ᠲᠠᠷᠢᠶᠠᠯᠠᠩ  ᠢ ᠨᠡᠩ ᠡᠭᠦᠳᠦᠯᠳᠡ ᠶᠢ ᠴᠢᠨᠠᠷᠳᠠᠢ ᠪᠤᠯᠭᠠᠵᠤ  ᠬᠦᠳᠡᠭᠡ ᠲᠤᠰᠬᠤᠨ  ᠢ  ᠨᠡᠩ ᠦᠵᠡᠮᠦᠷᠢᠳᠠᠢ ᠪᠤᠯᠭᠠᠨ᠎ᠠ
ᠨᠡᠶᠢᠲᠡᠯᠡᠭᠰᠡᠨ ᠴᠠᠭ᠄
2018/4/11
       ᠤᠶᠢᠷ᠎ᠠ  ᠎ ᠶᠢᠨ ᠬᠡᠳᠦᠨ ᠡᠳᠦᠷ᠂  ᠵᠢᠤ ᠶᠤᠸᠠᠨ ᠲᠤᠭᠤᠷᠢᠭ ᠤᠨ ᠬᠤᠷᠢᠨᠭᠡᠷ  ᠪᠠᠯᠭᠠᠰᠤᠨ  ᠳᠤ  ᠪᠠᠶᠢᠷᠢᠯᠠᠭ᠎ᠠ   ᠪᠤᠭᠤᠳᠤ ᠬᠤᠳᠠ ᠶᠢᠨ ᠱᠦᠨ ᠰᠠᠩ ᠲᠠᠷᠢᠵᠤ ᠲᠡᠵᠢᠭᠡᠬᠦ  ᠲᠠᠷᠢᠶᠠᠴᠢᠳ  ᠤᠨ  ᠲᠤᠰᠬᠠᠢ ᠬᠤᠷᠰᠢᠶ᠎ᠠ  ᠎ ᠶᠢᠨ  15000  ᠬᠠᠪᠳᠠᠭᠠᠢ ᠲᠦᠷᠪᠡᠯᠵᠢᠨ  ᠮᠧᠲᠷ  ᠎ ᠤᠨ  ᠨᠠᠷᠠᠨ  ᠬᠡᠷᠡᠯᠳᠤ  ᠤᠶᠤᠨᠴᠢ  ᠬᠦᠯᠡᠮᠵᠢ  ᠳᠤ᠂ 8  ᠮᠤ᠋   ᠤᠳᠤᠮᠪᠠᠷᠠ ᠵᠢᠮᠢᠰ  ᠵᠢᠮᠢᠰᠯᠡᠨ  ᠪᠤᠯᠪᠠᠰᠤᠷᠠᠵᠤ᠂  ᠤᠷᠭᠤᠯᠳᠠ ᠨᠢ  ᠬᠦᠮᠦᠰ ᠢ ᠪᠠᠶᠠᠰᠬᠠᠮ᠎ᠠ ᠪᠠᠶᠢᠯ᠎ᠠ᠃  ᠡᠨᠡ  ᠎ ᠨᠢ ᠮᠦᠨ ᠴᠤ  ᠲᠤᠰ ᠲᠤᠰᠬᠠᠢ ᠬᠤᠷᠰᠢᠶ᠎ᠠ  ᠡᠨᠡ ᠵᠢᠯ ᠠᠩᠬ᠎ᠠ ᠤᠳᠠᠭ᠎ᠠ  ᠲᠤᠰ ᠡᠭᠦᠯᠳᠡᠷ  ᠢ  ᠲᠠᠷᠢᠵᠤ  ᠪᠠᠶᠢᠭ᠎ᠠ  ᠶᠠᠪᠤᠳᠠᠯ ᠪᠤᠯᠤᠨ᠎ᠠ᠃ ᠱᠦᠨ ᠰᠠᠩ  ᠲᠠᠷᠢᠵᠤ ᠲᠡᠵᠢᠭᠡᠬᠦ  ᠲᠠᠷᠢᠶᠠᠴᠢᠳ  ᠤᠨ  ᠲᠤᠰᠬᠠᠢ ᠬᠤᠷᠰᠢᠶ᠎ᠠ ᠶᠢᠨ ᠶᠡᠷᠦᠩᠬᠡᠢ ᠲᠠᠭᠠᠭᠠᠮᠠᠯ  ᠵᠠᠩ ᠱᠦᠢ  ᠫᠢᠩ  ᠬᠡᠯᠡᠬᠦ  ᠳᠡᠭᠡᠨ᠄ ︽ ᠡᠳᠡᠭᠡᠷ  ᠤᠳᠤᠮᠪᠠᠷᠠ  ᠵᠢᠮᠢᠰ  ᠢ  ᠵᠠᠬ᠎ᠠ  ᠲᠡᠯᠭᠡᠭᠦᠷ  ᠎ ᠲᠤ  ᠭᠠᠷᠭᠠᠬᠤ ᠬᠡᠷᠡᠭ ᠦᠭᠡᠢ᠂  ᠭᠠᠭᠴᠠ ᠲᠡᠭᠦᠵᠤ ᠠᠪᠤᠭᠠᠳ ᠬᠤᠳᠤᠯᠳᠤᠭᠠᠳ ᠭᠦᠢᠴᠡᠬᠦ ᠦᠭᠡᠢ  ᠪᠠᠶᠢᠨ᠎ᠠ︾  ᠭᠡᠨ᠎ᠡ  ᠃            ᠪᠤᠰᠤᠳ ᠲᠤ ᠦᠭᠡᠢ ᠨᠢ ᠨᠠᠳᠠ ᠳᠤ  ᠪᠠᠶᠢᠨ᠎ᠠ᠂  ᠪᠤᠰᠤᠳ  ᠲᠤ  ᠪᠠᠶᠢᠪᠠᠯ  ᠮᠠᠨ  ᠤ  ᠎ ᠬᠢᠨ ᠰᠢᠨ᠎ᠡ  ᠤᠨᠴᠠᠯᠢᠭ ᠲᠠᠢ ᠭᠡᠰᠡᠨ  ᠤᠶᠢᠯᠠᠭᠠᠬᠳᠠᠬᠤᠨ  ᠎ ᠢᠶᠠᠷ᠂ ᠱᠦᠨ ᠰᠠᠩ  ᠲᠠᠷᠢᠵᠤ ᠲᠡᠵᠢᠭᠡᠬᠦ  ᠲᠠᠷᠢᠶᠠᠴᠢᠳ ᠤᠨ ᠲᠤᠰᠬᠠᠢ ᠬᠤᠷᠰᠢᠶ᠎ᠠ ᠨᠢ  ᠲᠤᠮᠤ ᠶᠡᠭᠡ  ᠬᠡᠯᠪᠡᠷᠢ  ᠎ ᠶᠢᠨ ᠨᠠᠷᠠᠨ  ᠬᠡᠷᠡᠯᠳᠤ  ᠤᠶᠤᠨᠴᠢ  ᠬᠦᠯᠡᠮᠵᠢ  ᠳᠤ  ᠡᠨᠡ ᠵᠢᠯ  ᠦᠵᠦᠮ᠂ ᠤᠳᠤᠮᠪᠠᠷᠠ᠂ ᠲᠤᠰᠤᠯᠢᠭ ᠲᠤᠭᠤᠷ᠂ ᠠᠨᠠᠷ᠂ ᠠᠯᠢᠮᠯᠢᠭ ᠴᠢᠪᠠᠭ᠎ᠠ  ᠵᠡᠷᠭᠡ  ᠰᠢᠨ᠎ᠡ ᠡᠭᠦᠯᠳᠡᠷ ᠢ ᠲᠠᠷᠢᠵᠤ ᠂  ᠲᠦᠷᠪᠡᠨ ᠤᠯᠠᠷᠢᠯ ᠢᠶᠠᠷ ᠵᠢᠮᠢᠰ ᠭᠠᠷᠭᠠᠬᠤ ᠶᠢ ᠬᠦᠭᠵᠢᠭᠦᠯᠬᠦ ᠲᠡᠭᠡᠷ᠎ᠡ ᠬᠦᠴᠦᠯᠡᠵᠤ  ᠪᠠᠶᠢᠨ᠎ᠠ᠃  ᠤᠨᠴᠠᠯᠢᠬᠳᠤ  ᠲᠠᠷᠢᠵᠤ ᠲᠡᠵᠢᠭᠡᠬᠦ  ᠪᠦᠳᠦᠴᠡ ᠳᠤ ᠲᠦᠰᠢᠭᠯᠡᠭᠰᠡᠨ  ᠎ ᠢᠶᠠᠷ ᠲᠤᠰᠬᠠᠢ ᠬᠤᠷᠰᠢᠶ᠎ᠠ  ᠎ ᠶᠢᠨ ᠡᠮᠦᠨ᠎ᠡ  ᠭᠤᠷᠪᠠᠨ ᠤᠯᠠᠷᠢᠯ ᠎ ᠤᠨ ᠡᠵᠡᠩᠨᠡᠯᠳᠡ ᠶᠢᠨ ᠤᠷᠤᠯᠭ᠎ᠠ 20 ᠲᠦᠮᠡᠨ ᠲᠦᠭᠦᠷᠢᠭ  ᠲᠤ  ᠬᠦᠷᠦᠭᠰᠡᠨ ᠪᠠᠶᠢᠨ᠎ᠠ᠃            ᠤᠶᠢᠷ᠎ᠠ ᠶᠢᠨ ᠵᠢᠯ ᠤᠨ ᠲᠤᠷᠰᠢ᠂  ᠵᠢᠤ ᠶᠤᠸᠠᠨ ᠲᠤᠭᠤᠷᠢᠭ  ᠎ ᠨᠢ  ᠮᠠᠯ ᠠᠵᠤ ᠠᠬᠤᠢ ᠲᠠᠷᠢᠶᠠᠯᠠᠩ  ᠤᠨ ᠬᠠᠩᠭᠠᠯᠭ᠎ᠠ  ᠎ ᠶᠢᠨ ᠲᠠᠯ᠎ᠠ  ᠎ ᠶᠢᠨ ᠪᠦᠳᠦᠴᠡ ᠶᠢᠨ  ᠴᠢᠨᠠᠷᠳᠠᠢ ᠦᠭᠡᠷᠡᠴᠢᠯᠡᠯᠳᠡ ᠶᠢ ᠭᠦᠨᠵᠡᠭᠡᠢ ᠠᠬᠢᠭᠤᠯᠵᠤ᠂  ᠮᠠᠯ  ᠠᠵᠤ ᠠᠬᠤᠢ ᠲᠠᠷᠢᠶᠠᠯᠠᠩ  ᠢ  ᠤᠬᠢ ᠰᠢᠯᠢᠳᠡᠭ  ᠤᠨᠴᠠᠭᠠᠢ ᠪᠤᠯᠭᠠᠨ ᠡᠵᠡᠩᠨᠡᠵᠤ ᠪᠠᠶᠢᠨ᠎ᠠ᠃  ᠤᠯᠠᠮᠵᠢᠯᠠᠯᠳᠤ  ᠲᠠᠷᠢᠵᠤ ᠲᠡᠵᠢᠭᠡᠬᠦ ᠦᠢᠯᠡᠰ  ᠤᠨ  ᠰᠠᠭᠤᠷᠢᠨ ᠲᠡᠭᠡᠷ᠎ᠡ᠂ ᠲᠤᠰᠬᠠᠢ ᠬᠤᠷᠰᠢᠶ᠎ᠠ  ᠪᠠ ᠲᠠᠷᠢᠶᠠᠴᠢᠳ ᠢ  ᠵᠤᠷᠢᠬᠵᠢᠭᠤᠯᠤᠨ ᠵᠢᠯᠤᠭᠤᠳᠴᠤ  ᠲᠠᠷᠢᠶᠠᠯᠠᠩ ᠤᠨ  ᠬᠦᠭᠵᠢᠯᠳᠡ  ᠎ ᠶᠢᠨ ᠰᠢᠨ᠎ᠡ ᠬᠡᠪ ᠵᠠᠬᠪᠤᠷ  ᠢ  ᠬᠠᠶᠢᠨ  ᠰᠦᠪᠡᠭᠴᠢᠯᠡᠬᠦ  ᠎ ᠶᠢ ᠲᠠᠰᠤᠷᠠᠯᠳᠠ ᠦᠭᠡᠢ ᠲᠤᠷᠰᠢᠵᠤ ᠪᠠᠶᠢᠨ᠎ᠠ᠃  ᠲᠤᠰ ᠲᠤᠭᠤᠷᠢᠭ  ᠎ ᠨᠢ ᠲᠤᠬᠠᠢ ᠶᠢᠨ ᠭᠠᠵᠠᠷ ᠤᠨ  ᠪᠤᠳᠠᠳᠠᠢ  ᠪᠠᠶᠢᠳᠠᠯ  ᠳᠠᠭᠠᠨ  ᠲᠤᠬᠢᠷᠠᠬᠤ  ᠰᠡᠯᠡᠭᠦᠴᠡᠯ ᠦᠵᠡᠮᠵᠢ ᠰᠤᠨᠢᠷᠬᠠᠬᠤ᠂  ᠪᠡᠶᠡᠴᠢᠯᠡᠨ ᠤᠶᠢᠯᠠᠭᠠᠬᠤ᠂ ᠡᠭᠦᠳᠦᠯᠳᠡ  ᠎ ᠶᠢᠨ ᠴᠢᠨᠠᠷᠳᠠᠢ  ᠮᠠᠯ ᠠᠵᠤ ᠠᠬᠤᠢ ᠲᠠᠷᠢᠶᠠᠯᠠᠩ ᠶᠢ ᠬᠦᠭᠵᠢᠭᠦᠯᠵᠤ  ᠪᠠᠶᠢᠨ᠎ᠠ᠃ ᠢᠩᠬᠢᠵᠤ  ᠲᠠᠰᠤᠷᠠᠯᠳᠠ ᠦᠭᠡᠢ ᠬᠠᠶᠢᠨ ᠰᠦᠪᠡᠭᠴᠢᠯᠡᠭᠰᠡᠨ  ᠎ ᠢᠶᠠᠷ᠂ ᠤᠰᠤᠨ ᠲᠤᠳᠤᠷᠭ᠎ᠠ᠂  ᠭᠠᠳᠢᠷ᠎ᠠ ᠵᠢᠮᠢᠰ  ᠵᠡᠷᠭᠡ  ᠦᠩᠭᠡᠷᠡᠭᠰᠡᠨ  ᠳᠤ  ᠵᠦᠪᠬᠡᠨ  ᠡᠮᠦᠨᠡᠳᠤ ᠤᠷᠤᠨ ᠳᠤ ᠤᠷᠭᠤᠳᠠᠭ ᠲᠠᠷᠢᠮᠠᠯ ᠢ ᠤᠳᠤᠬᠠᠨ ᠳᠤ ᠵᠢᠤ ᠶᠤᠸᠠᠨ  ᠲᠤᠭᠤᠷᠢᠭ  ᠲᠤ  ᠲᠠᠷᠢᠵᠤ ᠡᠬᠢᠯᠡᠭᠰᠡᠨ ᠪᠦᠭᠡᠳ ᠨᠠᠶᠢᠮᠠᠯᠵᠢ᠂ ᠰᠠᠮ ᠬᠤᠷᠤᠬᠠᠢ᠂ ᠮᠠᠳᠠᠷ᠂ ᠨᠡᠷᠡᠳᠤ ᠦᠨᠡᠳᠤ  ᠢᠳᠡᠭᠡᠨ ᠳᠤ  ᠬᠡᠷᠡᠭᠯᠡᠳᠡᠭ ᠬᠢᠯᠢᠮ᠎ᠠ  ᠵᠢᠭᠠᠰᠤ  ᠵᠡᠷᠭᠡ ᠶᠢ ᠲᠠᠷᠢᠶᠠᠴᠢᠳ  ᠲᠠᠳᠠᠭᠠᠯ  ᠎ ᠳᠠᠭᠠᠨ ᠲᠡᠵᠢᠭᠡᠵᠤ  ᠡᠬᠢᠯᠡᠭᠰᠡᠨ  ᠪᠠᠶᠢᠨ᠎ᠠ᠃  ᠡᠳᠡᠭᠡᠷ ᠤᠨᠴᠠᠯᠢᠬᠳᠤ ᠲᠠᠷᠢᠶᠠᠯᠠᠩ ᠨᠢ  ᠲᠠᠷᠢᠶᠠᠴᠢᠳ ᠤᠨ ᠤᠷᠤᠯᠭ᠎ᠠ ᠶᠢ  ᠨᠡᠮᠡᠭᠳᠡᠭᠦᠯᠬᠦ ᠎ ᠳᠤ  ᠰᠢᠨ᠎ᠡ ᠵᠠᠮ ᠢ ᠨᠡᠭᠡᠭᠡᠭᠰᠡᠨ ᠢᠶᠠᠷ ᠪᠠᠷᠠᠬᠤ ᠦᠭᠡᠢ᠂  ᠵᠢᠤ ᠶᠤᠸᠠᠨ ᠲᠤᠭᠤᠷᠢᠭ ᠤᠨ ᠵᠤᠭᠠᠴᠠᠯ ᠳᠤ  ᠰᠢᠨ᠎ᠡ ᠬᠢᠯᠠᠰ ᠴᠡᠭ  ᠨᠡᠮᠡᠷᠢᠯᠡᠭᠰᠡᠨ ᠪᠠᠶᠢᠨ᠎ᠠ᠃  
 
ᠢᠷᠡᠯᠲᠡ᠄ ᠪᠤᠭᠤᠲᠤ ᠬᠤᠲᠠ ᠶᠢᠨ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18001850号