠯᠳᠤᠭᠤᠯᠬᠤ ᠶᠢ ᠬᠤᠶᠢᠰᠢᠯᠠᠭᠤᠯᠪᠠ᠃ ᠣᠳᠣᠬᠠᠨ ᠳᠤ᠂ ᠲᠣᠰ ᠪᠠᠭ᠎ᠠ ᠲᠣᠭᠤᠷᠢᠭ ᠤᠨ ᠥᠮᠴᠢᠲᠡᠨ ᠤ ᠬᠤᠯᠪᠤᠭ᠎ᠠ ᠢ ᠪᠠᠶᠢᠭᠤᠯᠬᠤ ᠶᠠᠪᠤᠴᠠ ᠶᠢ ᠨᠢᠭᠡᠨᠲᠡ ᠪᠦᠬᠦᠨ ᠢ ᠳᠠᠭᠤᠰᠬᠠᠵᠤ᠂ ᠳᠠᠩᠰᠠᠯᠠᠭᠤᠯᠬᠤ ᠠᠵᠢᠯ ᠢ ᠭᠤᠷᠪᠠᠨ ᠡᠳᠦᠷ ᠤᠨ ᠳᠣᠲᠣᠷ᠎ᠠ ᠳᠠᠭᠤᠰᠬᠠᠪᠠ᠃      ᠬᠥᠲᠥᠯᠥᠭᠴᠢ᠄      ᠸᠠᠩ ᠠᠪᠤᠭᠠᠶ᠄ ᠾᠧᠩ ᠳ᠋ᠡ ᠬᠤᠲᠠ ᠶᠢᠨ ᠢᠷᠡᠭᠡᠳᠦᠶ ᠬᠤᠲᠠ ᠨᠢ ᠬᠡᠷ ᠪᠠᠶᠢᠰᠢᠩ ᠢ ᠰᠢᠯᠭᠠᠨ ᠪᠠᠶᠢᠴᠠᠭᠠᠬᠤ ᠪᠠᠷᠢᠮᠵᠢᠶ᠎ᠠ ᠳᠤ ᠭᠦᠷᠦᠭᠰᠡᠨ ᠥᠬᠡᠶ ᠪᠣᠯᠬᠤᠷ ᠠᠳᠠᠯ ᠠᠬᠤᠶ ᠶᠢᠨ ᠵᠠᠷᠤᠳᠠᠯ ᠢ ᠨᠡᠶᠢᠯᠡᠭᠦᠯᠦᠨ ᠬᠤᠷᠢᠶᠠᠵᠤ ᠠᠪᠤᠨ᠎ᠠ᠃      ᠬᠦᠨᠳᠦᠳᠦ ᠵᠣᠴᠢᠨ ᠯᠢ ᡁᠢ ᠫᠤᠩ᠄      ᠣᠶᠢᠯᠠᠭᠠᠭᠰᠠᠨ ᠢᠶᠠᠷ᠂ ᠾᠧᠩ ᠳ᠋ᠡ ᠢᠷᠡᠭᠡᠳᠦᠶ ᠶᠢᠨ ᠬᠤᠲᠠ ᠶᠢᠨ ᠾᠧᠩ ᠳ᠋ᠡ ᠪᠦᠯᠦᠭᠯᠡᠯ ᠤᠨ ᠪᠠᠯᠠ ᠮᠥᠩᠭᠦ ᠲᠠᠰᠤᠷᠠᠭᠰᠠᠨ ᠠᠴᠠ ᠪᠣᠯᠵᠣ ᠬᠡᠷ ᠪᠠᠶᠢᠰᠢᠩ ᠲᠤᠰᠢᠶᠠᠬᠤ ᠶᠢ ᠨᠥᠯᠥᠭᠡᠯᠡᠵᠦ ᠪᠠᠶᠢᠨ᠎ᠠ᠃ ᠮᠠᠨ ᠤ ᠲᠣᠭᠤᠷᠢᠭ ᠳᠡᠭᠡᠳᠦ ᠱᠠᠲᠤᠨ ᠤ ᠰᠠᠯᠠᠭ᠎ᠠ ᠮᠥᠴᠢᠷ ᠤᠨ ᠵᠢᠭᠠᠪᠤᠷᠢ ᠶᠣᠰᠣᠭᠠᠷ ᠠᠵᠢᠯ ᠤᠨ ᠲᠤᠰᠬᠠᠶ ᠠᠩᠭᠢ ᠪᠠᠶᠢᠭᠤᠯᠵᠤ᠂ ᠬᠡᠷ ᠪᠠᠶᠢᠰᠢᠩ ᠤᠨ ᠪᠠᠲᠤᠯᠠᠭ᠎ᠠ ᠶᠢᠨ ᠲᠤᠰᠢᠶᠠᠨ ᠥᠭᠬᠦ ᠠᠵᠢᠯ ᠢ ᠪᠥᠬᠦ ᠬᠦᠴᠦᠨ ᠢᠶᠠᠷ ᠢᠶᠠᠨ ᠳᠥᠯᠭᠢᠨ ᠠᠬᠢᠭᠤᠯᠵᠤ᠂ ᠣᠳᠣᠬᠠᠨ ᠳᠤ ᠪᠠᠷᠢᠯᠭ᠎ᠠ ᠶᠢᠨ ᠨᠢᠭᠡᠴᠡ ᠶᠠᠭ ᠠᠵᠢᠯᠲᠠᠨ ᠵᠢᠴᠢ ᠮᠠᠲ᠋ᠧᠷᠢᠶᠠᠯ ᠢ ᠵᠣᠬᠢᠶᠠᠨ ᠪᠠᠶᠢᠭᠤᠯᠵᠤ᠂ ᠬᠦᠷᠢᠶᠡᠯᠡᠩ ᠲᠣᠭᠤᠷᠢᠭ ᠵᠢᠴᠢ ᠨᠣᠭᠤᠭᠠᠷᠠᠭᠤᠯᠤᠯᠲᠠ ᠶᠢᠨ ᠪᠥᠲᠥᠭᠡᠨ ᠪᠠᠶᠢᠭᠤᠯᠤᠯᠲᠠ ᠶᠢ ᠲᠡᠭᠦᠯᠳᠡᠷᠵᠢᠭᠦᠯᠵᠦ ᠪᠠᠶᠢᠨ᠎ᠠ᠂ ᠬᠦᠷᠢᠶᠡᠯᠡᠩ ᠲᠣᠭᠤᠷᠢᠭ ᠢ 2022 ᠣᠨ ᠤ 6 ᠰᠠᠷ᠎ᠠ ᠶᠢᠨ 30 ᠤ ᠡᠳᠦᠷ ᠳᠠᠭᠤᠰᠬᠠᠬᠤ ᠪᠠᠷ ᠲᠥᠯᠥᠪᠯᠡᠵᠦ᠂ ᠭᠠᠵᠠᠷ ᠰᠢᠷᠣᠶ ᠶᠢᠨ ᠬᠥᠮᠥᠷᠭᠡ ᠶᠢ 2022 ᠣᠨ ᠤ 10 ᠰᠠᠷ᠎ᠠ ᠶᠢᠨ 30 ᠤ ᠡᠳᠦᠷ ᠳᠠᠭᠤᠰᠬᠠᠬᠤ ᠪᠠᠷ ᠲᠥᠯᠥᠪᠯᠡᠵᠦ ᠪᠠᠶᠢᠨ᠎ᠠ᠃ ᠡᠭᠦᠨ ᠤ ᠵᠡᠷᠭᠡ ᠳᠤ ᠪᠠᠰᠠ ᠣᠯᠠᠨ ᠲᠠᠯ᠎ᠠ ᠪᠠᠷ ᠠᠷᠭ᠎ᠠ ᠪᠤᠳᠤᠵᠤ᠂ ᠪᠠᠯᠠ ᠮᠥᠩᠭᠦ ᠴᠤᠭᠯᠠᠭᠤᠯᠤᠨ᠂ ᠭᠠᠵᠠᠷ ᠳᠣᠤᠷᠠᠬᠢ ᠲᠡᠷᠭᠡᠨ ᠵᠣᠭᠰᠣᠭᠠᠯ ᠤᠨ ᠪᠥᠲᠥᠭᠡᠨ ᠪᠠᠶᠢᠭᠤᠯᠤᠯᠲᠠ ᠶᠢ ᠦᠨᠡᠨ ᠬᠦ ᠪᠠᠲᠤᠯᠠᠬᠤ ᠬᠡᠷᠡᠭᠲᠡᠶ᠃ ᠡᠭᠦᠨ ᠤ ᠬᠠᠮᠲᠤ᠂ ᠠᠳᠠᠯ ᠠᠬᠤᠶ ᠶᠢ ᠰᠢᠮᠳᠠᠭᠤᠯᠵᠤ ᠪᠠᠶᠢᠭᠠᠳ ᠠᠳᠠᠯ ᠠᠬᠤᠶ ᠶᠢᠨ ᠦᠢᠯᠡᠴᠢᠯᠡᠭᠡᠨ ᠤ ᠪᠣᠯᠵᠣᠯ ᠶᠣᠰᠣᠭᠠᠷ ᠶᠠᠪᠤᠭᠳᠠᠭᠤᠯᠵᠤ᠂ ᠪᠠᠭ᠎ᠠ ᠲᠣᠭᠤᠷᠢᠭ ᠤᠨ ᠬᠠᠮᠲᠤ ᠪᠠᠷ ᠬᠡᠷᠡᠭᠯᠡᠬᠦ ᠪᠡᠯᠡᠳᠬᠡᠮᠵᠢ ᠲᠥᠬᠦᠭᠡᠷᠦᠮᠵᠢ᠂ ᠬᠠᠮᠲᠤ ᠪᠠᠷ ᠬᠡᠷᠡᠭᠯᠡᠬᠦ ᠬᠡᠰᠡᠭ ᠤᠨ ᠡᠳᠦᠷ ᠲᠤᠲᠤᠮ ᠤᠨ ᠠᠵᠢᠯᠯᠠᠭᠠᠨ ᠢ ᠰᠠᠶᠢᠲᠤᠷ ᠬᠢᠨ᠎ᠠ᠃      ᠬᠥᠲᠥᠯᠥᠭᠴᠢ᠄      ᠭᠤᠣ ᠠᠪᠤᠭᠠᠶ᠄ ᠹᠦ᠋ ᠯᠢ ᠴᠧᠩ ᠬᠤᠲᠠ ᠶᠢᠨ 6 ᠳ᠋ᠤᠭᠠᠷ ᠬᠤᠭᠤᠴᠠᠭᠠᠨ ᠳᠤ ᠠᠳᠠᠯ ᠠᠬᠤᠶ ᠶᠢᠨ ᠰᠦᠢᠳᠬᠡᠯ ᠨᠢ ᠠᠳᠠᠯ ᠠᠬᠤᠶ ᠶᠢᠨ ᠦᠢᠯᠡᠴᠢᠯᠡᠭᠡ ᠲᠠᠢ ᠨᠡᠶᠢᠴᠡᠬᠦ ᠦᠭᠡᠶ᠃      ᠬᠦᠨᠳᠦᠳᠦ ᠵᠣᠴᠢᠨ ᠭᠤᠤ ᠹᠸᠢ᠄      ᠬᠢᠨᠠᠨ ᠬᠠᠷᠭᠤᠭᠤᠯᠤᠭᠰᠠᠨ ᠢᠶᠠᠷ᠂ ᠲᠣᠰ ᠳᠥᠰᠦᠯ ᠤᠨ ᠠᠳᠠᠯ ᠠᠬᠤᠶ ᠶᠢᠨ ᠠᠵᠤ ᠠᠬᠤᠶᠢᠯᠠᠯ ᠤᠨ ᠦᠢᠯᠡᠴᠢᠯᠡᠭᠡᠨ ᠤ ᠠᠭᠤᠯᠭ᠎ᠠ᠂ ᠰᠦᠢᠳᠬᠡᠯ ᠬᠤᠷᠢᠶᠠᠬᠤ ᠪᠠᠷᠢᠮᠵᠢᠶ᠎ᠠ ᠵᠡᠷᠭᠡ ᠠᠭᠤᠯᠭ᠎ᠠ ᠶᠢ ᠲᠣᠰ ᠪᠠᠭ᠎ᠠ ᠲᠣᠭᠤᠷᠢᠭ ᠲᠤ ᠨᠡᠶᠢᠲᠡᠯᠡᠨ ᠵᠠᠷᠯᠠᠭᠰᠠᠭᠠᠷ ᠢᠷᠡᠵᠡᠶ᠂ ᠭᠤᠤ ᠠᠪᠤᠭᠠᠶ ᠶᠢᠨ ᠨᠡᠶᠢᠲᠡᠯᠡᠨ ᠵᠠᠷᠯᠠᠭᠰᠠᠨ ᠥᠬᠡᠶ ᠠᠭᠤᠯᠭ᠎ᠠ ᠨᠢ ᠣᠷᠣᠯᠭ᠎ᠠ ᠵᠠᠷᠤᠯᠭ᠎ᠠ ᠶᠢᠨ ᠨᠠᠷᠢᠨ ᠲᠣᠳᠣᠷᠬᠠᠶ ᠪᠠᠶᠢᠪᠠᠯ ᠨᠡᠶᠢᠲᠡᠯᠡᠨ ᠵᠠᠷᠯᠠᠨ᠎ᠠ᠂ ᠳᠥᠰᠦᠯ ᠢ ᠨᠢᠳᠤᠨᠤᠨ ᠵᠢᠯ ᠤᠨ ᠡᠴᠦᠰ ᠲᠤ ᠲᠤᠰᠢᠶᠠᠵᠤ ᠥᠭᠭᠦᠭᠰᠡᠨ ᠪᠣᠯᠬᠤᠷ ᠠᠳᠠᠯ ᠠᠬᠤᠶ ᠶᠢᠨ ᠺᠣᠮᠫᠠᠨᠢ 6 ᠰᠠᠷ᠎ᠠ ᠶᠢᠨ ᠰᠡᠭᠦᠯᠴᠢ ᠪᠠᠷ ᠲᠦᠷᠦᠭᠦᠤ ᠬᠠᠭᠠᠰ ᠵᠢᠯ ᠤᠨ ᠣᠷᠣᠯᠭ᠎ᠠ ᠵᠠᠷᠤᠯᠭ᠎ᠠ ᠶᠢ ᠨᠡᠶᠢᠲᠡᠯᠡᠨ ᠵᠠᠷᠯᠠᠨ᠎ᠠ᠂ ᠡᠭᠦᠨ ᠤ ᠬᠠᠮᠲᠤ᠂ ᠮᠠᠨ ᠤ ᠲᠣᠪᠴᠢᠶ᠎ᠠ ᠳᠥᠰᠦᠯ ᠤᠨ ᠪᠠᠶᠢᠭ᠎ᠠ ᠬᠡᠷᠡᠭ ᠡᠷᠬᠢᠯᠡᠬᠦ ᠭᠠᠵᠠᠷ᠂ ᠨᠡᠶᠢᠭᠡᠮ ᠲᠣᠭᠤᠷᠢᠭ ᠲᠠᠢ ᠬᠠᠮᠲᠤᠷᠠᠨ ᠪᠠᠭ᠎ᠠ ᠲᠣᠭᠤᠷᠢᠭ ᠲᠤ ᠪᠠᠶᠢᠴᠠᠭᠠᠯᠲᠠ ᠬᠢᠬᠦ ᠤᠳᠠᠭ᠎ᠠ ᠪᠠᠨ ᠨᠡᠮᠡᠭᠳᠡᠭᠦᠯᠦᠨ᠎ᠡ᠃      ᠬᠥᠲᠥᠯᠥᠭᠴᠢ᠄      ᠯᠢ ᠠᠪᠤᠭᠠᠶ᠄ ᠵᠢᠩ ᠭᠤᠸᠠᠨ ᠵᠢᠶᠠ ᠶᠤᠸᠠᠨ ᠠᠳᠠᠯ ᠠᠬᠤᠶ ᠶᠢᠨ ᠦᠢᠯᠡᠴᠢᠯᠡᠭᠡ ᠬᠦᠷᠦᠯᠴᠡᠬᠦ ᠦᠭᠡᠢ᠂ ᠬᠡᠳᠦ ᠤᠳᠠᠭ᠎ᠠ ᠴᠡᠪᠡᠷᠯᠡᠭᠡ ᠬᠢᠭᠰᠡᠨ ᠦᠭᠡᠢ᠂ ᠲᠤᠬᠠᠶ ᠶᠢᠨ ᠦᠶ᠎ᠡ ᠳᠤ ᠭᠡᠷ ᠪᠠᠶᠢᠰᠢᠩ ᠪᠠᠷᠢᠭᠰᠠᠨ ᠳᠡᠪᠲᠡᠷ ᠢ ᠠᠳᠠᠯ ᠠᠬᠤᠶ ᠶᠢᠨ ᠭᠠᠵᠠᠷ ᠲᠤ ᠲᠤᠰᠢᠶᠠᠬᠤ ᠳᠤ ᠬᠡᠯᠡᠭᠰᠡᠨ ᠨᠢ ᠢᠯᠡᠭᠦᠳᠡᠪᠡᠯ ᠪᠤᠴᠠᠭᠠᠵᠤ᠂ ᠳᠤᠲᠠᠪᠠᠯ ᠨᠥᠬᠦᠨ᠎ᠡ᠂ ᠬᠤᠵᠢᠮ  ᠨᠢ ᠵᠣᠭᠤᠰ ᠢ ᠪᠤᠴᠠᠭᠠᠭᠰᠠᠨ ᠦᠭᠡᠢ᠂ ᠠᠳᠠᠯ ᠠᠬᠤᠶ ᠶᠢᠨ ᠵᠠᠷᠤᠳᠠᠯ ᠢᠶᠠᠷ ᠤᠰᠠᠳᠬᠠᠵᠠᠢ᠃      ᠬᠦᠨᠳᠦᠳᠦ ᠵᠣᠴᠢᠨ ᠭᠤᠤ ᠹᠸᠢ᠄      ᠵᠢᠩ ᠭᠤᠸᠠᠨ ᠵᠢᠶᠠ ᠶᠤᠸᠠᠨ ᠤᠨ ᠪᠠᠭ᠎ᠠ ᠲᠣᠭᠤᠷᠢᠭ ᠢ 2013 ᠣᠨ ᠳᠤ ᠵᠠᠯᠭᠠᠭ᠎ᠠ ᠪᠠᠷ ᠲᠤᠰᠢᠶᠠᠨ ᠬᠡᠷᠡᠭᠯᠡᠭᠦᠯᠵᠦ᠂ ᠨᠡᠶᠢᠲᠡ 16 ᠰᠠᠭᠤᠷᠢ ᠣᠷᠣᠨ ᠰᠠᠭᠤᠴᠠ ᠲᠠᠢ᠂ ᠬᠤᠯᠪᠣᠭᠳᠠᠭᠰᠠᠨ ᠣᠷᠣᠨ ᠰᠠᠭᠤᠴᠠ ᠨᠢ 13 ᠰᠠᠭᠤᠷᠢ 730 ᠡᠷᠦᠬᠡ ᠪᠠᠶᠢᠵᠤ᠂ ᠠᠵᠤ ᠠᠬᠤᠶᠢᠯᠠᠯ ᠤᠨ ᠪᠠᠯᠠ ᠮᠥᠩᠭᠦ ᠶᠢᠨ ᠬᠡᠯᠬᠢᠶ᠎ᠡ ᠲᠠᠰᠤᠷᠠᠭᠰᠠᠨ ᠠᠴᠠ ᠪᠣᠯᠵᠣ ᠂ ᠣᠷᠣᠯᠠᠨ ᠬᠤᠷᠢᠶᠠᠭᠰᠠᠨ ᠭᠡᠷ᠎ᠡ ᠶᠢᠨ ᠭᠠᠶᠢᠯᠢ ᠶᠢᠨ ᠰᠡᠯᠪᠢᠨ ᠵᠠᠰᠠᠬᠤ ᠪᠠᠯᠠ ᠮᠥᠩᠭᠦ ᠶᠢ ᠬᠠᠮᠢᠶ᠎ᠠ ᠪᠥᠬᠦᠶ ᠰᠠᠯᠠᠭ᠎ᠠ ᠮᠥᠴᠢᠷ ᠲᠤ ᠴᠤᠭᠯᠠᠭᠤᠯᠬᠤ ᠶᠢᠨ ᠠᠷᠭ᠎ᠠ ᠥᠬᠡᠶ ᠪᠣᠯᠪᠠ᠃ ᠨᠡᠭᠡᠭᠡᠨ ᠬᠥᠭᠵᠢᠭᠦᠯᠬᠦ ᠠᠵᠤ ᠠᠬᠤᠶᠢᠯᠠᠯ ᠨᠢ ᠦᠵᠡᠮᠵᠢ ᠶᠢᠨ ᠬᠡᠷ ᠣᠷᠣᠨ ᠤ ᠪᠠᠭ᠎ᠠ ᠲᠣᠭᠤᠷᠢᠭ ᠤᠨ ᠬᠡᠰᠡᠭ ᠥᠮᠴᠢᠲᠡᠨ ᠤ ᠵᠥᠪᠰᠢᠶᠡᠷᠡᠯ ᠢ ᠣᠯᠵᠤ᠂ ᠥᠷᠢᠲᠦᠵᠦ ᠪᠠᠶᠢᠭ᠎ᠠ ᠠᠳᠠᠯ ᠠᠬᠤᠶ ᠶᠢᠨ ᠰᠦᠢᠳᠬᠡᠯ ᠤᠨ ᠲᠤᠯᠭᠠᠨ ᠬᠠᠰᠤᠭᠰᠠᠨ ᠬᠡᠰᠡᠭ ᠤᠨ ᠭᠠᠶᠢᠯᠢ ᠰᠦᠢᠳᠬᠡᠯ ︵ᠭᠡᠷ᠎ᠡ ᠶᠢᠨ ᠭᠠᠶᠢᠯᠢ ᠪᠠ ᠰᠡᠯᠪᠢᠨ ᠵᠠᠰᠠᠬᠤ ᠰᠠᠭᠤᠷᠢ ᠮᠥᠩᠭᠦ︶ ᠤᠨ ᠬᠦᠷᠦᠯᠴᠡᠬᠦ ᠥᠬᠡᠶ ᠬᠡᠰᠡᠭ ᠢ ᠨᠥᠬᠦᠨ ᠲᠤᠰᠢᠶᠠᠯᠭᠠᠬᠤ ᠪᠠᠷ ᠵᠥᠪᠰᠢᠶᠡᠷᠡᠭᠰᠡᠨ ᠤᠷᠢᠲᠠᠯ ᠳᠣᠤᠷ᠎ᠠ᠂ ᠡᠷᠦᠬᠡ ᠬᠤᠪᠢᠶᠠᠭᠰᠠᠨ ᠥᠮᠴᠢᠯᠡᠬᠦ ᠡᠷᠬᠡ ᠶᠢᠨ ᠭᠠᠷᠳᠠᠮ ᠢ ᠡᠬᠢᠯᠡᠨ ᠭᠦᠶ᠋ᠴᠡᠳᠬᠡᠵᠦ᠂ 2019 ᠣᠨ ᠤ 12 ᠰᠠᠷ᠎ᠠ ᠠᠴᠠ ᠡᠬᠢᠯᠡᠨ᠂ ᠥᠮᠴᠢᠲᠡᠨ ᠨᠢ ᠥᠮᠴᠢᠯᠡᠬᠦ ᠡᠷᠬᠡ ᠶᠢᠨ ᠥᠷᠢᠲᠦᠵᠦ ᠪᠠᠶᠢᠭ᠎ᠠ ᠰᠦᠢᠳᠬᠡᠯ ᠢ ᠲᠤᠰᠢᠶᠠᠭᠰᠠᠨ ᠤ ᠳᠠᠷᠠᠭ᠎ᠠ᠂ ᠠᠳᠠᠯ ᠠᠬᠤᠶ ᠶᠢᠨ ᠰᠦᠢᠳᠬᠡᠯ ᠬᠤᠷᠢᠶᠠᠬᠤ ᠨᠣᠷᠮ᠎ᠠ ᠨᠢ ᠶᠡᠷᠦ ᠠᠴᠠ 5% ᠬᠥᠷᠬᠦ ᠥᠬᠡᠶ ᠪᠠᠶᠢᠪᠠ᠃ ᠠᠳᠠᠯ ᠠᠬᠤᠶ ᠶᠢᠨ ᠺᠣᠮᠫᠠᠨᠢ ᠦᠢᠯᠡᠴᠢᠯᠡᠭᠡᠨ ᠤ ᠶᠠᠪᠤᠴᠠ ᠳᠠᠭᠠᠨ ᠠᠵᠢᠯᠯᠠᠬᠤ ᠳᠤ ᠬᠦᠴᠢᠷᠲᠡᠶ᠂ ᠠᠳᠠᠯ ᠠᠬᠤᠶ ᠶᠢᠨ ᠭᠠᠵᠠᠷ ᠠᠴᠠ ᠪᠠᠭ᠎ᠠ ᠲᠣᠭᠤᠷᠢᠭ ᠤᠨ ᠴᠠᠬᠢᠯᠭᠠᠨ ᠱᠠᠲᠤ ᠵᠢᠴᠢ ᠬᠦᠷᠢᠶ᠎ᠡ ᠬᠠᠰᠢᠶ᠎ᠠ ᠶᠢ ᠡᠳᠦᠷ ᠪᠦᠷᠢ ᠴᠡᠪᠡᠷᠯᠡᠵᠦ᠂ ᠠᠰᠠᠷ ᠤᠨ ᠬᠤᠩᠭᠢᠯ ᠢ ᠭᠠᠷᠠᠭ ᠲᠤ ᠬᠤᠶᠠᠷ ᠤᠳᠠᠭ᠎ᠠ ᠴᠡᠪᠡᠷᠯᠡᠨ᠎ᠡ᠂ ᠡᠭᠦᠨ ᠠᠴᠠ ᠡᠮᠦᠨ᠎ᠡ ᠮᠠᠨ ᠤ ᠲᠥᠪ ᠤᠨ ᠡᠳᠦᠷ ᠲᠤᠲᠤᠮ ᠤᠨ ᠲᠣᠭᠤᠷᠢᠨ ᠪᠠᠶᠢᠴᠠᠭᠠᠯᠲᠠ ᠳᠤ᠂ ᠲᠡᠭᠦᠨ ᠤ ᠢᠯᠡ ᠨᠡᠶᠢᠲᠡᠯᠡᠭᠰᠡᠨ ᠥᠬᠡᠶ ᠠᠭᠤᠯᠭ᠎ᠠ ᠶᠢ ᠢᠯᠡ ᠨᠡᠶᠢᠲᠡᠯᠡᠭᠰᠡᠨ ᠥᠬᠡᠶ ᠪᠥᠭᠡᠳ ᠠᠳᠠᠯ ᠠᠬᠤᠶ ᠶᠢᠨ ᠢᠲᠡᠭᠡᠮᠵᠢ ᠶᠢᠨ ᠦᠨᠡᠯᠡᠯᠲᠡ ᠶᠢᠨ ᠬᠤᠪᠢ ᠬᠠᠰᠤᠬᠤ ᠰᠢᠢᠳᠪᠤᠷᠢᠯᠡᠯᠲᠡ ᠬᠢᠭᠰᠡᠨ ᠪᠠᠶᠢᠨ᠎ᠠ᠂ ᠲᠠᠷᠠᠭᠠᠴᠢ ᠶᠢᠨ ᠠᠯᠬᠤᠮ ᠳᠤ᠂ ᠪᠢᠳᠡ ᠲᠡᠭᠦᠨ ᠢ ᠪᠠᠶᠢᠴᠠᠭᠠᠬᠤ ᠤᠳᠠᠭ᠎ᠠ ᠪᠠᠨ ᠴᠢᠩᠭᠠᠳᠬᠠᠬᠤ ᠶᠢᠨ ᠬᠠᠮᠲᠤ ᠬᠠᠷᠢᠶ᠎ᠠ ᠭᠠᠵᠠᠷ ᠤᠨ ᠵᠡᠭᠡᠯᠢ ᠭᠤᠳᠤᠮᠵᠢ ᠶᠢ ᠵᠢᠯᠣᠭᠤᠳᠴᠤ᠂ ᠠᠵᠤ ᠦᠢᠯᠡᠰ ᠤᠨ ᠵᠥᠪᠯᠡᠯ ᠢ ᠵᠣᠬᠢᠶᠠᠨ ᠪᠠᠶᠢᠭᠤᠯᠬᠤ ᠠᠵᠢᠯ ᠢ ᠥᠷᠨᠢᠭᠦᠯᠵᠦ᠂ ᠥᠮᠴᠢᠲᠡᠨ ᠤ ᠪᠠᠭ᠎ᠠ ᠲᠣᠭᠤᠷᠢᠭ ᠤᠨ ᠠᠳᠠᠯ ᠠᠬᠤᠶ ᠶᠢᠨ ᠬᠠᠮᠢᠶᠠᠷᠤᠯᠲᠠ ᠳᠤ ᠣᠷᠣᠯᠴᠠᠬᠤ ᠬᠡᠮᠵᠢᠶ᠎ᠡ ᠶᠢ ᠳᠡᠭᠡᠭᠰᠢᠯᠡᠭᠦᠯᠦᠨ᠎ᠡ᠃ 
 
ᠢᠷᠡᠯᠲᠡ᠄ ᠵᠢᠦ ᠶᠤᠸᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号