ᠰᠡᠯᠡᠭᠦᠦ ᠴᠠᠭ ᠎ ᠢᠶᠠᠷ ᠢᠶᠠᠨ  ︽ᠲᠣᠰᠤ ᠨᠠᠮᠠᠪᠠ︾
ᠨᠡᠶᠢᠲᠡᠯᠡᠭᠰᠡᠨ ᠴᠠᠭ᠄
2018/4/8
       ︽ ᠭᠦᠢ᠂ ᠠᠬ᠎ᠠ ᠠ᠂ ᠲᠠ ᠴᠢᠨᠢ  ᠵᠢᠭᠡᠯᠡᠯᠭᠡ ᠶᠢᠨ ᠶᠠᠪᠥᠳᠠᠯ ᠳᠠᠭᠠᠨ ᠮᠣᠩᠭᠠᠨᠢᠭᠠᠳ ᠶᠠᠮᠡᠷ ᠭᠡᠮᠵᠢᠶᠠᠨ ᠳᠤ ᠬᠦᠷᠪᠡ︖ ᠪᠢ  ᠬᠤᠷᠢᠨ ᠲᠦᠮᠨ  ᠎ ᠪᠠᠨ ᠭᠠᠷ ᠲᠠᠭᠠᠨ ᠠᠳᠬᠤᠴᠢᠬᠠᠯ᠎ᠠ  ︕︾ ᠭᠡᠵᠥ ᠵᠢᠥ ᠶᠤᠸᠠᠨ ᠲᠤᠭᠤᠷᠢᠭ ᠤᠨ  ᠬᠤᠷᠢᠨᠭᠡᠷ  ᠪᠠᠯᠭᠠᠰᠥ ᠶᠢᠨ ᠴᠣᠷᠢ ᠪᠤᠳᠠ ᠲᠤᠰᠬᠤᠨ ᠤ ᠲᠠᠷᠢᠶᠠᠴᠢᠨ ᠸᠠᠩ ᠱᠠᠨ ᠬᠤ᠋  ᠂ ᠭᠦᠳᠡᠯᠮᠥᠷᠢ ᠪᠠ ᠨᠠᠶᠢᠭᠡᠮ ᠤᠨ ᠪᠠᠳᠥᠯᠠᠭ᠎ᠠ ᠶᠢᠨ ᠬᠡᠷᠡᠭ ᠡᠷᠭᠢᠯᠡᠭᠦ ᠭᠠᠵᠠᠷ ᠲᠤ ᠵᠢᠭᠡᠯᠡᠯᠭᠡ ᠭᠤᠶᠤᠴᠢᠯᠠᠬᠤ ᠪᠠᠷ ᠢᠷᠡᠭᠰᠡᠨ ᠲᠤᠰ ᠲᠤᠰᠬᠤᠨ ᠤ ᠲᠠᠷᠢᠶᠠᠴᠢᠨ ᠴᠧᠨ ᠰᠾᠧ ᠯᠢᠶᠠᠩ ᠳᠤ ᠳᠣᠭᠳᠤᠯᠤᠭᠰᠠᠨ ᠰᠡᠳᠭᠢᠯ ᠢᠶᠠᠨ ᠲᠠᠷᠥᠵᠥ ᠶᠠᠳᠠᠨ ᠭᠠᠷ ᠲᠠᠬᠢ ᠪᠠᠩᠭᠢ ᠶᠢᠨ ᠺᠠᠷᠲ ᠪᠠᠨ ᠪᠠᠷᠳᠠᠮᠨᠠᠨ ᠦᠵᠡᠭᠦᠯᠦᠨ᠎ᠠ᠃        ︽ᠮᠢᠨᠦᠭᠢ ᠴᠤ ᠦᠨᠦᠳᠦᠷ ᠲᠡᠭᠡᠨ ᠪᠦᠳᠦᠨ᠎ᠠ  ᠰᠢᠥ᠂ ᠨᠠᠮᠠᠶᠢ ᠪᠠᠩᠭᠢ ᠶᠢᠨ ᠺᠠᠷᠲ ᠪᠠᠨ ᠠᠪᠬᠤ ᠪᠠᠷ ᠢᠷᠡᠭᠡᠷᠡᠢ ᠭᠡᠵᠥ ᠭᠦᠮᠦᠨ ᠢᠶᠠᠷ ᠵᠠᠬᠢᠶ᠎ᠠ ᠢᠷᠡᠭᠦᠯᠥᠭᠰᠡᠨ ᠪᠢᠯᠡ︾ ᠴᠧᠨ ᠰᠾᠧ ᠯᠢᠶᠠᠩ  ᠴᠤ ᠨᠢᠭᠤᠷ  ᠳᠦᠭᠦᠷᠡᠩ ᠪᠠᠶᠠᠷ ᠤᠨ ᠤᠯᠠᠭ᠎ᠠ  ᠎ ᠲᠠᠢ᠃        ᠦᠷᠯᠦᠭᠡ ᠡᠷᠲᠡ᠂ ᠵᠢᠥ ᠶᠤᠸᠠᠨ ᠲᠤᠭᠤᠷᠢᠭ ᠤᠨ ᠬᠤᠷᠢᠨᠭᠡᠷ ᠪᠠᠯᠭᠠᠰᠥ ᠶᠢᠨ ᠭᠦᠳᠡᠯᠮᠥᠷᠢ ᠪᠠ ᠨᠡᠶᠢᠭᠡᠮ ᠤᠨ ᠪᠠᠲᠤᠯᠠᠭ᠎ᠠ ᠶᠢᠨ  ᠬᠡᠷᠡᠭ ᠡᠷᠭᠢᠯᠡᠭᠦ  ᠭᠠᠵᠠᠷ ᠤᠨ ᠦᠢᠯᠡᠴᠢᠯᠡᠭᠡᠨ ᠤ ᠲᠢᠩᠭᠢᠮ ᠳᠤ ᠵᠢᠭᠡᠯᠡᠯᠭᠡ ᠶᠢᠨ ᠶᠠᠪᠥᠳᠠᠯ ᠢᠶᠠᠷ ᠢᠷᠡᠭᠰᠡᠨ ᠲᠠᠷᠢᠶᠠᠴᠢᠳ ᠪᠠᠭᠰᠢᠷᠠᠯᠴᠠᠪᠠ᠃         ᠨᠢᠳᠥᠨᠥᠨ ᠠᠴᠠ ᠨᠠᠰᠢ᠂ ᠵᠢᠥ ᠶᠤᠸᠠᠨ ᠲᠤᠭᠤᠷᠢᠭ ᠤᠨ ᠬᠤᠷᠢᠨᠭᠡᠷ ᠪᠠᠯᠭᠠᠰᠥ ᠠᠵᠢᠯ ᠮᠡᠷᠭᠡᠵᠢᠯ ᠤᠨ ᠪᠣᠯᠪᠠᠰᠥᠷᠠᠯ ᠤᠨ ᠰᠤᠷᠭᠠᠭᠠᠯᠢ ᠲᠠᠢ ᠬᠠᠮᠳᠥᠷᠠᠨ᠂ ᠲᠠᠷᠢᠶᠠᠯᠠᠩ ᠤᠨ ᠰᠡᠯᠡᠭᠦᠨ  ᠴᠠᠭ ᠤᠯᠠᠷᠢᠯ ᠢ  ᠠᠰᠢᠭᠯᠠᠵᠤ᠂ ᠲᠠᠷᠢᠶᠠᠴᠢᠳ ᠲᠤ ᠠᠵᠢᠯ ᠮᠡᠷᠭᠡᠵᠢᠯ ᠤᠨ ᠪᠣᠯᠪᠠᠰᠥᠷᠠᠯ  ᠬᠢᠪᠡ᠃ ᠲᠤᠰ ᠪᠣᠯᠪᠠᠰᠤᠷᠠᠯ ᠳᠤ ᠯᠠᠨ ᠭᠦᠢ ᠲᠤᠰᠬᠤᠨ᠂ ᠴᠣᠷᠢ ᠪᠤᠳᠠ ᠲᠤᠰᠬᠤᠨ  ᠪᠤᠯᠤᠨ ᠱᠠᠨ ᠶᠠᠩ ᠼᠦᠨ ᠲᠤᠰᠬᠤᠨ ᠤ ᠲᠠᠷᠢᠶᠠᠴᠢᠳ ᠣᠷᠣᠯᠴᠠᠵᠥ᠂ ᠰᠢᠮ᠎ᠡ ᠲᠡᠵᠢᠭᠡᠯ ᠎ ᠤᠨ ᠰᠤᠪᠢᠯᠠᠯᠳᠠ᠂ ᠺᠤᠮᠫᠢᠥᠲ᠋ᠧᠷ ᠎ ᠢ ᠡᠵᠡᠮᠳᠡᠬᠦ ᠮᠡᠷᠭᠡᠵᠢᠯ ᠵᠡᠷᠭᠡ ᠶᠢ  ᠵᠢᠭᠠᠨ ᠰᠤᠷᠭᠠᠭᠰᠠᠨ ᠪᠦᠭᠡᠳ ᠲᠠᠷᠢᠶᠠᠴᠢᠳ ᠤᠨ ᠰᠤᠯᠠ ᠰᠡᠯᠡᠭᠦᠤ ᠴᠠᠭ ᠢ ᠵᠣᠬᠢᠮᠵᠢᠳᠡᠢ ᠠᠰᠢᠭᠯᠠᠨ ᠡᠷᠳᠡᠮ ᠮᠡᠷᠭᠡᠵᠢᠯ ᠢ ᠨᠢ ᠲᠡᠭᠡᠭᠰᠢᠯᠡᠭᠦᠯᠵᠥ ᠴᠢᠳᠠᠭᠰᠠᠨ ᠪᠠᠶᠢᠨ᠎ᠠ᠃ ᠡᠭᠦᠨ ᠤ ᠰᠠᠭᠤᠷᠢᠨ ᠲᠡᠭᠡᠷ᠎ᠡ᠂ ᠲᠠᠷᠢᠶᠠᠴᠢᠳ ᠦᠪᠡᠷ ᠤᠨ ᠢᠶᠠᠨ ᠲᠠᠪᠠᠭᠤᠯᠢᠭ ᠲᠠᠯ᠎ᠠ ᠪᠠᠨ ᠪᠠᠳᠠᠷᠠᠭᠤᠯᠤᠨ ᠲᠡᠵᠢᠭᠡᠪᠥᠷᠢ ᠶᠢᠨ ᠦᠢᠯᠡᠰ᠂ ᠵᠢᠭᠤᠯᠴᠢᠯᠠᠯ ᠰᠡᠯᠡᠭᠦᠴᠡᠯ ᠤᠨ ᠦᠢᠯᠡᠰ ᠢ  ᠢᠳᠡᠪᠭᠢᠳᠡᠢ ᠡᠵᠡᠩᠨᠡᠬᠦ ᠶᠢ ᠵᠣᠷᠢᠭᠵᠢᠭᠤᠯᠵᠠᠢ᠃ ᠲᠠᠷᠢᠶᠠᠴᠢᠳ ᠤᠨ ᠵᠣᠭᠤᠰ ᠮᠦᠩᠬᠦ ᠪᠠᠷ ᠬᠤᠮᠰᠠᠳᠠᠵᠥ ᠪᠠᠶᠢᠭ᠎ᠠ ᠪᠠᠶᠢᠳᠠᠯ ᠳᠤ ᠴᠢᠭᠯᠡᠭᠦᠯᠦᠨ᠂ ᠪᠠᠯᠭᠠᠰᠥᠨ ᠠᠴᠠ  ᠪᠡᠶ᠎ᠡ ᠪᠠᠨ ᠲᠠᠭᠠᠭᠠᠵᠥ ᠠᠳᠠᠯ ᠪᠣᠰᠬᠠᠭᠰᠠᠨ ᠲᠠᠷᠢᠶᠠᠴᠢᠳ ᠲᠤ ᠬᠤᠶᠠᠷ  ᠵᠢᠯ ᠤᠨ ᠬᠤᠭᠤᠴᠠᠭ᠎ᠠ ᠎ ᠲᠠᠢ ᠬᠦᠦ ᠮᠦᠩᠬᠦ  ᠠᠪᠬᠤ ᠦᠭᠡᠢ ᠪᠠᠷ10-30 ᠲᠦᠮᠠ ᠶᠢᠨ ᠵᠢᠭᠡᠯᠡᠯᠭᠡ ᠲᠠᠯᠪᠢᠵᠥ ᠦᠭᠴᠡᠢ  ᠃ 2017 ᠣᠨ ᠎ ᠳᠤ  ᠲᠤᠰ ᠪᠠᠯᠭᠠᠰᠥ ᠨᠡᠶᠢᠳᠠ 380 ᠲᠦᠮᠠ ᠶᠢᠨ ᠵᠢᠭᠡᠯᠡᠯᠭᠡ ᠲᠠᠯᠪᠢᠪᠠ᠃         ᠵᠢᠥ ᠶᠤᠸᠠᠨ ᠲᠤᠭᠤᠷᠢᠭ ᠤᠨ ᠬᠤᠷᠢᠨᠭᠡᠷ ᠪᠠᠯᠭᠠᠰᠥ ᠶᠢᠨ ᠭᠦᠳᠡᠯᠮᠥᠷᠢ ᠪᠠ ᠨᠡᠶᠢᠭᠡᠮ ᠤᠨ ᠪᠠᠳᠥᠯᠠᠭ᠎ᠠ ᠎ ᠶᠢᠨ ᠬᠡᠷᠡᠭ ᠡᠷᠭᠢᠯᠡᠭᠦ ᠭᠠᠵᠠᠷ ᠤᠨ ᠬᠠᠷᠢᠭᠤᠴᠠᠯᠭᠠᠳᠠᠨ ᠶᠠᠩ ᠬᠠᠢ ᠯᠢᠨ ᠰᠣᠷᠪᠤᠯᠵᠢᠯᠠᠯ ᠢ ᠭᠦᠯᠢᠶᠡᠨ ᠠᠪᠬᠤ ᠳᠠᠭᠠᠨ ᠭᠡᠯᠡᠭᠰᠡᠨ ᠨᠢ᠂ ᠬᠤᠵᠢᠮ ᠪᠠᠯᠭᠠᠰᠥᠨ ᠠᠴᠠ ᠲᠠᠷᠢᠶᠠᠴᠢᠳ ᠲᠤ ᠦᠢᠯᠡᠴᠢᠯᠡᠬᠦ ᠬᠦᠴᠦᠯᠡᠴᠡ ᠪᠠᠨ ᠦᠷᠭᠦᠯᠵᠢᠯᠡᠨ  ᠨᠡᠮᠡᠭᠳᠡᠭᠦᠯᠵᠥ᠂ ᠲᠠᠷᠢᠶᠠᠴᠢᠳ ᠢ ᠲᠡᠳᠭᠦᠨ ᠲᠤᠰᠠᠯᠠᠵᠥ᠂ ᠲᠠᠷᠢᠶᠠᠯᠠᠩ ᠤᠨ ᠰᠤᠯᠠ ᠰᠡᠯᠡᠭᠦᠤ ᠦᠶ᠎ᠡ ᠳᠤ ᠲᠣᠭᠢᠷᠠᠭᠰᠠᠨ ᠠᠳᠠᠯ ᠦᠢᠯᠡᠰ ᠡᠷᠭᠢᠯᠠᠨ ᠡᠵᠡᠩᠨᠡᠬᠦ ᠶᠢ ᠵᠤᠷᠢᠭᠵᠢᠭᠤᠯᠬᠤ ᠶᠤᠮᠰᠠᠨ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号