ᠦᠵᠡᠰᠬᠦᠯᠡᠩᠲᠦ ᠰᠠᠶᠢᠬᠠᠨ ᠮᠡᠷᠭᠡᠨ ᠤᠨ ᠵᠤᠭᠠᠴᠠᠯ ᠤᠨ ᠦᠵᠡᠮᠵᠢ ᠶᠢᠨ ᠣᠷᠣᠨ ᠨᠢ ᠪᠤᠭᠤᠲᠤ ᠬᠤᠳᠠ ᠶᠢᠨ | ᠬᠥᠨᠳᠡᠯᠡᠨ ᠲᠣᠭᠤᠷᠢᠭ ᠠᠴᠠ ᠪᠠᠷᠠᠭᠤᠨᠰᠢ ᠪᠠᠷᠤᠭ 30 ᠺᠢᠯᠦᠮᠧᠳ᠋ᠷ ᠤᠨ ᠭᠠᠵᠠᠷ ᠲᠤ ᠪᠠᠶᠢᠷᠢᠯᠠᠵᠤ᠂ 2013 | ᠣᠨ ᠳᠤ ᠤᠯᠤᠰ ᠤᠨ 4A ᠳᠡᠰ ᠤᠨ ᠦᠵᠡᠮᠵᠢ ᠶᠢᠨ ᠣᠷᠣᠨ ᠢᠶᠠᠷ ᠦᠨᠡᠯᠡᠭᠳᠡᠪᠡ᠃ ᠲᠡᠷᠡ ᠨᠢ ᠮᠤᠨᠠ ᠠᠭᠤᠯᠠ ᠶᠢᠨ | ᠡᠮᠦᠨ᠎ᠡ ᠬᠤᠷᠮᠣᠶ ᠶᠢ ᠲᠦᠰᠢᠵᠦ᠂ ᠡᠮᠦᠨᠡᠰᠢ 110 ᠤᠯᠤᠰ ᠤᠨ ᠵᠠᠮ ᠪᠠ ᠪᠤᠭᠤᠲᠤ ᠠᠴᠠ ᠯᠠᠨᠵᠧᠦ ᠬᠥᠷᠬᠦ ᠲᠡᠮᠦᠷ | ᠵᠠᠮ ᠠᠴᠠ ᠰᠠᠷ᠎ᠠ ᠳᠤ 1 ᠺᠢᠯᠣᠮᠧᠲᠷ ᠵᠠᠶᠢᠲᠠᠶ ᠪᠠᠶᠢᠵᠤ᠂ ᠵᠡᠭᠦᠨᠰᠢ ᠵᠢᠯ ᠲᠤᠷᠰᠢ ᠭᠤᠷᠤᠬ᠎ᠠ ᠶᠢᠨ ᠤᠰᠤ ᠲᠠᠢ ᠪᠠᠶᠢᠵᠤ᠂ | ᠥᠩᠭᠡ ᠦᠵᠡᠮᠵᠢ ᠨᠢ ᠲᠦᠢᠯ ᠤᠨ ᠭᠤᠶᠢᠳᠠ ᠰᠠᠶᠢᠬᠠᠨ ᠪᠠᠶᠢᠳᠠᠭ᠃ ᠮᠡᠷᠭᠡᠨ ᠤᠨ ᠵᠤᠭᠠᠴᠠᠯ ᠤᠨ ᠦᠵᠡᠮᠵᠢ ᠶᠢᠨ | ᠣᠷᠣᠨ ᠢ ᠵᠤᠤ ᠰᠦᠮ᠎ᠡ ᠶᠢᠨ ᠦᠵᠡᠮᠵᠢ ᠶᠢᠨ ᠣᠷᠣᠨ ᠪᠠ ᠪᠠᠶᠢᠭᠠᠯᠢ ᠶᠢᠨ ᠦᠵᠡᠮᠵᠢ ᠶᠢᠨ ᠣᠷᠣᠨ ᠭᠡᠵᠦ ᠬᠤᠶᠠᠷ | ᠬᠡᠰᠡᠭ ᠬᠤᠪᠢᠶᠠᠨ᠎ᠠ᠃ ᠪᠠᠶᠢᠭᠠᠯᠢ ᠶᠢᠨ ᠦᠵᠡᠮᠵᠢ ᠶᠢᠨ ᠣᠷᠣᠨ ᠳᠤ ᠬᠠᠴᠢᠨ ᠭᠠᠶᠢᠬᠠᠮᠰᠢᠭᠲᠠᠶ ᠪᠠᠶᠢᠭᠠᠯᠢ ᠶᠢᠨ ᠥᠩᠭᠡ | ᠦᠵᠡᠮᠵᠢ ᠲᠠᠢ ᠪᠠᠶᠢᠵᠤ᠂ ᠠᠭᠤᠯᠠ ᠬᠠᠳᠠ ᠠᠰᠬ᠎ᠠ ᠬᠠᠲᠠ᠂ ᠴᠡᠴᠡᠭ ᠮᠣᠳᠣ ᠪᠠᠭᠰᠢᠷᠠᠨ ᠤᠷᠭᠤᠵᠤ᠂ ᠵᠢᠭᠦᠷᠲᠡᠨ | ᠰᠢᠪᠠᠭᠤ ᠵᠢᠷᠭᠢᠨ ᠵᠢᠷᠭᠢᠵᠦ᠂ ᠬᠦᠷᠬᠢᠷ᠎ᠡ ᠳᠣᠯᠭᠢᠶᠠᠯᠠᠨ ᠤᠷᠤᠰᠴᠤ᠂ ᠬᠠᠴᠢᠨ ᠭᠠᠶᠢᠬᠠᠯᠲᠠᠶ ᠦᠵᠡᠰᠬᠦᠯᠡᠩ ᠰᠠᠶᠢᠬᠠᠨ | ᠥᠩᠭᠡ ᠦᠵᠡᠮᠵᠢ ᠨᠢ ᠬᠥᠮᠦᠨ ᠤ ᠰᠡᠳᠬᠢᠯ ᠢ ᠲᠠᠲᠠᠮ᠎ᠠ ᠰᠠᠶᠢᠬᠠᠨ ᠪᠠᠶᠢᠳᠠᠭ᠃ ᠰᠦᠮ᠎ᠡ ᠬᠡᠶᠢᠳ ᠤᠨ ᠬᠤᠶᠢᠲᠤ | ᠲᠠᠯ᠎ᠠ ᠳᠤ ᠳᠡᠮᠡᠶ ᠬᠤᠯᠠ ᠦᠭᠡᠶ ᠨᠢ ᠳᠠᠷᠤᠶ ᠮᠡᠷᠭᠡᠨ ᠭᠤᠤ ᠶᠢᠨ ᠠᠮᠠ ᠪᠣᠯᠤᠨ᠎ᠠ᠃ ᠮᠡᠷᠭᠡᠨ ᠤ ᠭᠤᠤ ᠨᠢ ᠲᠡᠦᠬᠡᠨ | ᠳᠡᠭᠡᠷ᠎ᠡ ᠮᠤᠨᠢ ᠠᠭᠤᠯᠠ ᠶᠢᠨ ᠡᠮᠦᠨ᠎ᠡ ᠤᠮᠠᠷ᠎ᠠ ᠶᠢ ᠨᠡᠪᠲᠡᠷᠡᠭᠦᠯᠬᠦ ᠨᠢᠭᠡᠨ ᠵᠤᠷᠪᠤᠰ ᠵᠠᠮ ᠪᠠᠶᠢᠵᠤ᠂ ᠤᠷᠭᠤᠮᠠᠯ ᠤᠨ | ᠬᠤᠴᠢᠯᠭ᠎ᠠ ᠶᠢᠨ ᠪᠦᠷᠬᠦᠴᠡ ᠶᠢᠨ ᠨᠤᠷᠮ᠎ᠠ ᠨᠢ 90% ᠣᠷᠴᠢᠮ ᠳᠤ ᠬᠦᠷᠴᠦ᠂ ᠭᠠᠵᠠᠷ ᠪᠣᠯᠭᠠᠨ ᠳᠤ ᠡᠪᠡᠰᠦ ᠮᠣᠳᠣ | ᠰᠣᠩᠭᠢᠨ᠎ᠠ ᠶᠢᠨ ᠰᠢᠩᠭᠡᠯᠢᠭ ᠲᠠᠢ ᠪᠠᠶᠢᠪᠠ᠃ ᠮᠣᠳᠣᠨ ᠤ ᠳᠣᠲᠣᠷ᠎ᠠ ᠠᠷᠴᠠ ᠠᠷᠪᠢᠨ᠂ ᠪᠠᠰᠠ ᠨᠠᠷᠠᠰᠤ᠂ ᠬᠤᠰᠤ᠂ | ᠢᠯᠠᠮ᠎ᠠ᠂ ᠳᠠᠪᠲᠠᠯᠲᠠ ᠵᠡᠷᠭᠡ ᠪᠠᠶᠢᠨ᠎ᠠ᠂ ᠴᠡᠴᠡᠭ ᠡᠪᠡᠰᠦᠨ ᠤ ᠳᠣᠲᠣᠷ᠎ᠠ ᠪᠠᠳᠮ᠎ᠠ᠂ ᠤᠯᠠᠯᠵᠢᠭᠠᠨ᠎ᠠ᠂ ᠰᠦᠨ | ᠦᠨᠳᠦᠰᠦ᠂ ᠴᠢᠨ᠋ᠸ᠎ᠠ ᠶᠢᠨ ᠬᠤᠣᠷ ᠵᠡᠷᠭᠡ ᠪᠤᠶ᠃ ᠬᠡᠭᠡᠷ᠎ᠡ ᠶᠢᠨ ᠠᠮᠢᠲᠠᠨ ᠳᠤ ᠰᠠᠷᠮᠠᠭᠴᠢᠨ᠂ ᠦᠨᠡᠭᠡ᠂ ᠶᠠᠯᠠᠲᠠᠨ | ᠵᠢᠴᠢ ᠬᠠᠷᠴᠠᠭᠠᠶ᠂ ᠱᠠᠭᠠᠵᠠᠭᠠᠶ᠂ ᠬᠠᠷᠢᠶᠠᠴᠠᠶ᠂ ᠪᠢᠯᠵᠤᠤᠬᠠᠢ ᠵᠡᠷᠭᠡ ᠪᠤᠶ᠃ ᠦᠵᠡᠮᠵᠢ ᠶᠢᠨ ᠣᠷᠣᠨ ᠳᠤ | ᠪᠦᠷᠭᠦᠳ ᠤᠨ ᠮᠥᠷᠦ᠋ᠢᠴᠡᠭᠡᠨ ᠢ ᠰᠣᠨᠢᠷᠬᠠᠬᠤ᠂ ᠰᠣᠭᠲᠣᠭᠤ ᠠᠷᠰᠯᠠᠨ ᠤ ᠰᠢᠰᠢᠨ ᠪᠤᠯᠠᠭ᠂ ᠦᠯᠢᠭᠡᠷ ᠤᠨ ᠲᠠᠪᠴᠠᠩ | ᠂ ᠲᠡᠮᠡᠭᠡᠨ ᠣᠷᠭᠢᠯ᠂ ᠤᠨᠲᠠᠩᠬᠠᠢ ᠪᠤᠭᠤ ᠶᠢᠨ ᠴᠢᠯᠠᠭᠤ ᠵᠡᠷᠭᠡ ᠦᠵᠡᠮᠵᠢ ᠲᠠᠢ᠂ ᠡᠳᠦᠭᠡ ᠮᠡᠷᠭᠡᠨ ᠤᠨ ᠦᠵᠡᠮᠵᠢ ᠶᠢᠨ | ᠣᠷᠣᠨ ᠨᠢᠭᠡᠨᠲᠡ ᠤᠯᠠᠨ ᠲᠦᠮᠡᠨ ᠤ ᠪᠠᠶᠠᠷ ᠳᠤᠷᠠᠰᠬᠠᠯ ᠠᠮᠠᠷᠠᠯᠲᠠ ᠶᠢᠨ ᠡᠳᠦᠷ ᠤᠨ ᠵᠤᠭ᠎ᠠ ᠴᠡᠩᠭᠡᠯ ᠤᠨ ᠰᠠᠶᠢᠬᠠᠨ | ᠭᠠᠵᠠᠷ ᠪᠣᠯᠵᠠᠢ᠃ | ᠦᠵᠡᠮᠵᠢ ᠶᠢᠨ ᠣᠷᠣᠨ ᠤ ᠵᠠᠭᠠᠯᠳᠤᠬᠤ ᠳ᠋ᠢᠶᠠᠩᠬᠤᠸᠠ᠄ 0472-5155595 | ᠵᠢᠦ ᠶᠤᠸᠠᠨ ᠲᠣᠭᠤᠷᠢᠭ ᠤᠨ ᠵᠢᠭᠤᠯᠴᠢᠯᠠᠯ ᠤᠨ ᠲᠣᠪᠴᠢᠶ᠎ᠠ ᠶᠢᠨ ᠵᠠᠭᠠᠯᠳᠤᠬᠤ ᠤᠲᠠᠰᠤ᠄ | 0472-6140859 | | | | | | ᠮᠡᠷᠭᠡᠨ ᠦᠵᠡᠮᠵᠢ ᠶᠢᠨ ᠣᠷᠣᠨ ᠤ ᠬᠠᠶ᠋ᠢᠭ | ᠬᠠᠶ᠋ᠢᠭ᠄ ᠥᠪᠥᠷ ᠮᠣᠩᠭᠤᠯ ᠤᠨ ᠪᠤᠭᠤᠲᠤ ᠬᠤᠲᠠ ᠶᠢᠨ ᠮᠡᠷᠭᠡᠨ ᠭᠤᠤ ᠶᠢᠨ 110 ᠤᠯᠤᠰ ᠤᠨ ᠵᠠᠮ ᠤᠨ | 712 ᠺᠢᠯᠣᠮᠧᠲᠷ ᠤᠨ ᠭᠠᠵᠠᠷ | ᠵᠠᠮ ᠬᠠᠷᠢᠯᠴᠠᠭᠠᠨ ᠤ ᠵᠢᠭᠠᠯᠲᠠ᠄ | 1. ᠰᠢᠭᠤᠳ ᠬᠦᠷᠬᠦ ᠡᠭᠡᠯᠵᠢ ᠶᠢᠨ ᠲᠡᠷᠭᠡ᠄ ︵ᠭᠠᠷᠠᠭ ᠤᠨ ᠵᠢᠷᠭᠤᠭᠠᠨ ᠤ ᠡᠳᠦᠷ︶ | ᠳ᠋ᠦᠩ ᠾᠧ ᠶᠢᠨ ᠬᠤᠯᠠ ᠵᠠᠮ ᠤᠨ ᠠᠶᠠᠨᠴᠢᠳ ᠤᠨ ᠲᠡᠭᠡᠭᠡᠪᠦᠷᠢ ᠶᠢᠨ ᠦᠷᠳᠡᠭᠡ ︵7∶00︶ → | ᠪᠤᠭᠤᠲᠤ ᠶᠢᠨ ᠡᠮᠨᠡᠯᠭᠡ ᠶᠢᠨ ᠳᠡᠭᠡᠳᠦ ᠰᠤᠷᠭᠠᠭᠤᠯᠢ ︵7∶20︶ → ᠪᠦᠦ ᠱᠢ ᠳᠡᠭᠡᠳᠦ ᠰᠤᠷᠭᠠᠭᠤᠯᠢ ︵ | 7∶40︶ → ᠢ ᠬᠦᠩ ︵8∶00︶ → ᠺᠦᠨ ᠲᠣᠭᠤᠷᠢᠭ ᠤᠨ ᠬᠤᠯᠠ ᠵᠠᠮ ᠤᠨ ᠠᠶᠠᠨᠴᠢᠳ ᠤᠨ | ᠲᠡᠭᠡᠭᠡᠪᠦᠷᠢ ᠶᠢᠨ ᠦᠷᠳᠡᠭᠡ ︵8∶30︶ → ᠮᠧᠶ ᠯᠢ ᠭᠠᠩ ᠦᠵᠡᠮᠵᠢ ᠶᠢᠨ ᠣᠷᠣᠨ | 2. ᠲᠡᠷᠭᠡ ᠵᠢᠯᠣᠭᠤᠳᠬᠤ ᠳᠤ ᠪᠠᠷᠤᠭ ᠨᠢᠭᠡ ᠴᠠᠭ ᠤᠨ ᠳᠣᠲᠣᠷ᠎ᠠ ᠮᠡᠷᠭᠡᠨ ᠦᠵᠡᠮᠵᠢ ᠶᠢᠨ ᠣᠷᠣᠨ ᠳᠤ ᠬᠦᠷᠴᠦ | ᠳᠡᠶᠢᠯᠦᠨ᠎ᠡ᠃ | |